ᠣᠷᠴᠢᠯᠠᠩᠤᠨ ᠰᠣᠨᠣᠷ ᠠᠳᠡ ᠠᠮᠠᠷᠠᠨᠠ
ᠣᠳᠣᠨᠤ ᠭᠡᠷᠡᠯ ᠴᠦ᠍ ᠠᠳᠡ ᠨᠣᠢᠷᠰᠣᠨᠠ
ᠦᠨᠳᠦᠷ ᠲᠡᠭ᠌ᠷᠢ ᠠᠳᠡ ᠠᠮᠣᠰᠭᠢᠨᠠ
ᠦᠷᠭᠡᠨ ᠲᠠᠯᠠ ᠠᠳᠡ ᠰᠣᠨᠣᠰᠭᠢᠨᠡ
ᠲᠡᠮᠦᠷᠤᠨ ᠵᠢᠪᠡᠭᠦᠨ ᠲᠠᠭᠤ ᠠᠳᠡ ᠬᠦᠷᠦᠭᠡᠳ ᠣᠨᠲᠠᠷᠠᠨᠠ
ᠲᠡᠣᠬᠡᠶ᠋ᠢᠨ ᠰᠠᠮᠠᠭᠤᠨ ᠴᠢᠮᠡᠭᠡ ᠠᠳᠡ ᠬᠦᠷᠦᠭᠡᠳ ᠵᠣᠭ᠍ᠰᠣᠨᠠ
ᠬᠦᠮᠦᠨᠤ ᠬᠠᠷᠠ ᠱᠣᠣᠭᠢᠶᠠᠨ ᠠᠳᠡ ᠬᠦᠷᠦᠭᠡᠳ ᠠᠷᠢᠯᠣᠨᠠ
ᠬᠦᠰᠭᠡᠶ᠋ᠢᠨ ᠵᠠᠪᠠᠭᠠᠨ ᠴᠣᠣᠷᠢᠶᠠ ᠠᠳᠡ ᠬᠦᠷᠦᠭᠡᠳ ᠲᠠᠯᠠᠷᠠᠨᠠ
ᠬᠠᠷᠢᠶᠠᠯᠤᠨ ᠪᠣᠵᠠᠷ ᠬᠠᠰᠭᠢᠷᠤᠭᠠ ᠠᠳᠡ ᠦᠭᠡᠢ
ᠬᠠᠨᠢᠶᠠᠳᠣᠶ᠋ᠢᠨ ᠪᠣᠬᠢᠷ ᠠᠭ᠍ᠰᠠᠭᠠ ᠠᠳᠡ ᠦᠭᠡᠢ
ᠬᠠᠳᠠ ᠮᠣᠳᠣ ᠠᠳᠡ ᠬᠠᠮᠤᠭ ᠭᠦᠨ ᠨᠠᠪᠳᠡᠷᠡᠯᠴᠡᠭᠡᠳ
ᠬᠠᠮᠤᠭ ᠪᠦᠬᠦᠨ ᠠᠳᠡ ᠨᠠᠮ ᠵᠢᠮᠳᠤ ᠠᠭᠤᠰᠣᠭᠠᠳ
ᠴᠠᠷᠴᠠᠬᠠᠢᠶ᠋ᠢᠨ ᠴᠠᠷᠭᠢᠶᠠ ᠬᠤᠯᠡ ᠰᠦᠮᠡᠯᠵᠡᠭᠡᠳ
ᠴᠢᠮᠡᠭᠡ ᠠᠨᠢᠷᠤᠨ ᠴᠢᠮᠡᠭᠢ ᠮᠡᠳᠡᠭᠦᠯᠬᠦ᠌ ᠲᠡᠳᠦᠢ
ᠴᠠᠭᠠᠨ ᠮᠠᠨᠠᠨᠤ ᠨᠡᠭᠦᠳᠡᠯ ᠦᠯᠦ᠍ ᠮᠡᠳᠡᠭ ᠠᠨᠢᠷᠳᠣᠭᠠᠳ
ᠴᠠᠭᠠᠨ ᠲᠣᠩᠭᠠᠯᠠᠭ ᠰᠡᠳᠭᠢᠯᠢ ᠴᠢᠭ᠌ᠯᠡᠭᠦᠯᠬᠦ᠌ ᠲᠡᠳᠦᠢ
ᠮᠠᠭᠤ ᠰᠡᠳᠭᠢᠯ ᠲᠦᠷᠦᠬᠦ᠌ ᠦᠭᠡᠢ ᠭᠬᠢᠷ ᠦᠭᠡᠢ ᠨᠠᠮ ᠵᠢᠮ
ᠮᠣᠬᠤᠷ ᠪᠣᠳᠣᠯ ᠣᠷᠣᠬᠤ ᠦᠬᠡᠢ ᠲᠣᠷᠳᠤᠭ ᠦᠭᠡᠢ ᠨᠠᠮ ᠵᠢᠮ
ᠮᠢᠩᠭᠠᠨ ᠭᠠᠯᠪᠠ ᠪᠣᠬᠢᠷᠳᠣᠭᠠ ᠦᠬᠡᠢ ᠠᠷᠢᠭᠤᠨ ᠨᠠᠮ ᠵᠢᠮ
ᠮᠢᠩᠭᠠᠨ ᠯᠠᠢᠶ᠋ᠢᠨ ᠦᠷᠢ ᠦᠭᠡᠢ ᠠᠮᠣᠭᠤᠯᠠᠩ ᠨᠠᠮ ᠵᠢᠮ
ᠴᠢᠮᠡᠭᠡ ᠦᠭᠡᠢᠳᠤ ᠰᠠᠨᠠᠭᠠ ᠰᠡᠳᠭᠢᠯ ᠲᠣᠩᠭᠠᠯᠠᠭ ᠠᠮᠣᠭᠤᠯᠠᠩ
ᠴᠢᠮᠡᠭᠡ ᠦᠭᠡᠢᠳᠤ ᠣᠶᠣᠨ ᠪᠢᠯᠢᠭ ᠭᠦᠨ ᠭᠦᠨᠵᠡᠭᠡᠢ
ᠲᠣᠩᠭᠠᠯᠠᠭ ᠠᠮᠣᠭᠤᠯᠠᠩᠳᠤ ᠶᠠᠭᠤᠮᠠ ᠪᠦᠬᠦᠨ ᠦᠩᠭᠡᠲᠠᠢ
ᠲᠣᠩᠭᠠᠯᠠᠭ ᠠᠮᠣᠭᠤᠯᠠᠩᠳᠤ ᠶᠠᠭᠤᠮᠠ ᠪᠦᠬᠦᠨ ᠭᠡᠷᠡᠯᠲᠠᠢ