ᠱᠢᠪᠠᠷ ᠦᠬᠡᠷ ᠮᠢᠨᠢ ᠱᠢᠵᠢᠷ ᠠᠯᠲᠠᠨ ᠦᠬᠡᠷ ᠪᠣᠯᠪᠠ
2026-06-10 10:55:05
ᠵᠣᠬᠢᠶᠠᠭ᠍ᠴᠢ᠄
ᠯᠢᠭ᠌ᠳᠡᠨ
ᠣᠩᠱᠢᠭ᠍ᠰᠠᠨ ᠣᠳᠠᠭ᠎ᠠ᠄
★★★☆☆


QQ20260610-105342.png

 

ᠱᠢᠪᠠᠷ ᠦᠬᠡᠷ ᠮᠢᠨᠢ ᠱᠢᠵᠢᠷ ᠠᠯᠲᠠᠨ ᠦᠬᠡᠷ ᠪᠣᠯᠪᠠ

— 《ᠲᠠᠯ᠎ᠠ᠎ᠶ᠋ᠢᠨ ᠲᠤᠶᠠᠭ᠎ᠠ》 ᠪᠣᠯ ᠲᠠ ᠪᠢᠳᠡᠨ᠎ᠤ ᠣᠶᠤᠨ ᠨᠡᠭᠡᠭᠡᠯᠲᠡ᠎ᠶ᠋ᠢᠨ ᠴᠣᠩᠬᠤ ᠶᠤᠮ


ᠠᠯᠢ ᠨᠢᠭᠡ ᠬᠦᠮᠦᠨ ᠨᠠᠳᠠᠳᠦ ᠬᠡᠯᠡᠵᠦ᠍ ᠪᠢᠯᠡ ᠳ᠋ᠧ᠄ 《ᠲᠠᠯ᠎ᠠ᠎ᠶ᠋ᠢᠨ ᠲᠤᠶᠠᠭ᠎ᠠ》ᠭᠡᠳᠡᠭ ᠰᠠᠨᠠᠭ᠎ᠠ᠎ᠪᠠᠷ᠎ᠢᠶᠠᠨ ᠨᠠᠭᠠᠳᠳᠠᠭ ᠰᠠᠢᠬᠠᠨ ᠣᠷᠳᠣᠨ ᠪᠠᠢᠳᠠᠭ ᠭᠡᠵᠦ᠍!ᠲᠡᠭᠡᠬᠦ᠌᠎ᠳᠤ ᠪᠢ ᠵᠠᠷᠢᠮ᠎ᠳᠠᠭᠠᠨ ᠲᠣᠲᠣᠷ᠎ᠠ᠎ᠪᠠᠨ 《ᠰᠣᠬᠤᠷ ᠦᠬᠡᠷ ᠲᠦ᠍ ᠬᠤᠳᠳᠤᠭ ᠪᠦᠦ ᠲᠠᠨᠢᠭᠤᠯ ᠭᠡᠳᠡᠭ᠎ᠨᠢ ᠲᠤᠰᠭᠠᠢᠯᠠᠨ ᠨᠠᠳᠠᠳᠦ ᠵᠣᠷᠢᠭᠤᠯᠤᠭ᠍ᠰᠠᠨ ᠦᠭᠡ ᠪᠢᠰᠢ ᠪᠢᠵᠡ ᠳ᠋ᠡ》 ᠭᠡᠵᠦ᠍ ᠪᠣᠳᠤᠭᠠᠳ ᠢᠨᠢᠶᠡᠳᠦ ᠬᠦᠷᠳᠡᠭ᠃ ᠭᠠᠯ ᠤᠷᠮ᠎ᠠ ᠂ ᠬᠠᠲᠠᠭᠤ ᠴᠢᠷᠮᠠᠢᠯᠭ᠎ᠠ ᠬᠡᠷᠪᠡ ᠵᠥᠪ ᠵᠦᠭ᠎ᠲᠤ ᠬᠥᠲᠦᠯᠦᠭ᠌ᠳᠡᠭᠡᠳ ᠬᠥᠳᠡᠯᠦᠯ᠎ᠡ ᠯᠡ ᠭᠡᠪᠡᠯ ᠬᠦᠷᠬᠦ᠌ ᠭᠠᠵᠠᠷ ᠲᠠᠭᠠᠨ ᠬᠦᠷᠳᠡᠭ ᠶᠤᠮ ᠪᠠᠢᠨ᠎ᠠ᠃

ᠶᠠᠭᠤ᠎ᠶ᠋ᠢ᠎ᠨᠢ ᠨᠢᠭᠤᠬᠤ ᠪᠣᠢ!ᠪᠢ ᠳᠤᠮᠳᠠᠳᠦ ᠰᠤᠷᠭᠠᠭᠤᠯᠢ᠎ᠶ᠋ᠢᠨ ᠦᠶ᠎ᠡ᠎ᠳᠡᠭᠡᠨ 《ᠱᠢᠪᠠᠷ ᠦᠬᠡᠷᠴᠢᠨ》 ᠴᠣᠯᠠ᠎ᠲᠠᠢ ᠶᠤᠮ ᠱᠢᠦ ᠃ ᠦᠬᠡᠷᠴᠢᠨ᠎ᠨᠢ ᠴᠤ᠌ ᠶᠠᠭᠠᠬᠢᠬᠤᠪ᠂ ᠰᠠᠢᠬᠠᠨ ᠯᠠ ᠰᠠᠨᠠᠭ᠍ᠳᠠᠳᠠᠭ ᠂ ᠵᠥᠪᠬᠡᠨ ᠱᠢᠪᠠᠷ ᠭᠡᠰᠡᠨ᠎ᠳᠤᠨᠢ ᠪᠢ ᠵᠢᠭᠠᠬᠠᠨ ᠭᠤᠩᠰᠣᠭᠤᠷ᠃ ᠮᠢᠨᠤ ᠮᠠᠭᠤᠰᠠᠢᠨ 《ᠡᠭ᠌ᠳᠡᠭᠦᠲᠠᠢ》 ᠮᠥᠷᠲᠡᠭᠡᠨ 《ᠬᠠᠢᠷᠠᠲᠠᠢ》ᠠᠮᠠ ᠮᠠᠭᠤᠲᠦ᠍᠎ᠶ᠋ᠢᠨ ᠨᠠᠭᠠᠳᠤᠮ ᠦᠨᠡᠬᠡᠷ ᠨᠠᠮᠠᠶ᠋ᠢ ᠠᠷᠭ᠎ᠠ ᠠᠯᠳᠠᠭᠤᠯᠤᠨ᠎ᠠ᠃ ᠬᠠᠷᠢᠨ ᠵᠠᠷᠢᠮ᠎ᠨᠢ 《ᠪᠦᠮᠪᠦᠭᠡ ᠢᠰᠭᠦᠯᠦᠶ᠎ᠡ》ᠭᠡᠳ ᠴᠢᠬᠢᠲᠡᠭᠡᠳ ᠴᠢᠷᠦᠭᠡᠳ ᠪᠠᠢᠳᠠᠭ᠃ ᠪᠢ ᠬᠥᠳᠡᠯᠳᠡᠭ ᠦᠭᠡᠢ᠃ ᠪᠠᠰᠠ ᠯᠡ ᠥᠨᠥᠬᠢ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ 《ᠲᠠᠯ᠎ᠠ᠎ᠶ᠋ᠢᠨ ᠲᠤᠶᠠᠭ᠎ᠠ》 ᠎ᠳ᠋ᠠᠭᠠᠨ 《ᠶᠠᠭᠤᠮ᠎ᠠ》ᠪᠢᠴᠢᠳᠡᠭ ᠬᠡᠪ᠎ᠢᠶᠠᠷ᠎ᠢᠶᠠᠨ᠂ ᠪᠢᠴᠢᠮᠡᠭ᠌ᠴᠡ᠎ᠪᠠᠨ ᠨᠢᠰᠭᠡᠵᠦ᠍ ᠯᠡ ᠪᠠᠢᠪᠠ᠃ ᠲᠡᠷᠡ᠎ᠨᠢ ᠴᠣᠬᠤᠮ ᠶᠠᠪᠤᠳᠠᠭ ᠵᠠᠮ᠎ᠢᠶᠠᠷ᠎ᠢᠶᠠᠨ ᠶᠠᠪᠤᠭ᠍ᠰᠠᠨ ᠦᠦ᠂ ᠲᠥᠭᠡᠷᠢᠭ᠌ᠰᠡᠨ ᠦᠦ ᠭᠡᠳᠡᠭ᠎ᠢ ᠮᠡᠳᠡᠬᠦ᠌ ᠦᠭᠡᠢ᠃ ᠱᠢᠤᠳᠠᠨ᠎ᠤ ᠪᠦᠭᠡᠷᠡᠩᠬᠡᠢ ᠨᠣᠭᠤᠭᠠᠨ ᠰᠠᠭᠤᠯᠠᠭᠠᠨ᠎ᠤ ᠤᠲᠠᠰᠤᠨ ᠬᠠᠭᠠᠷᠬᠠᠢ ᠠᠮᠠ᠎ᠪᠠᠷ ᠥᠨᠥᠬᠢ 《ᠡᠷᠬᠢᠮ ᠭᠤᠷᠢᠳᠠᠯ》 ᠶ᠋ᠢᠡᠨ ᠬᠢᠴᠢᠶᠡᠩᠭᠦᠢ ᠬᠢᠬᠦ᠌᠎ᠳᠤ 《ᠬᠤᠳᠳᠤᠭ》 ᠲᠦ᠍ ᠤᠨᠠᠭ᠍ᠰᠠᠨ ᠱᠢᠭ᠋ ᠳᠠᠭᠤ᠎ᠨᠢ 《ᠪᠠᠶᠠᠷᠲᠠᠢ》 ᠭᠡᠬᠦ᠌ ᠱᠢᠭ ᠰᠣᠨᠣᠰᠳᠠᠭᠠᠳ ᠳᠠᠬᠢᠭᠠᠳ ᠥᠨᠥᠬᠢ᠎ᠶ᠋ᠢᠨ ᠮᠠᠨᠢ ᠪᠠᠷ᠎ᠠ᠎ᠨᠢ ᠴᠤ᠌ ᠬᠠᠷᠠᠭ᠍ᠳᠠᠬᠤ ᠦᠬᠡᠢ ᠴᠢᠮᠡᠭᠡ᠎ᠨᠢ ᠴᠤ᠌ ᠰᠣᠨᠣᠰᠳᠠᠬᠤ ᠦᠭᠡᠢ ᠮᠡᠯᠡᠢᠴᠢᠬᠡᠳᠡᠭ ᠪᠠᠢᠯ᠎ᠠ᠃ ᠳᠠᠯᠠᠢ᠎ᠳᠤ ᠣᠷᠣᠭ᠍ᠰᠠᠨ 《ᠱᠢᠪᠠᠷ ᠦᠬᠡᠷ》ᠲᠡᠢᠮᠦ᠍ ᠪᠠᠢᠳᠠᠭ ᠭᠡᠨ᠎ᠡ᠃ ᠡᠳᠦᠷ ᠪᠦᠭᠦᠳᠡ ᠰᠣᠨᠢᠨ ᠰᠡᠳᠭᠦᠯ ᠵᠠᠬᠢᠳᠠᠯ ᠲᠣᠰᠴᠤ᠌ ᠠᠪᠳᠠᠭ ᠡᠭᠦᠳᠡᠨ ᠭᠡᠷ᠎ᠢᠶᠠᠷ ᠤᠰᠤᠯᠠᠭ᠍ᠰᠠᠨ ᠮᠣᠳᠣᠨ᠎ᠤ᠎ᠪᠠᠨ ᠳᠣᠣᠷ᠎ᠠ ᠤᠨᠠᠭ᠍ᠰᠠᠨ ᠠᠯᠮᠤᠷᠠᠳ᠎ᠢᠶᠠᠨ ᠡᠷᠢᠬᠦ᠌ ᠱᠢᠭ ᠪᠢ ᠡᠳᠦᠷ᠎ᠤᠨ ᠬᠤᠶᠠᠷ ᠡᠷᠭᠢᠴᠡᠭᠡᠳ ᠥᠨᠥᠬᠢ᠎ᠪᠠᠨ ᠰᠤᠷᠠᠭ᠍ᠯᠠᠳᠠᠭ ᠪᠠᠢᠭ᠍ᠰᠠᠨ᠃ ᠵᠠᠬᠢᠳᠠᠯ ᠰᠣᠨᠢᠨ ᠳᠠᠮᠵᠢᠭᠤᠯᠬᠤ ᠭᠡᠷ᠎ᠤᠨ ᠡᠪᠦᠭᠡᠨ ᠰᠡᠭᠦᠯ᠎ᠳᠡᠭᠡᠨ ᠵᠢᠭᠠᠬᠠᠨ ᠲᠡᠭᠡᠷᠡᠱᠢᠶᠠᠭᠡᠳ ᠨᠠᠳᠠ᠎ᠶ᠋ᠢ ᠡᠭᠦᠳᠡ ᠬᠤᠢᠮᠤᠷ᠎ᠤᠨ ᠭᠠᠵᠠᠷ᠎ᠠᠴᠠ ᠲᠠᠨᠢᠴᠢᠬᠠᠭᠠᠳ ᠴᠣᠩᠬᠤᠨ᠎ᠤ ᠴᠠᠭᠠᠨ᠎ᠠ᠎ᠠᠴᠠ 《ᠴᠢᠮᠠᠳᠦ ᠥᠨᠥᠳᠦᠷ ᠵᠠᠬᠢᠳᠠᠯ ᠴᠢᠮᠡᠭᠡ ᠦᠭᠡᠢ》 ᠭᠡᠵᠦ᠍ ᠬᠠᠲᠠᠪᠴᠢᠨ᠎ᠤ ᠭᠠᠳᠠᠨ᠎ᠠ ᠬᠥᠨᠳᠠᠯᠡᠨ ᠮᠣᠳᠣ ᠪᠠᠭᠤᠯᠭᠠᠬᠤ ᠮᠡᠲᠦ ᠬᠠᠱᠢᠴᠢᠬᠠᠳᠠᠭ ᠃ ᠲᠡᠭᠡᠭᠡᠳ ᠯᠡ ᠪᠢ ᠨᠢᠭᠡ ᠦᠶ᠎ᠡ ᠮᠡᠷᠭᠡᠵᠢᠯ᠎ᠤᠨ ᠮᠤᠱᠢᠭᠠᠢ ᠴᠣᠯᠠ ᠠᠪᠤᠭᠠᠳ 《ᠱᠢᠪᠠᠷ ᠦᠬᠡᠷᠴᠢᠨ》 ᠭᠡᠭ᠌ᠳᠡᠭ᠌ᠰᠡᠨ᠎ᠨᠢ ᠲᠡᠷᠡ᠃ ᠲᠡᠷᠡ ᠦᠶ᠎ᠡ᠎ᠳᠤ ᠮᠢᠨᠤ 《ᠱᠢᠪᠠᠷ ᠦᠬᠡᠷ》ᠨᠢᠭᠡ ᠬᠡᠳᠦᠬᠡᠨ᠎ᠢᠶᠠᠷ ᠵᠣᠭ᠍ᠰᠤᠭ᠎ᠠ ᠦᠭᠡᠢ᠂ ᠥᠨᠳᠦᠷ ᠥᠰᠦᠯᠲᠡ᠎ᠲᠠᠢ ᠪᠠᠢᠭ᠍ᠰᠠᠨ ᠶᠤᠮ᠃ ᠭᠡᠪᠡᠴᠦ᠍ ᠪᠢ ᠭᠠᠢᠯᠢ᠎ᠠᠴᠠ ᠲᠤᠲᠠᠭᠠᠭ᠍ᠰᠠᠨ᠎ᠳᠠᠭᠠᠨ ᠪᠢᠰᠢ ᠂ ᠵᠥᠪᠬᠡᠨ ᠨᠡᠷᠡᠯᠬᠡᠵᠦ᠍ ᠬᠦᠮᠦᠨ᠎ᠤ ᠨᠠᠭᠠᠳᠤᠮ᠎ᠤᠨ ᠦᠭᠡ᠎ᠪᠠᠷ ᠪᠠᠶᠠᠷᠬᠠᠵᠦ᠍ ᠪᠣᠯᠬᠤ ᠦᠭᠡᠢ᠎ᠶ᠋ᠢ ᠮᠡᠳᠡᠭᠡᠳ 《ᠡᠨᠡ ᠰᠠᠷ᠎ᠠ ᠪᠢ ᠨᠢᠭᠡ ᠬᠤᠶᠠᠷᠬᠠᠨ》 ᠎ᠢ᠋ ᠯᠡ ᠶᠠᠪᠤᠭᠤᠯᠤᠭ᠍ᠰᠠᠨ ᠱᠢᠦ ᠭᠡᠳ 《 ᠪᠡᠶ᠎ᠡ᠎ᠪᠠᠨ ᠨᠢᠭᠤᠬᠤ ᠱᠢᠭ᠋ 》 ᠢᠨᠢᠶᠡᠴᠢᠬᠡᠳᠡᠭ ᠃ ᠦᠨᠡᠨ᠎ᠳᠡᠭᠡᠨ ᠪᠣᠯ ᠲᠠᠪᠤ ᠵᠢᠷᠭᠤᠭ᠎ᠠ᠎ᠶ᠋ᠢ ᠶᠠᠪᠤᠭᠤᠯᠴᠢᠬᠠᠬ᠍ᠰᠠᠨ ᠯᠡ ᠪᠠᠢᠳᠠᠭ ᠃ ᠲᠡᠷᠡ ᠦᠶ᠎ᠡ᠎ᠳᠤ ᠶᠣᠰᠤᠲᠠᠢ 《ᠭᠠᠯ》ᠤᠷᠮ᠎ᠠ ᠨᠢᠯᠬ᠎ᠠ ᠲᠤᠭᠤᠯ᠎ᠤᠨ ᠵᠢᠷᠦᠬᠡᠲᠠᠢ ᠪᠠᠢᠭ᠍ᠰᠠᠨ᠎ᠳᠠᠭᠠᠨ ᠯᠠ ᠲᠡᠷᠡ ᠬᠦ᠌ ᠴᠥᠬᠦᠷᠡᠮᠡᠷ ᠤᠷᠲᠦ ᠡᠪᠡᠰᠦᠨ ᠳᠡᠭᠡᠰᠦ ᠲᠠᠮᠤᠬᠤ ᠱᠢᠭ᠋ ᠪᠣᠯᠪᠠᠰᠤᠷᠠᠯ᠎ᠢ ᠪᠡᠲᠡᠷᠢᠵᠦ᠍ ᠲᠤᠭᠤᠯᠤᠭ᠍ᠰᠠᠨ ᠶᠤᠮ᠃ ᠭᠡᠬᠦ᠌᠎ᠳᠤ ᠣᠳᠥ ᠡᠷᠭᠢᠴᠡᠭᠦᠯᠵᠦ᠍ ᠬᠢᠨᠠᠪᠠᠯ ᠲᠡᠷᠡ ᠶᠡᠭᠡ 《ᠲᠡᠨᠡᠭ》 ᠬᠥᠳᠡᠯᠮᠦᠷᠢ᠎ᠪᠠᠨ ᠶᠠᠭ ᠦᠨ᠎ᠡ ᠴᠡᠨ᠎ᠡ ᠦᠭᠡᠢ ᠦᠷᠡᠴᠢᠬᠡᠭ᠌ᠰᠡᠨ ᠪᠢᠰᠢ ᠪᠠᠢᠵᠠᠢ᠃ ᠵᠣᠬᠢᠶᠠᠨ ᠪᠢᠴᠢᠬᠦ᠌᠎ᠶ᠋ᠢᠨ ᠭᠠᠷ ᠳᠠᠰᠭᠠᠯ᠎ᠢ ᠳᠠᠭᠠᠭᠠᠴᠠᠲᠠᠢ ᠪᠡᠶᠡᠯᠡᠭᠦᠯᠦᠭ᠌ᠰᠡᠨ᠎ᠢᠶᠠᠷ᠎ᠢᠶᠠᠨ᠂ ᠦᠴᠦᠬᠡᠨ ᠴᠤ᠌ ᠪᠣᠯᠪᠠ — ᠦᠭᠡ ᠥᠭᠦᠯᠡᠪᠤᠷᠢ᠎ᠪᠠᠨ ᠤᠷᠠᠨ ᠨᠠᠷᠢᠯᠢᠭ᠍ᠵᠢᠭᠤᠯᠵᠤ ᠂ ᠦᠯᠦ᠍ ᠮᠡᠳᠡᠭ᠌ᠳᠡᠮ᠎ᠡ ᠬᠤᠷᠤᠢᠯᠠᠳᠠᠭ 《 ᠣᠩᠭᠤᠳ 》 ᠎ᠢ᠋ ᠰᠣᠨᠣᠰᠳᠠᠮ᠎ᠡ ᠦᠭᠡᠢ 《 ᠱᠢᠪᠱᠢᠯᠭᠡ 》 ᠎ᠪᠠᠷ ᠳᠠᠭᠤᠳᠠᠭ᠍ᠰᠠᠨ ᠮᠡᠲᠦ ᠭᠡᠬᠦ᠌ ᠦᠦ᠃

1963 ᠣᠨ᠎ᠳᠤ ᠯᠸᠢ ᠹᠧᠩ ᠲᠣᠳᠣᠷᠠᠪᠠ᠂ ᠨᠨᠮᠠᠶ᠋ᠢ ᠭᠡᠷᠡᠯᠲᠦᠭᠦᠯᠪᠡ᠃ ᠮᠠᠨ᠎ᠤ ᠰᠤᠷᠭᠠᠭᠤᠯᠢ᠎ᠶ᠋ᠢᠨ ᠠᠩᠬ᠎ᠠ ᠳᠤᠮᠳᠠᠳᠦ᠍᠎ᠶ᠋ᠢᠨ ᠹᠠᠨ᠎ᠶ᠋ᠢᠨ ᠯᠢᠶᠠᠨ ᠭᠡᠳᠡᠭ ᠰᠤᠷᠤᠭ᠍ᠴᠢ ᠵᠠᠮ᠎ᠠᠴᠠ ᠬᠦᠮᠦᠨ᠎ᠤ ᠤᠨᠠᠭᠠᠵᠦ᠍ ᠭᠡᠭᠡᠭ᠌ᠰᠡᠨ ᠵᠣᠭᠤᠰ᠎ᠤᠨ ᠭᠠᠷ ᠴᠥᠩᠬᠦ᠌᠎ᠶ᠋ᠢ ᠣᠯᠣᠭᠠᠳ ᠰᠤᠷᠭᠠᠭᠤᠯᠢ᠎ᠶ᠋ᠢᠨ ᠠᠯᠪᠠᠨ ᠭᠡᠷ᠎ᠲᠤ ᠡᠷᠡᠭᠡᠯᠵᠡᠯ ᠦᠭᠡᠢ ᠵᠣᠷᠢᠭ᠍ᠲᠠᠢ ᠲᠤᠱᠢᠶᠠᠵᠠᠢ᠃ ᠡᠨᠡ ᠶᠠᠪᠤᠳᠠᠯ᠎ᠢ ᠪᠢ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶᠠᠨ᠎ᠳᠤ ᠵᠠᠭᠤᠭᠠᠳ ᠦᠰᠦᠭ᠎ᠢᠶᠠᠷ ᠮᠡᠳᠡᠭᠡᠯᠡᠵᠠᠢ᠃ ᠲᠡᠷᠡ ᠦᠶ᠎ᠡ᠎ᠳᠤ ᠪᠢ ᠲᠡᠭᠦᠨ᠎ᠢᠶᠠᠨ 《ᠮᠡᠳᠡᠭᠡ》 ᠪᠢᠴᠢᠯ᠎ᠡ ᠭᠡᠵᠦ᠍ ᠮᠡᠳᠡᠭᠡ ᠦᠭᠡᠢ᠂ ᠶᠡᠭᠡ ᠯᠡ ᠴᠢᠬᠤᠯᠠ 《ᠬᠤᠷᠢᠶᠠᠨ᠎ᠤ ᠥᠭᠦᠯᠡᠯ》ᠪᠢᠴᠢᠴᠢᠭᠡᠭ᠌ᠰᠡᠨ ᠱᠢᠭ ᠣᠩᠭᠤᠯᠵᠠᠵᠦ᠍ ᠲᠣᠲᠣᠷ᠎ᠠ᠎ᠪᠠᠨ ᠳᠣᠯᠭᠢᠶᠠᠯᠠᠭᠠᠳ᠂ ᠳᠣᠯᠤᠭ᠎ᠠ ᠬᠤᠨᠤᠭ ᠳᠣᠭ᠍ᠳᠣᠯᠵᠦ᠍᠂ ᠪᠢᠲᠡᠭᠡᠢ ᠯᠡ ᠪᠠᠰᠠ ᠨᠢᠭᠡᠨ 《ᠱᠢᠪᠠᠷ ᠦᠬᠡᠷ》ᠪᠣᠯᠭᠠᠴᠢᠬᠠᠶ᠎ᠠ ᠳ᠋ᠠ ᠭᠡᠵᠦ᠍ ᠪᠣᠳᠣᠯ᠎ᠳᠠᠭᠠᠨ ᠵᠠᠯᠪᠠᠷᠢᠵᠦ ᠪᠠᠢᠲᠠᠯ᠎ᠠ ᠬᠠᠷᠢᠨ ᠠᠷᠪᠠᠨ ᠭᠤᠷᠪᠠᠳᠤᠭᠠᠷ ᠬᠤᠨᠤᠭ ᠪᠣᠯᠬᠤ᠎ᠳᠤ ᠡᠭᠦᠳᠡᠨ᠎ᠤ ᠡᠪᠤᠭᠡᠨ ᠭᠡᠨᠡᠳᠲᠡ ᠮᠠᠨ᠎ᠤ ᠪᠠᠢᠷᠢ᠎ᠳᠤ ᠭᠠᠷ᠎ᠲᠠᠭᠠᠨ ᠨᠢᠭᠡ ᠬᠤᠪᠢ ᠮᠣᠩᠭᠤᠯ ᠡᠳᠦᠷ᠎ᠤᠨ ᠰᠣᠨᠢᠨ ᠪᠠᠷᠢᠭᠠᠳ ᠠᠮᠢᠰᠭᠤᠭᠠᠳᠠᠭ᠍ᠰᠠᠭᠠᠷ ᠦᠭᠡ᠎ᠪᠠᠨ ᠬᠡᠯᠡᠵᠦ᠍ ᠳᠡᠢᠯᠬᠦ᠌ ᠦᠭᠡᠢ 《ᠡᠨᠡ ᠡᠨᠡ ᠡᠨᠡ ᠁》 ᠭᠡᠳ ᠰᠣᠨᠢᠨ᠎ᠤ ᠨᠢᠭᠤᠷ᠎ᠤᠨ ᠨᠢᠭᠡᠨ ᠬᠡᠰᠡᠭ — ᠬᠡᠦᠬᠡᠳ᠎ᠤᠨ ᠠᠯᠠᠭ᠎ᠠ ᠳᠠᠷᠤᠮ᠎ᠠ ᠭᠠᠵᠠᠷ᠎ᠢ ᠵᠢᠭᠠᠭᠠᠳ ᠪᠠᠢᠪᠠ᠃ ᠲᠡᠷᠡ ᠬᠦ᠌ ᠵᠢᠷᠭᠠᠯᠠᠩᠲᠦ ᠮᠥᠴᠡ᠎ᠳᠤ ᠪᠢ ᠳᠦᠷᠰᠦᠯᠡᠬᠦ᠌᠎ᠶ᠋ᠢᠨ ᠠᠷᠭ᠎ᠠ ᠦᠭᠡᠢ ᠮᠡᠨᠡᠭ ᠪᠣᠯᠲᠠᠯ᠎ᠠ᠎ᠪᠠᠨ ᠰᠣᠭ᠍ᠲᠤᠪᠠ᠃ ᠳᠠᠷᠠᠭ᠎ᠠ᠎ᠨᠢ ᠳᠡᠮᠡᠢ ᠤᠳᠠᠯ ᠦᠭᠡᠢ ᠱᠢᠤᠳᠠᠨ᠎ᠢᠶᠠᠷ ᠠᠷᠠᠳ᠎ᠤᠨ ᠵᠣᠭᠤᠰ ᠬᠤᠶᠠᠷ ᠲᠦᠭᠦᠷᠢᠭ ᠪᠠᠭᠤᠯ᠎ᠠ᠃ ᠪᠢ ᠠᠩᠬ᠎ᠠ ᠤᠳᠠᠭ᠎ᠠ 《ᠬᠥᠯᠦᠰᠤᠨ》 ᠎ᠤ᠋ ᠲᠤᠰᠤᠯ᠎ᠠᠴᠠ ᠠᠯᠲᠠᠨ ᠭᠡᠷᠡᠯ ᠰᠠᠴᠤᠷᠠᠬᠤ᠎ᠶ᠋ᠢ ᠴᠣᠴᠢᠮᠠᠭ ᠬᠠᠷᠠᠯ᠎ᠠ᠃ 1963.5.23 ᠢᠩᠭᠢᠵᠦ᠍ ᠮᠢᠨᠤ ᠨᠡᠷ᠎ᠡ᠎ᠪᠠᠨ ᠲᠡᠮᠳᠡᠭ᠌ᠯᠡᠭ᠌ᠰᠡᠨ ᠳᠤᠷᠠᠰᠭᠠᠯ᠎ᠤᠨ ᠡᠳᠦᠷ ᠪᠣᠯᠣᠯ᠎ᠠ᠃ ᠦᠪᠦᠷ ᠮᠣᠩᠭᠤᠯ᠎ᠤᠨ ᠡᠳᠦᠷ᠎ᠤᠨ ᠰᠣᠨᠢᠨ᠎ᠤ ᠪᠠᠢᠭ᠎ᠠ ᠵᠦᠭ ᠴᠢᠭ᠎ᠢ ᠪᠠᠯᠠᠷᠠᠰᠢ ᠦᠭᠡᠢ ᠪᠠᠲᠦ ᠲᠣᠭ᠍ᠲᠠᠭᠠᠯ᠎ᠠ᠃ ᠣᠷᠳᠣᠨ᠎ᠳᠤᠨᠢ ᠣᠷᠣᠬᠤ ᠨᠢᠭᠤᠴᠠ ᠳ᠋ᠤᠭᠠᠷ ᠲᠦᠯᠬᠢᠭᠦᠷ᠎ᠢ᠎ᠨᠢ ᠴᠤ᠌ ᠣᠯᠣᠯ᠎ᠠ᠃ ᠭᠡᠪᠡᠴᠤ᠌ 《ᠲᠠᠯ᠎ᠠ᠎ᠶ᠋ᠢᠨ ᠲᠤᠶᠠᠭ᠎ᠠ》 ᠎ᠪᠠᠨ ᠪᠠᠰᠠ ᠯᠡ ᠵᠢᠩᠬᠢᠨᠢ᠎ᠪᠠᠷ ᠡᠷᠢᠵᠦ᠍ ᠣᠯᠤᠭ᠎ᠠ ᠦᠭᠡᠢ᠂ ᠡᠭᠦᠳᠡ ᠳᠠᠷᠠᠭᠠᠯᠠᠨ ᠲᠣᠭ᠍ᠰᠢᠵᠤ ᠲᠡᠮᠲᠡᠴᠢᠨ ᠪᠥᠳᠦᠴᠢᠨ ᠡᠷᠢᠭ᠌ᠰᠡᠭᠡᠷ ᠠᠪᠠᠢ᠃ 《ᠲᠠᠯ᠎ᠠ᠎ᠶ᠋ᠢᠨ ᠲᠤᠶᠠᠭ᠎ᠠ》 ᠳ᠋ᠦ ᠬᠦᠷᠬᠦ᠌ ᠬᠡᠵᠦ᠍ ᠲᠠᠮᠤᠴᠢ᠎ᠶ᠋ᠢᠨ ᠲᠠᠯ᠎ᠠ᠎ᠶ᠋ᠢ ᠦᠩᠭᠡᠷᠡᠭᠡᠳ ᠲᠠᠪᠤᠩ᠎ᠤᠨ ᠲᠠᠯ᠎ᠠ᠎ᠶ᠋ᠢ ᠲᠤᠭᠤᠯᠬᠤ ᠱᠢᠭ᠋ ᠬᠦᠷᠦᠰᠢ ᠦᠭᠡᠢ ᠬᠤᠯᠠ ᠰᠠᠨᠠᠭ᠍ᠳᠠᠭᠠᠳ ᠪᠠᠢᠪᠠ᠃ ᠶᠠᠪᠤᠴᠠ᠎ᠶ᠋ᠢᠨ ᠳᠤᠮᠳᠠ 《ᠡᠪᠡᠰᠦᠲᠦ ᠲᠠᠯ᠎ᠠ᠂ ᠨᠠᠮᠤᠭ᠍ᠲᠤ ᠭᠠᠵᠠᠷ᠂ ᠴᠠᠰᠤᠳᠤ ᠠᠭᠤᠯᠠ》 ᠬᠡᠷᠡᠭᠡᠳ ᠪᠠᠢᠯ᠎ᠠ᠃ ᠭᠡᠪᠡᠴᠤ᠌ 《ᠵᠣᠷᠢᠪᠠᠰᠦ ᠬᠦᠷᠦᠶᠦ᠍᠂ ᠣᠷᠣᠯᠳᠤᠪᠠᠰᠦ ᠪᠥᠲᠦᠶᠦ᠍》ᠭᠡᠳᠡᠭ᠎ᠤᠨ ᠬᠠᠤᠯᠢ᠎ᠪᠠᠷ 《ᠰᠣᠶᠣᠯ᠎ᠤᠨ ᠶᠡᠭᠡ ᠬᠤᠪᠢᠰᠭᠠᠯ》 ᠎ᠤ᠋ᠨ ᠳᠤᠮᠳᠠ ᠶᠠᠭ ᠲᠡᠷᠡ ᠴᠠᠭ᠎ᠤᠨ ᠲᠣᠲᠣᠭᠠᠳᠦ ᠳᠣᠬᠢᠶ᠎ᠠ ᠲᠡᠮᠳᠡᠭ᠎ᠢᠶᠠᠷ 《ᠲᠠᠯ᠎ᠠ᠎ᠶ᠋ᠢᠨ ᠲᠤᠶᠠᠭ᠎ᠠ》 ᠎ᠪᠠᠨ ᠡᠷᠢᠭᠡᠳ ᠪᠠᠢᠪᠠ᠃ ᠮᠢᠨᠤ ᠥᠨᠥᠬᠢ ᠲᠥᠭᠦᠷᠢᠭ ᠰᠠᠷᠠᠨ ᠬᠦᠰᠡᠯᠡᠩ᠎ᠤᠨ ᠪᠠᠭᠤᠴᠠ ᠡᠨᠡ ᠯᠡ ᠬᠠᠪᠢ᠎ᠪᠠᠷ ᠪᠠᠢᠯᠲᠠᠢ ᠳ᠋ᠠ᠃ ᠲᠡᠭᠡᠲᠡᠯ᠎ᠡ 《ᠮᠠᠤ ᠵᠦᠰᠢ ᠲᠦᠮᠡᠨ ᠨᠠᠰᠤᠯᠠᠲᠤᠭᠠᠢ!》 ᠭᠡᠰᠡᠨ ᠱᠢᠯᠦᠭ᠎ᠢᠶᠠᠨ 1967 ᠣᠨ᠎ᠤ 7 ᠳ᠋ᠤᠭᠠᠷ ᠰᠠᠷ᠎ᠠ᠎ᠳᠤ ᠦᠪᠦᠷ ᠮᠣᠩᠭᠤᠯ᠎ᠤᠨ ᠡᠳᠦᠷ᠎ᠤᠨ ᠰᠣᠨᠢᠨ᠎ᠤ ᠣᠷᠣᠯᠠᠮᠠᠯ 《ᠡᠮᠦᠨᠡᠲᠦ ᠬᠠᠷᠠᠭᠤᠯ ᠰᠣᠨᠢᠨ》 ᠎ᠳ᠋ᠦ ᠨᠡᠢᠲᠡᠯᠡᠪᠡ᠃ ᠳᠠᠷᠠᠭ᠎ᠠ᠎ᠨᠢ 1973 ᠣᠨ᠎ᠤ 2 ᠳ᠋ᠤᠭᠠᠷ ᠰᠠᠷ᠎ᠠ᠎ᠶ᠋ᠢᠨ 12 ᠎ᠲᠦ᠍ 《ᠪᠠᠭᠠᠲᠤᠷ ᠭᠠᠷ》ᠭᠡᠳᠡᠭ ᠱᠢᠯᠦᠭ᠎ᠢᠶᠠᠨ ᠨᠡᠢᠲᠡᠯᠡᠭᠡᠳ ᠵᠢᠩᠬᠢᠨᠢ ᠤᠳᠭ᠎ᠠ᠎ᠶ᠋ᠢᠨ 《ᠲᠠᠯ᠎ᠠ᠎ᠶ᠋ᠢᠨ ᠲᠤᠶᠠᠭ᠎ᠠ》 ᠎ᠶ᠋ᠢᠨ ᠭᠡᠷᠡᠯᠲᠦ ᠠᠯᠲᠠᠨ ᠡᠭᠦᠳᠡ᠎ᠪᠠᠷ ᠣᠷᠣᠭ᠍ᠰᠠᠨ ᠪᠢᠯᠡ᠃ ᠳᠠᠯᠠᠭᠠᠣᠨ ᠣᠨ᠎ᠳᠤ ᠨᠡᠯᠢᠶᠡᠳ ᠬᠡᠳᠦᠨ ᠱᠢᠯᠦᠭ᠂ ᠨᠠᠶᠠᠭᠠᠳ ᠣᠨ᠎ᠠᠴᠠ ᠬᠤᠢᠰᠢ ᠪᠥᠲᠦᠭᠡᠯ ᠮᠠᠨᠢ ᠪᠦᠷ ᠬᠦᠢᠯᠡᠭᠡᠳ 《ᠬᠥᠬᠡᠬᠤᠲᠠ᠎ᠶ᠋ᠢᠨ ᠦᠳᠡᠰᠢ》  ᠨᠠᠢᠷᠠᠭᠤᠯᠤᠯ᠂ 《ᠬᠡᠢ ᠪᠦᠮᠪᠦᠭᠡ》ᠱᠢᠯᠦᠭ᠂ 《ᠰᠣᠬᠤᠷ ᠬᠥᠪᠡᠭᠦᠨ ᠰᠤᠪᠤᠳ ᠱᠦᠭᠦᠭ᠌ᠰᠡᠨ᠎ᠨᠢ》 ᠨᠠᠢᠷᠠᠭ᠍ᠯᠠᠯ (300 ᠮᠥᠷ)᠂ 《ᠮᠥᠩᠬᠡᠷᠡᠯ᠎ᠤᠨ ᠮᠥᠩᠭᠦᠨ ᠲᠣᠪᠴᠢ》 ᠥᠭᠦᠯᠡᠯᠭᠡ᠂ 17 ᠠᠩᠭᠢᠲᠦ 《ᠵᠠᠳᠠᠭᠠᠢ ᠱᠢᠯᠦᠭ》᠂ 《ᠬᠠᠮᠠᠷ᠎ᠢᠶᠠᠨ ᠬᠠᠪᠴᠢᠭᠤᠯᠤᠭ᠍ᠰᠠᠨ᠎ᠨᠢ》 ᠭᠡᠳᠡᠭ ᠭᠢᠯᠪᠢᠭᠡᠨ ᠵᠥᠴᠦᠭᠡ ᠵᠡᠷᠭᠡ ᠵᠢᠷᠭᠤᠭ᠎ᠠ ᠳᠣᠯᠣᠭᠠᠨ ᠰᠲ᠋ᠢᠯᠢ᠎ᠶ᠋ᠢᠨ ᠬᠡᠳᠦᠨ ᠠᠷᠪᠠᠨ ᠵᠣᠬᠢᠶᠠᠯ ᠨᠡᠢᠲᠡᠯᠡᠵᠠᠢ᠂ 《ᠲᠠᠯ᠎ᠠ᠎ᠶ᠋ᠢᠨ ᠲᠤᠶᠠᠭ᠎ᠠ》 ᠎ᠳ᠋ᠠᠭᠠᠨ᠃

ᠵᠢᠷᠠᠭᠠᠳ ᠵᠢᠯ᠎ᠤᠨ ᠡᠮᠦᠨ᠎ᠡ ᠮᠤᠷᠤᠢ ᠰᠠᠷᠤᠢ ᠤᠷᠲᠦ ᠵᠠᠮ᠎ᠤᠨ ᠠᠶᠠᠨ ᠡᠷᠢᠯ᠎ᠢᠶᠠᠷ 《ᠲᠠᠯ᠎ᠠ᠎ᠶ᠋ᠢᠨ ᠲᠤᠶᠠᠭ᠎ᠠ》 ᠎ᠳ᠋ᠦ ᠠᠩᠬ᠎ᠠ ᠱᠠᠪᠢᠯᠠᠵᠦ᠍ ᠲᠡᠭᠦᠨ᠎ᠤ ᠵᠤᠯᠠᠢ ᠢᠯᠪᠢᠯᠲᠡ᠂ ᠪᠢᠴᠢᠭ ᠪᠢᠯᠢᠭ᠎ᠤᠨ 《ᠲᠤᠶᠠᠭ᠎ᠠ》 ᠳ᠋ᠦ ᠭᠡᠢᠭᠦᠯᠦᠭ᠌ᠳᠡᠭ᠌ᠰᠡᠨ᠎ᠠᠴᠠ ᠨᠠᠭᠠᠰᠢ ᠪᠢ ᠰᠠᠷᠠᠭᠤᠯ ᠰᠠᠢᠬᠠᠨ ᠬᠦᠰᠡᠯᠠᠩ᠎ᠤᠨ ᠵᠠᠮ᠎ᠢᠶᠠᠷ ᠶᠠᠪᠤᠬᠤ ᠲᠤᠲᠤᠮ ᠬᠤᠷᠳᠤᠯᠠᠵᠦ᠍᠂ ᠥᠭ᠌ᠰᠦᠵᠦ᠍᠂ ᠣᠳᠥ ᠪᠣᠯᠲᠠᠯ᠎ᠠ ᠨᠢᠭ᠍ᠲᠠ ᠬᠠᠷᠢᠴᠠᠭ᠎ᠠ᠎ᠲᠠᠢ ᠪᠠᠢᠭ᠍ᠰᠠᠭᠠᠷ ᠪᠦᠭᠡᠳ ᠬᠤᠪᠢ ᠵᠠᠶᠠᠭᠠᠨ᠎ᠤ ᠠᠮᠢᠨ ᠱᠢᠵᠢᠮ᠎ᠢᠶᠠᠷ ᠡᠭᠦᠷᠢᠳᠡ ᠬᠤᠯᠪᠣᠭ᠍ᠳᠠᠵᠠᠢ᠃ ᠴᠥᠬᠦᠷᠡᠯ ᠦᠭᠡᠢ ᠴᠢᠷᠮᠠᠢᠯᠭ᠎ᠠ ᠪᠠ 《ᠲᠠᠯ᠎ᠠ᠎ᠶ᠋ᠢᠨ ᠲᠤᠶᠠᠭ᠎ᠠ》 ᠎ᠶ᠋ᠢᠨ ᠲᠤᠰᠠᠯᠠᠮᠵᠢ᠎ᠪᠠᠷ ᠬᠤᠶᠠᠷ ᠬᠥᠯ᠎ᠲᠠᠢ ᠲᠤᠯᠬᠤ ᠴᠡᠭ ᠪᠣᠯᠭᠠᠭᠠᠳ ᠤᠯᠤᠰ᠎ᠤᠨ ᠲᠣᠲᠣᠭᠠᠳᠦ᠍᠎ᠶ᠋ᠢᠨ ᠠᠷᠪᠠ ᠱᠢᠬᠠᠮ ᠬᠡᠪᠯᠡᠯ᠎ᠤᠨ ᠬᠤᠷᠢᠶ᠎ᠠ᠂ ᠤᠯᠤᠰ᠎ᠤᠨ ᠭᠠᠳᠠᠨ᠎ᠠ ᠪᠠᠰᠠ ᠭᠤᠷᠪᠠ ᠳᠥᠷᠪᠡᠨ ᠬᠡᠪᠯᠡᠯ᠎ᠤᠨ ᠭᠠᠵᠠᠷ᠎ᠲᠤ ᠵᠣᠬᠢᠶᠠᠯ ᠬᠡᠪᠯᠡᠭᠦᠯᠦᠭ᠌ᠰᠡᠨ ᠡ᠃ ᠠᠵᠠ᠎ᠪᠠᠷ ᠥᠨᠥᠬᠢ ᠦᠭᠦᠯᠡᠪᠤᠷᠢ ᠵᠣᠬᠢᠶᠠᠯᠭ᠎ᠠ᠎ᠶ᠋ᠢᠨ ᠠᠩᠬᠠᠨ᠎ᠤ ᠦᠶ᠎ᠡ᠎ᠶ᠋ᠢᠨ ᠲᠠᠯᠠᠢ᠎ᠳᠤ ᠣᠷᠣᠭᠠᠳ ᠴᠢᠪ ᠴᠢᠮᠡᠭᠡ ᠦᠭᠡᠢ ᠪᠣᠯᠳᠠᠭ 《ᠱᠢᠪᠠᠷ ᠦᠬᠡᠷ》 ᠶ᠋ᠢᠡᠨ ᠣᠷᠣᠯᠳᠤᠭ᠍ᠰᠠᠭᠠᠷ ᠪᠠᠢᠭᠠᠳ ᠱᠢᠵᠢᠷ ᠠᠯᠲᠠᠨ ᠦᠬᠡᠷ ᠪᠣᠯᠭᠠᠭ᠍ᠰᠠᠨ ᠤᠬᠠᠭᠠᠨᠲᠠᠢ᠃

《ᠲᠠᠯ᠎ᠠ᠎ᠶ᠋ᠢᠨ ᠲᠤᠶᠠᠭ᠎ᠠ》 ᠪᠣᠯ ᠮᠠᠨ᠎ᠤ ᠦᠨᠳᠦᠰᠦᠲᠡᠨ᠎ᠤ ᠤᠳᠭ᠎ᠠ ᠰᠣᠶᠣᠯ᠎ᠤᠨ ᠬᠢᠷᠢ ᠲᠦᠪᠱᠢᠨ᠎ᠳᠤ ᠨᠡᠢᠴᠡᠭ᠌ᠰᠡᠨ᠂ ᠥᠨᠳᠦᠷ ᠴᠤ᠌ ᠪᠢᠰᠢ᠂ ᠪᠣᠭᠤᠨᠢ ᠴᠤ᠌ ᠪᠢᠰᠢ ᠶᠠᠪ ᠴᠠᠪ ᠵᠣᠬᠢᠴᠠᠭ᠍ᠰᠠᠨ ᠬᠥᠲᠦᠯᠦᠭ᠌ᠴᠢ ᠶᠤᠮ᠃ ᠲᠤᠬᠠᠢᠯᠠᠪᠠᠯ᠄ ᠳᠡᠯᠭᠡᠷᠡᠭᠦᠯᠦᠯ᠎ᠤᠨ᠂ ᠦᠨᠳᠦᠰᠦᠯᠡᠯ᠎ᠤᠨ᠂ ᠲᠥᠭᠡᠮᠡᠯᠵᠢᠭᠦᠯᠦᠯ᠎ᠤᠨ ᠬᠡᠷᠡᠭ᠌ᠴᠡᠭᠡ ᠱᠠᠭᠠᠷᠳᠠᠯᠭ᠎ᠠ᠎ᠳᠤ ᠣᠨᠣᠴᠠᠲᠠᠢ ᠲᠣᠬᠢᠷᠠᠭ᠍ᠰᠠᠨ ᠪᠤᠯᠤᠩ ᠳ᠋ᠠ ᠲᠡᠷᠡ᠃ ᠲᠡᠢᠮᠦ᠍᠎ᠠᠴᠠ ᠲᠡᠷᠡ ᠮᠣᠩᠭᠤᠯᠴᠤᠳ᠎ᠤᠨ ᠦᠭᠡ ᠬᠡᠯᠡ ᠦᠰᠦᠭ ᠪᠢᠴᠢᠭ᠎ᠤᠨ ᠰᠣᠶᠣᠯ ᠤᠷᠠᠯᠢᠭ᠎ᠢ ᠶᠡᠬᠡᠳᠡ ᠠᠬᠢᠭᠤᠯᠤᠭ᠍ᠰᠠᠨ᠎ᠢᠶᠠᠷ᠎ᠢᠶᠠᠨ ᠠᠭᠤᠤ ᠶᠡᠭᠡ ᠦᠢᠯᠡᠳᠦᠯ ᠦᠵᠡᠭᠦᠯᠵᠠᠢ᠃ ᠲᠡᠭᠦᠨ᠎ᠤ ᠰᠠᠴᠤᠷᠠᠩᠭᠤᠢ ᠲᠤᠶᠠᠭᠠᠯᠠᠯ᠎ᠢᠶᠠᠷ ᠮᠠᠨ᠎ᠤ ᠤᠯᠤᠰ ᠣᠷᠣᠨ᠎ᠤ ᠮᠣᠩᠭᠤᠯ ᠤᠳᠭ᠎ᠠ ᠤᠷᠠᠯᠢᠭ᠎ᠤᠨ ᠰᠡᠳᠭᠦᠯ ᠣᠳᠤᠨ ᠮᠡᠴᠢᠳ ᠱᠢᠭ ᠲᠥᠭᠡᠵᠦ᠍᠂ ᠳᠡᠮᠡᠢ ᠤᠳᠠᠯ ᠦᠭᠡᠢ 《ᠥᠨᠢᠷ ᠴᠡᠴᠡᠭ》 ᠮᠡᠲᠦ᠍᠎ᠶ᠋ᠢᠨ ᠤᠷᠠᠨ ᠵᠣᠬᠢᠶᠠᠯ᠎ᠤᠨ ᠰᠡᠳᠭᠦᠯ᠎ᠤᠳ ᠬᠤᠢᠨ᠎ᠠ ᠬᠤᠢᠨ᠎ᠠ᠎ᠠᠴᠠ᠎ᠪᠠᠨ ᠮᠡᠨᠳᠦᠯᠡᠭ᠌ᠰᠡᠨ ᠶᠤᠮ᠃ ᠥᠩᠭᠡᠷᠡᠭ᠌ᠰᠡᠨ᠎ᠳᠤ ᠮᠠᠨ᠎ᠤ ᠦᠨᠳᠦᠰᠦᠲᠡᠨ᠎ᠤ ᠰᠣᠶᠣᠯ ᠰᠤᠷᠭᠠᠨ ᠬᠦᠮᠦᠵᠢᠯ ᠬᠡᠨᠵᠡ ᠨᠢᠯᠬ᠎ᠠ ᠪᠠᠢᠭ᠍ᠰᠠᠨ᠎ᠠᠴᠠ ᠦᠰᠦᠭ ᠲᠠᠨᠢᠳᠠᠭ ᠬᠦᠮᠦᠨ ᠴᠥᠭᠡᠨ᠂ ᠠᠯᠤᠰ ᠬᠢᠵᠠᠭᠠᠷ᠎ᠠᠴᠠ ᠡᠪᠦᠷ᠎ᠠᠴᠠ ᠡᠪᠦᠷ ᠳᠠᠮᠵᠢᠵᠦ᠍ ᠢᠷᠡᠭ᠌ᠰᠡᠨ ᠬᠠᠷᠠᠨᠳᠠ᠎ᠪᠠᠷ ᠪᠢᠴᠢᠭ᠌ᠰᠡᠨ ᠭᠤᠷᠪᠠᠯᠵᠢᠨ ᠡᠪᠬᠡᠮᠡᠯ ᠵᠠᠬᠢᠳᠠᠯ᠎ᠢ ᠬᠦᠷᠲᠡᠯ᠎ᠡ  《ᠳᠠᠭᠤᠳᠠᠭᠠᠴᠢ ᠡᠷᠳᠡᠮᠲᠡᠨ》 ᠵᠠᠯᠠᠵᠦ᠍ ᠳᠠᠭᠤᠳᠠᠭᠤᠯᠳᠠᠭ (ᠤᠩᠱᠢᠭᠤᠯᠳᠠᠭ) ᠪᠠᠢᠵᠠᠢ᠃ ᠰᠣᠶᠣᠯ᠎ᠤᠨ ᠬᠢᠷᠢ ᠬᠡᠮᠵᠢᠶ᠎ᠡ ᠰᠣᠶᠣᠯ᠎ᠤᠨ ᠠᠮᠢᠳᠤᠷᠠᠯ᠂ ᠣᠶᠤᠨᠯᠢᠭ ᠦᠢᠯᠡᠳᠪᠦᠷᠢᠯᠡᠯ᠎ᠢ ᠬᠢᠵᠠᠭᠠᠷᠯᠠᠳᠠᠭ ᠪᠣᠯᠬᠤᠷ ᠪᠢᠴᠢᠭ᠎ᠤᠨ ᠤᠷᠠᠨ ᠵᠣᠬᠢᠶᠠᠯ᠎ᠢ ᠵᠢᠩᠰᠡᠲᠡᠳ᠎ᠤᠨ ᠳᠠᠪᠬᠤᠷᠭ᠎ᠠ᠎ᠶ᠋ᠢᠨ ᠪᠤᠶᠤ ᠱᠢᠷ᠎ᠠ ᠳᠡᠪᠡᠯᠲᠡᠳ᠎ᠤᠨ ᠦᠴᠦᠬᠡᠨ ᠪᠦᠯᠦᠭ ᠬᠦᠮᠦᠰ ᠯᠡ ᠰᠣᠨᠢᠷᠬᠠᠵᠦ᠍ ᠤᠩᠱᠢᠬᠤ ᠪᠤᠶᠤ ᠪᠢᠱᠢᠯᠭᠠᠵᠦ᠍ ᠪᠦᠲᠦᠭᠡᠳᠡᠭ ᠪᠠᠢᠪᠠ᠃ ᠱᠢᠨ᠎ᠡ ᠨᠡᠢᠭᠡᠮ ᠡᠬᠢᠯᠡᠵᠦ᠍ ᠪᠢᠯᠢᠭ᠎ᠤᠨ ᠰᠣᠷᠢᠭ᠎ᠠ ᠨᠡᠢᠲᠡᠮᠵᠢᠬᠦ᠌᠎ᠳᠤ ᠤᠷᠠᠨ ᠵᠣᠬᠢᠶᠠᠯ᠎ᠤᠨ ᠨᠣᠮ ᠪᠢᠴᠢᠭ ᠬᠤᠷᠢᠳᠤᠭᠠᠷ ᠵᠠᠭᠤᠨ᠎ᠤ ᠳᠥᠴᠢᠭᠡᠳ ᠣᠨ᠎ᠠᠴᠠ ᠴᠣ ᠱᠢᠨ᠎ᠡ ᠰᠣᠶᠣᠭᠠᠯᠠᠯ ᠬᠥᠭ᠌ᠵᠢᠯᠲᠡ᠎ᠲᠠᠢ ᠪᠣᠯᠣᠭ᠍ᠰᠠᠨ ᠶᠤᠮ᠃ ᠲᠡᠭᠦᠨ᠎ᠠᠴᠠ ᠡᠮᠦᠨ᠎ᠡ ᠪᠣᠯ ᠠᠷᠠᠳ᠎ᠤᠨ ᠳᠠᠭᠤᠤ᠂ ᠠᠷᠠᠳ᠎ᠤᠨ ᠠᠮᠠᠨ ᠵᠣᠬᠢᠶᠠᠯ ᠪᠠᠢᠪᠠᠴᠤ᠌ ᠲᠡᠢᠮᠦ᠍ ᠤᠷᠠᠯᠢᠭ᠍ᠴᠢᠳ ᠡᠳᠦᠷ᠎ᠤᠨ ᠣᠳᠥ ᠱᠢᠭ᠋ ᠴᠥᠭᠡᠨ᠃ ᠲᠡᠳᠡᠨ᠎ᠤ ᠵᠠᠷᠢᠮ᠎ᠨᠢ ᠪᠠᠰᠠ 《ᠰᠣᠯᠢᠶᠠᠲᠦ》 ᠪᠢᠰᠢ ᠪᠣᠯ ᠲᠠᠩᠬᠠᠢᠴᠤᠳ ᠭᠡᠬᠦ᠌ ᠮᠡᠲᠦ᠍᠎ᠪᠠᠷ ᠭᠠᠳᠠᠭᠤᠷᠴᠢᠯᠠᠭ᠍ᠳᠠᠳᠠᠭ ᠪᠠᠢᠯ᠎ᠠ᠃ ᠲᠡᠢᠮᠦ᠍᠎ᠠᠴᠠ 《ᠲᠠᠯ᠎ᠠ᠎ᠶ᠋ᠢᠨ ᠲᠤᠶᠠᠭ᠎ᠠ》 ᠮᠢᠨᠢ ᠥᠩᠭᠡᠷᠡᠭ᠌ᠴᠢ ᠨᠠᠶᠨ ᠱᠢᠬᠠᠮ ᠵᠢᠯ᠎ᠤᠨ ᠲᠣᠲᠣᠷ᠎ᠠ ᠦᠢ ᠲᠦᠮᠡᠨ ᠵᠣᠬᠢᠶᠠᠭ᠍ᠴᠢ᠎ᠶ᠋ᠢ ᠪᠦᠪᠡᠢᠯᠡᠨ ᠥᠰᠭᠡᠵᠦ᠍ ᠵᠣᠬᠢᠶᠠᠯ ᠪᠦᠲᠦᠭᠡᠯ᠎ᠤᠨ ᠠᠭᠤᠯᠠ ᠬᠠᠢᠷᠬᠠᠨ ᠪᠣᠰᠭᠠᠭ᠍ᠰᠠᠨ ᠪᠢᠯᠡ᠃ ᠱᠢᠨ᠎ᠡ ᠨᠡᠢᠭᠡᠮ᠎ᠤᠨ ᠱᠢᠨ᠎ᠡ ᠠᠭᠤᠷ ᠠᠮᠢᠰᠭᠤᠯ᠂ ᠨᠠᠷᠠ ᠬᠤᠷ᠎ᠠ᠎ᠶ᠋ᠢᠨ ᠱᠢᠮ᠎ᠡ᠂ 《ᠲᠠᠯ᠎ᠠ᠎ᠶ᠋ᠢᠨ ᠲᠤᠶᠠᠭ᠎ᠠ》᠎ᠪᠠᠷ ᠲᠠᠴᠢᠷ ᠬᠥᠷᠦᠰᠦᠨ᠎ᠠᠴᠠ ᠡᠷᠳᠡᠮ᠎ᠤᠨ ᠨᠠᠬᠢᠶ᠎ᠠ ᠬᠥᠪᠦᠷᠡᠭᠦᠯᠦᠭ᠌ᠰᠡᠨ᠃ ᠨᠣᠮᠢᠨ ᠨᠣᠭᠤᠭᠠᠨ ᠪᠡᠯᠴᠢᠭᠡᠷ᠂ ᠴᠡᠴᠡᠭ ᠲᠤᠶᠠᠭᠠᠲᠦ ᠲᠠᠯ᠎ᠠ ᠡᠨᠡ ᠪᠦᠮᠪᠦᠷᠴᠡᠭ᠎ᠤᠨ ᠲᠤᠢᠯ᠎ᠤᠨ ᠭᠠᠢᠬᠠᠮᠱᠢᠭ᠍ᠲᠠᠢ ᠰᠣᠶᠣᠯ᠎ᠤᠨ ᠦᠵᠡᠭ᠌ᠳᠡᠯ ᠪᠣᠯᠣᠨ ᠮᠢᠷᠠᠯᠵᠠᠭ᠍ᠰᠠᠨ ᠶᠤᠮ᠃ ᠱᠢᠨ᠎ᠡ ᠦᠶ᠎ᠡ᠎ᠶ᠋ᠢᠨ ᠮᠣᠩᠭᠤᠯ ᠦᠭᠡ ᠬᠡᠯᠡ ᠦᠰᠦᠭ ᠪᠢᠴᠢᠭ᠎ᠤᠨ ᠤᠷᠠᠨ ᠵᠣᠬᠢᠶᠠᠯ᠎ᠳᠤ ᠭᠠᠪᠢᠶ᠎ᠠ ᠲᠡᠮᠳᠡᠭ᠌ᠯᠡᠪᠡᠯ ᠶᠠᠭᠤᠨ᠎ᠤ ᠡᠮᠦᠨ᠎ᠡ 《ᠲᠠᠯ᠎ᠠ᠎ᠶ᠋ᠢᠨ ᠲᠤᠶᠠᠭ᠎ᠠ》 ᠲᠣᠮᠣ᠎ᠪᠠᠷ ᠪᠢᠴᠢᠭ᠌ᠳᠡᠬᠦ᠌ ᠶᠣᠰᠤᠲᠠᠢ᠃

     (ᠨᠣᠮᠲᠦ ᠬᠠᠨ᠎ᠠ᠎ᠶ᠋ᠢᠨ ᠡᠩᠭᠡᠷ᠎ᠲᠤ 2026.5.24)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号