ᠭᠡᠷᠡᠯ᠎ᠤᠨ ᠬᠢᠯᠭᠠᠰᠦ ᠠᠮᠠᠨ᠎ᠳᠠᠭᠠᠨ ᠵᠠᠭᠤᠭ᠍ᠰᠠᠨ ᠴᠠᠭᠢᠯᠭᠠᠨ ᠪᠣᠷᠣᠭᠠᠨ
ᠰᠣᠳᠠᠯ᠎ᠤᠨ ᠬᠡᠯᠪᠡᠷᠢ᠎ᠲᠠᠢ ᠭᠱᠠᠨ ᠬᠢᠯᠠᠯᠵᠠᠬᠤ᠎ᠳᠤ
ᠴᠣᠩᠬᠤᠨ᠎ᠤ ᠱᠢᠯ᠎ᠳᠤ ᠴᠢᠮᠡᠭᠡ ᠦᠭᠡᠢ ᠵᠢᠷᠤᠭ᠍ᠳᠠᠨ
ᠴᠡᠨᠡᠭ᠎ᠤᠨ ᠰᠡᠯᠡᠮ᠎ᠡ ᠠᠭᠠᠷ᠎ᠢ ᠰᠣᠬᠲᠤᠭᠠᠬᠤᠪᠠᠷ ᠡᠰᠭᠡᠬᠦ᠌ᠳᠤ
ᠬᠠᠷᠠᠭᠠᠨ᠎ᠤ ᠰᠡᠷᠡᠯ᠎ᠢ ᠴᠡᠴᠡᠷᠡᠭᠦᠯᠲᠡᠯᠡ ᠬᠦᠷᠪᠡᠭᠡᠨᠡᠭᠦᠯᠦᠨᠡ
ᠨᠠᠮᠠᠶ᠋ᠢ ᠨᠢᠭᠤᠬᠤ ᠬᠡᠵᠤ ᠤᠷᠤᠭ᠍ᠰᠠᠨ ᠰᠦᠨᠢ᠎ᠶ᠋ᠢᠨ ᠪᠣᠷᠣᠭᠠᠨ
ᠴᠠᠬᠢᠯᠬᠤ ᠨᠢᠳᠦ᠍᠎ᠨᠢ ᠬᠠᠷᠠᠭ᠍ᠳᠠᠬᠤ ᠦᠭᠡᠢ
ᠴᠠᠭ᠎ᠤᠨ ᠭᠠᠵᠠᠷ᠎ᠠᠴᠠ ᠰᠣᠨᠣᠯᠵᠡᠨ ᠠᠢᠰᠦᠢ
ᠰᠡᠳᠭᠢᠯ ᠲᠠᠢᠪᠦᠰᠢᠷᠠᠳᠡᠬ ᠪᠣᠯᠪᠠ ᠦᠦ ᠬᠡᠮᠡᠨ ᠪᠢ
ᠴᠢᠮᠠᠶ᠋ᠢ ᠪᠣᠳᠣᠯ᠎ᠳᠠᠭᠠᠨ ᠰᠡᠮᠬᠡᠨ ᠵᠢᠷᠤᠭ᠍ᠯᠠᠵᠤ
ᠨᠢᠳᠦ᠍᠎ᠪᠠᠨ ᠲᠠᠭ ᠠᠨᠢᠯ᠎ᠠ
ᠳᠠᠭᠤᠨ᠎ᠤ ᠨᠣᠲ ᠬᠡᠯᠡᠨ᠎ᠳᠡᠭᠡᠨ ᠬᠠᠵᠠᠭ᠍ᠰᠠᠨ ᠠᠶᠤᠩᠭ᠎ᠠ᠎ᠳᠤ ᠪᠣᠷᠣᠭᠠᠨ
ᠬᠡᠩᠭᠡᠷᠭᠡ᠎ᠶ᠋ᠢᠨ ᠲᠠᠭᠤ᠎ᠲᠠᠢ ᠭᠱᠠᠨ ᠳᠣᠩᠭᠤᠳᠭᠤ᠎ᠳᠤ
ᠰᠣᠨᠣᠷ᠎ᠤᠨ ᠰᠡᠷᠡᠯ᠎ᠳᠤ ᠲᠦᠳᠡᠯ ᠦᠭᠡᠢ ᠲᠦᠴᠢᠬᠢᠨᠡᠨ
ᠠᠲ᠋ᠣᠮ᠎ᠤᠨ ᠳᠡᠯᠪᠡᠷᠡᠯᠲᠡ ᠡᠭᠦᠯᠡᠰ᠎ᠢ ᠪᠤᠴᠠᠯᠭᠠᠬᠤ᠎ᠪᠠᠷ ᠬᠠᠷᠬᠢᠯᠠᠬᠤᠳᠤ
ᠲᠠᠷᠢᠬᠢᠨ᠎ᠤ ᠡᠰᠢ ᠡᠮᠵᠡᠭ᠌ᠯᠡᠭᠦᠯᠲᠡᠯᠡ ᠨᠦᠷᠵᠢᠬᠢᠨᠡᠭᠦᠯᠦᠨᠡ
ᠨᠠᠮᠠᠶ᠋ᠢ ᠰᠣᠴᠢᠭᠠᠬᠤ ᠬᠡᠵᠤ ᠤᠷᠤᠭ᠍ᠰᠠᠨ ᠰᠦᠨᠢ᠎ᠶ᠋ᠢᠨ ᠪᠣᠷᠣᠭᠠᠨ
ᠬᠠᠰᠭᠢᠷᠬᠤ ᠬᠤᠭᠤᠯᠠᠢ᠎ᠨᠢ ᠦᠵᠡᠭ᠌ᠳᠡᠬᠦ᠌ ᠦᠭᠡᠢ
ᠮᠥᠴᠡ᠎ᠶ᠋ᠢᠨ ᠭᠠᠵᠠᠷ᠎ᠠᠴᠠ ᠳᠦᠩᠬᠢᠨᠡᠨ ᠠᠢᠰᠦᠢ
ᠠᠢᠳᠠᠰ ᠨᠠᠮᠲᠠᠬᠤ ᠪᠣᠯᠪᠠ ᠦᠦ ᠬᠡᠮᠡᠨ ᠪᠢ
ᠴᠢᠮᠠᠶ᠋ᠢ ᠬᠤᠷᠤᠭᠤᠨ ᠤᠷᠤᠮ᠎ᠳᠠᠭᠠᠨ ᠪᠦᠳᠡᠭᠢᠭᠡᠨ ᠵᠢᠷᠦᠵᠤ
ᠴᠢᠬᠢ᠎ᠪᠠᠨ ᠲᠠᠭ ᠪᠦᠭ᠌ᠯᠡᠯᠡ
ᠲᠠᠱᠢᠭᠤᠷ᠎ᠤᠨ ᠬᠡᠯᠡ ᠲᠠᠩᠨᠠᠢ᠎ᠳᠠᠭᠠᠨ ᠬᠠᠳᠠᠭ᠍ᠰᠠᠨ ᠠᠭᠠᠳᠠᠷ ᠪᠣᠷᠣᠭᠠᠨ
ᠰᠣᠮᠣᠨ᠎ᠤ ᠬᠤᠷᠳᠤᠴᠠ᠎ᠲᠠᠢ ᠭᠱᠠᠨ ᠪᠠᠭᠤᠬᠤ᠎ᠳᠤ
ᠭᠡᠷ᠎ᠤᠨ ᠠᠲᠠᠷ᠎ᠲᠤ ᠭᠡᠷᠡᠯ ᠤᠭᠤᠴᠢᠯᠠᠭ᠍ᠰᠠᠨ ᠤᠰᠦ ᠬᠡᠯᠪᠡᠷᠢ ᠦᠭᠡᠢ ᠨᠡᠭᠦᠳᠡᠯᠯᠡᠨ
ᠬᠢᠯᠪᠢᠭᠡᠨ ᠬᠠᠷᠠᠩᠭᠤᠢ᠎ᠶ᠋ᠢ ᠬᠡᠮᠡᠯᠢᠲᠡᠯᠡ ᠬᠠᠭ᠎ᠠ ᠵᠦᠰᠦᠬᠦ᠌ᠳᠤ
ᠬᠤᠢᠬ᠎ᠠ᠎ᠶ᠋ᠢᠨ ᠦᠰᠦ ᠠᠷᠵᠡᠰᠭᠢᠨ ᠪᠣᠰᠣᠨ᠎ᠠ
ᠴᠢᠮᠠᠶ᠋ᠢ ᠰᠠᠨᠠᠭᠤᠯᠬᠤ ᠬᠡᠵᠤ ᠤᠷᠤᠭ᠍ᠰᠠᠨ ᠰᠦᠨᠢ᠎ᠶ᠋ᠢᠨ ᠪᠤᠷᠤᠭᠠᠨ
ᠲᠠᠰᠦᠷᠬᠠᠢ ᠪᠡᠶ᠎ᠡ᠎ᠨᠢ ᠮᠡᠳᠡᠭ᠌ᠳᠡᠬᠦ᠌ ᠦᠭᠡᠢ
ᠲᠡᠭ᠌ᠷᠢ ᠭᠠᠵᠠᠷ᠎ᠢ ᠵᠠᠯᠭᠠᠨ ᠬᠥᠱᠢᠭᠡᠯᠡᠨ ᠰᠠᠭᠠᠲᠠᠮᠤᠢ
ᠰᠡᠳᠭᠢᠯ᠎ᠤᠨ ᠬᠠᠨᠢ ᠪᠣᠯᠳᠠᠭ ᠪᠣᠯᠪᠠ ᠦᠦ ᠬᠡᠮᠡᠨ ᠪᠢ
ᠴᠢᠮᠠᠶ᠋ᠢ ᠴᠡᠭᠡᠵᠢᠨ᠎ᠳᠡᠭᠡᠨ ᠲᠣᠳᠣᠬᠠᠨ ᠵᠢᠷᠦᠵᠤ
ᠦᠨᠦᠴᠢᠨ ᠳᠡᠷᠡ᠎ᠪᠠᠨ ᠲᠡᠪᠡᠷᠢᠯ᠎ᠡ
ᠲᠡᠭ᠌ᠷᠢ᠎ᠶ᠋ᠢᠨ ᠬᠡᠯᠡ᠎ᠶ᠋ᠢ ᠠᠮᠠᠨ᠎ᠳᠠᠭᠠᠨ ᠣᠩᠱᠢᠭ᠍ᠰᠠᠨ ᠬᠤᠩᠬᠤᠨ ᠪᠣᠷᠣᠭᠠᠨ
ᠣᠳᠣᠳ᠎ᠢ ᠦᠷᠭᠦᠭᠡᠲᠡᠯᠡ ᠭᠱᠠᠨ ᠲᠠᠷᠨᠢᠳᠠᠬᠤ᠎ᠳᠤ
ᠭᠠᠵᠠᠷ᠎ᠲᠤ ᠳᠠᠭᠤ ᠱᠢᠩᠭᠡᠭ᠌ᠰᠡᠨ ᠤᠰᠦ ᠬᠦᠷᠵᠡ ᠡᠭᠦᠷᠴᠦ᠍ ᠤᠷᠤᠰ᠎ᠤᠨ
ᠬᠠᠷᠠᠩᠭᠤᠢ ᠦᠷᠭᠦᠭᠡ᠎ᠶ᠋ᠢ ᠥᠨᠲᠡᠢᠯᠭᠡᠲᠡᠯᠡ ᠴᠢᠰ ᠦᠣᠷᠰᠡᠬᠦ᠌ᠳᠤ
ᠠᠷᠠᠰᠦᠨᠤ ᠰᠦᠪᠡ ᠪᠥᠷᠵᠤᠢᠰᠭᠢᠨ ᠲᠣᠪᠣᠷᠣᠳᠣᠨᠠ
ᠨᠠᠮᠠᠶ᠋ᠢ ᠠᠶᠤᠯᠭᠠᠬᠤ ᠬᠡᠵᠤ ᠤᠷᠤᠭ᠍ᠰᠠᠨ ᠰᠦᠨᠢ᠎ᠶ᠋ᠢᠨ ᠪᠣᠷᠣᠭᠠᠨ
ᠬᠦᠶᠦᠬᠦ᠌ ᠬᠥᠯ᠎ᠨᠢ ᠦᠵᠡᠭ᠌ᠳᠡᠬᠦ᠌ ᠦᠭᠡᠢ
ᠴᠢᠨᠦ᠍ ᠵᠦᠭ ᠴᠢᠮᠡᠭᠡ ᠬᠦᠷᠭᠡᠬᠦ᠌᠎ᠪᠠᠷ ᠯᠤᠤ ᠬᠥᠯᠭᠡᠯᠡᠨ ᠤᠳᠤᠮᠤᠢ
ᠪᠣᠷᠣᠭᠠᠨ᠎ᠤ ᠲᠦᠷᠭᠡᠳᠭᠡᠭᠦᠷ ᠪᠤᠯᠤᠭ᠍ᠰᠠᠨ ᠪᠣᠯᠪᠠ ᠦᠦ ᠬᠡᠮᠡᠨ ᠪᠢ
ᠴᠢᠮᠠᠶ᠋ᠢ ᠬᠤᠶᠠᠷ ᠨᠢᠳᠦᠨ᠎ᠳᠡᠭᠡᠨ ᠰᠡᠭᠦᠳᠡᠷᠯᠡᠵᠤ
ᠭᠠᠭ᠍ᠴᠠᠭᠠᠷᠳᠠᠯ᠎ᠤᠨ ᠨᠢᠯᠪᠦᠰᠦ᠎ᠪᠠᠨ ᠠᠷᠴᠢᠯ᠎ᠠ᠃