ᠠᠷᠠᠳ᠎ᠤᠨ ᠠᠮᠠᠨ ᠵᠣᠬᠢᠶᠠᠯ᠎ᠤᠨ ᠤᠷᠴᠢᠭᠤᠯᠭ᠎ᠠ ᠵᠢᠨ ᠤᠴᠢᠷ ᠤᠳᠬ᠎ᠠ
2026-06-10 15:30:24
ᠵᠣᠬᠢᠶᠠᠭ᠍ᠴᠢ᠄
​ ᠴᠤᠤᠷᠢᠶ᠎ᠠ
ᠣᠩᠱᠢᠭ᠍ᠰᠠᠨ ᠣᠳᠠᠭ᠎ᠠ᠄
★★★☆☆

ᠠᠷᠠᠳ᠎ᠤᠨ ᠠᠮᠠᠨ ᠵᠣᠬᠢᠶᠠᠯ ᠪᠣᠯ ᠪᠠᠶᠠᠨ ᠲᠠᠩᠰᠤᠭ ᠤᠳᠬ᠎ᠠ ᠠᠭᠤᠯᠭ᠎ᠠ ᠪᠠ ᠤᠷᠠᠨ ᠰᠠᠶ᠋ᠢᠬᠠᠨ ᠬᠡᠯᠡ ᠬᠡᠯᠡᠯᠭᠡ ᠪᠦᠬᠦᠢ ᠦᠨᠳᠦᠰᠦᠲᠡᠨ᠎ᠦ ᠵᠠᠩ ᠳᠠᠳᠬᠠᠯ ᠦᠵᠡᠯ ᠤᠬᠠᠮᠰᠠᠷ᠎ᠢ ᠠᠭᠰᠢᠭᠠᠨ ᠰᠢᠩᠭᠡᠭᠡᠭᠰᠡᠨ ᠦᠨᠳᠦᠰᠦᠲᠡᠨ᠎ᠦ ᠰᠣᠶᠣᠯ᠎ᠤᠨ ᠮᠣᠯᠣᠷ ᠡᠷᠳᠡᠨᠢ ᠪᠣᠯᠣᠨ᠎ᠠ᠃ ᠡᠶ᠋ᠢᠮᠦ᠍ ᠤᠳᠬ᠎ᠠ ᠰᠣᠶᠣᠯ᠎ᠤᠨ ᠬᠦᠨᠳᠦ ᠴᠢᠬᠤᠯᠠ ᠪᠠᠶ᠋ᠢᠷᠢ ᠰᠠᠭᠤᠷᠢ ᠲᠠᠢ ᠪᠠᠶ᠋ᠢᠳᠠᠭ᠎ᠤᠴᠢᠷ᠎ᠠᠴᠠ ᠠᠮᠠᠨ ᠵᠣᠬᠢᠶᠠᠯ᠎ᠤᠨ ᠣᠷᠴᠢᠭᠤᠯᠭ᠎ᠠ᠎ᠶᠢᠨ ᠰᠤᠳᠤᠯᠭ᠎ᠠ ᠪᠠ ᠦᠢᠯᠡᠳᠦᠯᠭᠡ ᠨᠢ ᠶᠡᠷᠦ᠎ᠡᠴᠡ ᠬᠥᠮᠥᠰ᠎ᠦᠨ ᠠᠩᠬᠠᠷᠤᠯ᠎ᠢ ᠲᠠᠲᠠᠭᠰᠠᠭᠠᠷ ᠢᠷᠡᠭᠰᠡᠨ ᠪᠢᠯᠡ᠃

ᠠᠮᠠᠨ ᠵᠣᠬᠢᠶᠠᠯ᠎ᠤᠨ ᠲᠣᠭᠯᠠᠯᠲᠠ᠎ᠶᠢᠨ ᠣᠨᠣᠯ᠎ᠤᠨ ᠬᠠᠷᠠᠭᠠᠰᠤ᠎ᠠᠴᠠ ᠦᠵᠡᠪᠡᠯ᠂ ᠠᠮᠠᠨ ᠵᠣᠬᠢᠶᠠᠯ᠎ᠤᠨ ᠲᠣᠭᠯᠠᠬᠤ ᠦᠢᠯᠡ ᠨᠢ ᠣᠷᠴᠢᠭᠤᠯᠭ᠎ᠠ᠎ᠶᠢᠨ ᠦᠢᠯᠡᠳᠦᠯᠭᠡ ᠯᠤᠭᠡ ᠶᠠᠪᠤᠴᠠ ᠥᠩᠭᠡᠷᠡᠯᠲᠡ᠎ᠶᠢᠨ ᠲᠠᠯ᠎ᠠ᠎ᠪᠠᠷ ᠠᠳᠠᠯᠢᠪᠲᠤᠷ ᠰᠢᠨᠵᠢ ᠲᠡᠢ᠂ ᠴᠥᠮ ᠣᠶ᠋ᠢᠯᠠᠭᠠᠬᠤ ᠪᠠ ᠢᠯᠡᠷᠡᠭᠦᠯᠬᠦ᠌ ᠶᠠᠪᠤᠴᠠ᠎ᠪᠠᠷ ᠪᠦᠷᠢᠯᠳᠦᠭᠰᠡᠨ ᠶᠤᠮ᠃ ᠪᠣᠳᠠᠲᠠᠢ ᠶᠠᠷᠢᠪᠠᠯ᠂ ᠠᠮᠠᠨ ᠵᠣᠬᠢᠶᠠᠯ᠎ᠦᠨ ᠤᠯᠠᠮᠵᠢᠯᠠᠭᠴᠢ ᠠᠮᠠᠨ ᠵᠣᠬᠢᠶᠠᠯ᠎ᠢ ᠰᠤᠷᠴᠤ᠌ ᠵᠠᠯᠭᠠᠮᠵᠢᠯᠠᠬᠤ᠎ᠳᠠᠭᠠᠨ ᠥᠪᠡᠷ᠎ᠦᠨ ᠪᠠᠭᠰᠢ ᠪᠤᠶᠤ ᠪᠤᠰᠤᠳ ᠤᠯᠠᠮᠵᠢᠯᠠᠭᠴᠢ᠂ ᠡᠰᠡᠬᠦᠯ᠎ᠡ ᠬᠠᠭᠤᠯᠪᠤᠷᠢ ᠳᠡᠪᠲᠡᠷ ᠵᠡᠷᠭᠡ ᠳᠡᠪᠲᠡᠷ ᠪᠢᠴᠢᠭ᠎ᠡᠴᠡ ᠰᠤᠷᠴᠤ᠌ ᠡᠵᠡᠮᠰᠢᠳᠡᠭ᠃ ᠲᠡᠭᠡᠭᠡᠳ ᠵᠦᠢᠯ ᠪᠦᠷᠢ᠎ᠶᠢᠨ ᠢᠯᠡᠳᠬᠡᠬᠦ᠌ ᠠᠷᠭ᠎ᠠ᠂ ᠤᠷᠠᠨ ᠨᠠᠶ᠋ᠢᠷᠠᠭᠤᠯᠭ᠎ᠠ᠎ᠶᠢᠨ ᠠᠷᠭ᠎ᠠ ᠵᠢᠴᠢ ᠳᠠᠭᠤᠤ ᠤᠷᠠᠯᠢᠭ᠎ᠤᠨ ᠠᠷᠭ᠎ᠠ᠎ᠪᠡᠷ ᠴᠢᠮᠡᠵᠤ ᠤᠷᠠᠯᠢᠭᠵᠢᠭᠤᠯᠤᠭᠠᠳ ᠰᠣᠨᠣᠰᠤᠭᠴᠢᠳ ᠲᠠᠭᠠᠨ ᠲᠣᠭᠯᠠᠵᠤ ᠦᠵᠡᠭᠦᠯᠦᠨ᠎ᠡ᠃ ᠣᠷᠴᠢᠭᠤᠯᠭ᠎ᠠ᠎ᠶᠢᠨ ᠦᠢᠯᠡᠳᠦᠯᠭᠡ᠎ᠳᠦ᠂ ᠣᠷᠴᠢᠭᠤᠯᠤᠭᠴᠢ ᠪᠢᠷ ᠲᠠᠯᠪᠢᠵᠤ ᠣᠷᠴᠢᠭᠤᠯᠬᠤ᠎ᠡᠴᠡ ᠡᠮᠦᠨ᠎ᠡ ᠣᠷᠴᠢᠭᠤᠯᠬᠤ ᠭᠡᠵᠦ᠍ ᠪᠠᠶ᠋ᠢᠭ᠎ᠠ ᠡᠬᠡ ᠲᠧᠺᠰᠲ᠎ᠢ ᠭᠦᠨᠵᠡᠭᠡᠢ ᠣᠶ᠋ᠢᠯᠠᠭᠠᠭᠰᠠᠨ᠎ᠤ ᠰᠠᠭᠤᠷᠢᠨ ᠳᠡᠭᠡᠷ᠎ᠡ ᠦᠭᠡ ᠦᠰᠦᠭ᠎ᠦᠨ ᠤᠳᠬ᠎ᠠ᠂ ᠬᠡᠯᠡᠨ ᠵᠦᠢ᠎ᠶᠢᠨ ᠵᠠᠷᠴᠢᠮ᠂ ᠬᠠᠨᠳᠤᠭᠤᠯᠤᠭᠰᠠᠨ ᠤᠩᠰᠢᠭᠴᠢᠳ᠎ᠤᠨ ᠬᠠᠮᠲᠤ ᠨᠡᠢᠲᠡ ᠵᠡᠷᠭᠡ ᠣᠯᠠᠨ ᠲᠠᠯ᠎ᠠ᠎ᠶᠢᠨ ᠡᠯᠧᠮᠧᠨ᠋ᠲ᠎ᠢ ᠪᠣᠳᠣᠯᠬᠢᠯᠠᠭᠠᠳ ᠬᠠᠷᠠᠯᠲᠠ ᠬᠡᠯᠡ ᠲᠡᠶ᠋ᠢᠰᠢ ᠣᠷᠴᠢᠭᠤᠯᠵᠤ ᠡᠬᠡ ᠲᠧᠺᠰᠲ᠎ᠦᠨ ᠠᠭᠤᠯᠭ᠎ᠠ ᠤᠳᠬ᠎ᠠ᠎ᠶᠢ ᠳᠠᠬᠢᠨ ᠢᠯᠡᠷᠡᠭᠦᠯᠳᠡᠭ᠃ ᠡᠭᠦᠪᠡᠷ ᠦᠵᠡᠪᠡᠯ ᠠᠮᠠᠨ ᠵᠣᠬᠢᠶᠠᠯ᠎ᠤᠨ ᠲᠣᠭᠯᠠᠬᠤ ᠦᠢᠯᠡ ᠪᠠ ᠣᠷᠴᠢᠭᠤᠯᠭ᠎ᠠ᠎ᠶᠢᠨ ᠦᠢᠯᠡᠳᠦᠯᠭᠡ ᠨᠢ ᠶᠠᠪᠤᠴᠠ ᠥᠩᠭᠡᠷᠡᠯᠲᠡ᠎ᠶᠢᠨ ᠲᠠᠯ᠎ᠠ᠎ᠪᠠᠷ ᠠᠳᠠᠯᠢᠬᠠᠨ ᠪᠠᠶ᠋ᠢᠬᠤ ᠨᠢ ᠢᠯᠡᠬᠡᠨ ᠪᠣᠯᠪᠠ᠃

ᠬᠡᠪᠯᠡᠯ ᠮᠡᠳᠡᠭᠡᠯᠡᠯ ᠪᠠ ᠪᠢᠷ᠎ᠦᠨ ᠣᠷᠴᠢᠭᠤᠯᠭ᠎ᠠ᠎ᠶᠢᠨ ᠦᠢᠯᠡᠰ ᠶᠡᠬᠡ᠎ᠪᠡᠷ ᠬᠥᠭᠵᠢᠵᠦ᠍ ᠡᠬᠢᠯᠡᠬᠦ᠌᠎ᠡᠴᠡ ᠡᠮᠦᠨ᠎ᠡ ᠭᠡᠴᠢᠨᠡᠭᠡᠨ ᠣᠯᠠᠨ ᠵᠢᠯ᠎ᠳᠤ᠂ ᠠᠮᠠᠨ ᠵᠣᠬᠢᠶᠠᠯ ᠥᠪᠡᠷ᠎ᠦᠨ ᠭᠡᠰᠡᠨ ᠷᠢᠳᠢ ᠰᠢᠳᠢ᠎ᠪᠡᠷ᠎ᠢᠶᠡᠨ ᠭᠠᠵᠠᠷ ᠣᠷᠣᠨ᠎ᠤ ᠬᠦᠯᠢᠶᠡᠰᠦᠯᠡᠯ᠂ ᠦᠭᠡ ᠬᠡᠯᠡᠨ᠎ᠦ ᠬᠢᠵᠠᠭᠠᠷᠯᠠᠯ᠎ᠢ ᠳᠠᠪᠠᠨ ᠦᠨᠳᠦᠰᠦᠲᠡᠨ ᠨᠤᠭᠦᠳ᠎ᠤᠨ ᠣᠯᠠᠨ ᠲᠦᠮᠡᠨ᠎ᠦ ᠳᠤᠮᠳᠠ ᠤᠯᠠᠮᠵᠢᠯᠠᠭᠳᠠᠨ ᠲᠠᠷᠬᠠᠵᠤ᠂ ᠬᠥᠮᠥᠰ᠎ᠦᠨ ᠪᠠᠬᠠᠷᠬᠠᠯ ᠲᠠᠭᠠᠰᠢᠶᠠᠯ᠎ᠢ ᠣᠯᠵᠤ ᠪᠠᠶ᠋ᠢᠵᠠᠢ᠃ ᠵᠢᠱ᠌ᠢᠶ᠎ᠡ ᠲᠠᠲᠠᠨ ᠶᠠᠷᠢᠬᠤ᠎ᠳᠤ᠂ ᠲᠥᠪᠡᠳ ᠦᠨᠳᠦᠰᠦᠲᠡᠨ ᠪᠠ ᠮᠣᠩᠭᠣᠯ ᠦᠨᠳᠦᠰᠦᠲᠡᠨ᠎ᠦ ᠬᠠᠮᠲᠤ᠎ᠶᠢᠨ ᠠᠮᠠᠨ ᠵᠣᠬᠢᠶᠠᠯ᠎ᠤᠨ ᠭᠡᠷᠡᠯᠲᠦ᠍ ᠰᠤᠪᠤᠳ ᠪᠣᠯᠣᠭᠰᠠᠨ ᠪᠠᠭᠠᠲᠤᠷᠯᠢᠭ ᠲᠤᠤᠯᠢ 《ᠭᠡᠰᠡᠷ》 ᠭᠠᠵᠠᠷ ᠣᠷᠣᠨ ᠦᠭᠡ ᠬᠡᠯᠡ᠎ᠶᠢᠨ ᠬᠦᠯᠢᠶᠡᠰᠦᠯᠡᠯ᠎ᠢ ᠳᠠᠪᠠᠵᠤ ᠨᠤᠲᠤᠭ᠎ᠣᠷᠣᠨ᠎ᠤ ᠥᠯᠥᠭᠡᠢ᠎ᠡᠴᠡ ᠥᠷᠭᠡᠨ ᠳᠡᠯᠭᠡᠷ ᠭᠠᠵᠠᠷ ᠣᠷᠣᠨ᠎ᠤ ᠣᠯᠠᠨ ᠲᠦᠮᠡᠨ᠎ᠦ ᠪᠠᠬᠠᠷᠬᠠᠯ᠎ᠳᠤ ᠬᠦᠷᠴᠦ᠍ ᠪᠠᠶ᠋ᠢᠭᠰᠠᠨ ᠶᠤᠮ᠃ 《ᠭᠡᠰᠡᠷ》 ᠨᠢ ᠲᠥᠪᠡᠳ ᠦᠨᠳᠦᠰᠦᠲᠡᠨ᠎ᠦ ᠡᠷᠲᠡᠨ᠎ᠦ ᠳᠣᠮᠣᠭ ᠦᠯᠢᠭᠡᠷ ᠪᠠ ᠲᠡᠦᠬᠡᠨ ᠶᠠᠷᠢᠶᠠᠨ᠎ᠤ ᠰᠠᠭᠤᠷᠢᠨ ᠳᠡᠭᠡᠷ᠎ᠡ ᠵᠣᠬᠢᠶᠠᠭᠳᠠᠵᠤ ᠂ ᠵᠠᠩ ᠳᠠᠳᠬᠠᠯ ᠱᠠᠰᠢᠨ ᠰᠢᠲᠦᠯᠭᠡ ᠵᠡᠷᠭᠡ ᠦᠨᠳᠦᠰᠦᠲᠡᠨ᠎ᠦ ᠰᠣᠶᠣᠯ᠎ᠤᠨ ᠪᠠᠶᠠᠯᠢᠭ ᠠᠭᠤᠯᠭ᠎ᠠ᠎ᠶᠢ ᠠᠭᠤᠰᠬᠠᠨ᠂ ᠠᠷᠠᠳ᠎ᠤᠨ ᠣᠶᠣᠨ ᠪᠢᠯᠢᠭ᠎ᠢ ᠰᠢᠩᠭᠡᠭᠡᠭᠡᠳ ᠦᠢᠯᠡ ᠶᠠᠪᠤᠳᠠᠯ ᠪᠠᠶᠠᠯᠢᠭ ᠰᠠᠶ᠋ᠢᠬᠠᠨ ᠤᠳᠬ᠎ᠠ ᠰᠠᠨᠠᠭ᠎ᠠ ᠭᠦᠨ ᠭᠦᠨᠵᠡᠭᠡᠢ ᠤᠷᠠᠨ ᠪᠦᠲᠦᠭᠡᠯ ᠪᠣᠯᠵᠤ ᠪᠦᠷᠢᠯᠳᠦᠨ᠂ ᠲᠥᠪᠡᠳ ᠦᠨᠳᠦᠰᠦᠲᠡᠨ ᠪᠠ ᠮᠣᠩᠭᠣᠯ ᠦᠨᠳᠦᠰᠦᠲᠡᠨ᠎ᠦ ᠰᠣᠶᠣᠯ᠎ᠤᠨ ᠰᠣᠯᠢᠯᠴᠠᠭ᠎ᠠ᠎ᠶᠢᠨ ᠳᠠᠭᠠᠤ ᠮᠣᠩᠭᠣᠯ ᠣᠷᠣᠨ᠎ᠳᠤ ᠳᠡᠯᠭᠡᠷᠡᠵᠦ᠍ ᠳᠠᠬᠢᠨ ᠪᠦᠲᠦᠭᠡᠭᠳᠡᠭᠰᠡᠨ ᠶᠤᠮ᠃ ᠡᠭᠦᠪᠡᠷ ᠪᠠᠷᠠᠬᠤ ᠦᠭᠡᠢ᠂ 《ᠭᠡᠰᠡᠷ》 ᠪᠠᠰᠠ ᠮᠠᠨ᠎ᠤ ᠤᠯᠤᠰ᠎ᠤᠨ ᠮᠣᠩᠭᠣᠷ᠂ ᠨᠠᠰᠢ ᠵᠡᠷᠭᠡ ᠦᠨᠳᠦᠰᠦᠲᠡᠨ᠎ᠦ ᠭᠠᠵᠠᠷ ᠣᠷᠣᠨ᠎ᠳᠤ ᠥᠷᠭᠡᠨ ᠳᠡᠯᠭᠡᠷᠡᠵᠦ᠍᠂ ᠬᠣᠵᠢᠮ ᠨᠢ ᠪᠢᠷ᠎ᠦᠨ ᠣᠷᠴᠢᠭᠤᠯᠭ᠎ᠠ᠎ᠶᠢᠨ ᠠᠵᠢᠯᠯᠠᠭ᠎ᠠ᠎ᠪᠠᠷ ᠳᠠᠮᠵᠢᠨ ᠭᠧᠷᠮᠠᠨ᠂ ᠣᠷᠣᠰ᠂ ᠠᠩᠭ᠌ᠯᠢ᠂ ᠹᠷᠠᠨᠼᠢ᠂ ᠶᠠᠫᠤᠨ᠂ ᠢᠰᠫᠠᠨᠢ ᠵᠡᠷᠭᠡ ᠣᠯᠠᠨ ᠬᠡᠯᠡᠨ᠎ᠳᠦ ᠬᠡᠪᠯᠡᠭᠳᠡᠨ ᠨᠡᠶ᠋ᠢᠲᠡᠯᠡᠭᠳᠡᠵᠦ᠍ ᠳᠡᠯᠡᠬᠡᠢ ᠳᠠᠶᠠᠭᠠᠷ᠎ᠤᠨ ᠬᠠᠷᠠᠭᠠᠨ᠎ᠳᠤ ᠲᠣᠳᠣᠷᠠᠭᠰᠠᠨ ᠪᠢᠯᠡ᠃

《ᠭᠡᠰᠡᠷ》 ᠮᠡᠲᠦ᠍ ᠦᠨᠳᠦᠰᠦᠲᠡᠨ᠎ᠤ ᠰᠣᠶᠣᠯ ᠵᠠᠩᠰᠢᠯ᠎ᠤᠨ ᠠᠭᠤᠯᠭ᠎ᠠ ᠡᠯᠧᠮᠧᠨ᠋ᠲ᠎ᠢ ᠪᠠᠶᠠᠯᠢᠭ ᠠᠭᠤᠯᠬᠤ ᠠᠮᠠᠨ ᠵᠣᠬᠢᠶᠠᠯ᠎ᠤᠨ ᠪᠦᠲᠦᠭᠡᠯ᠎ᠢ᠎ᠥᠭᠡᠷ᠎ᠡ ᠬᠡᠯᠡ ᠲᠡᠶ᠋ᠢᠰᠢ᠂ ᠢᠯᠠᠩᠭᠤᠶ᠎ᠠ ᠬᠠᠷᠢᠶᠠᠯᠠᠬᠤ ᠰᠣᠶᠣᠯ᠎ᠤᠨ ᠬᠦᠷᠢᠶ᠎ᠡ᠎ᠡᠴᠡ ᠬᠣᠯᠠᠳᠠᠭᠰᠠᠨ ᠥᠭᠡᠷ᠎ᠡ ᠦᠨᠳᠦᠰᠦᠲᠡᠨ᠎ᠦ ᠬᠡᠯᠡ ᠲᠡᠶ᠋ᠢᠰᠢ ᠣᠷᠴᠢᠭᠤᠯᠬᠤ ᠦᠶ᠎ᠡ᠎ᠳᠦ ᠠᠯᠢ ᠣᠯᠠᠨ ᠲᠦᠪᠡᠭ ᠪᠤᠳᠤᠯᠢᠶᠠᠨᠲᠠᠢ ᠠᠰᠠᠭᠤᠳᠠᠯ᠎ᠤᠳ ᠲᠤᠯᠭᠠᠷᠠᠳᠠᠭ᠃ ᠡᠭᠦᠨ᠎ᠦ ᠳᠣᠲᠣᠷ᠎ᠠ ᠦᠭᠡ᠎ᠶᠢᠨ ᠰᠠᠩ᠎ᠤᠨ ᠤᠳᠬ᠎ᠠ ᠲᠡᠩᠴᠡᠭᠦᠦ ᠪᠤᠰᠤ ᠪᠠᠶ᠋ᠢᠬᠤ ᠠᠰᠠᠭᠤᠳᠠᠯ ᠪᠣᠯ ᠬᠠᠮᠤᠭ᠎ᠠᠴᠠ ᠢᠯᠡᠭᠦᠦ ᠳᠣᠬᠢᠶᠠᠯᠳᠤᠬᠤ ᠠᠰᠠᠭᠤᠳᠠᠯ᠎ᠦᠨ ᠨᠢᠭᠡ ᠪᠣᠯᠣᠨ᠎ᠠ᠃ ᠤᠯᠤᠰ ᠦᠨᠳᠦᠰᠦᠲᠡᠨ ᠨᠢᠭᠡ ᠪᠦᠷᠢ᠎ᠶᠢᠨ ᠠᠮᠢᠳᠤᠷᠠᠵᠤ ᠪᠠᠶ᠋ᠢᠭ᠎ᠠ ᠪᠠᠶ᠋ᠢᠭᠠᠯᠢ ᠨᠡᠶ᠋ᠢᠭᠡᠮ᠎ᠦᠨ ᠣᠷᠴᠢᠨ ᠨᠥᠬᠥᠴᠡᠯ᠎ᠦᠨ ᠪᠤᠰᠤᠳᠴᠢ ᠢᠯᠭᠠᠭ᠎ᠠ ᠵᠥᠷᠢᠶ᠎ᠡ᠎ᠠᠴᠠ ᠪᠣᠯᠵᠤ ᠢᠵᠢᠯ ᠪᠤᠰᠤ ᠦᠨᠳᠦᠰᠦᠲᠡᠨ ᠶᠠᠰᠤᠲᠠᠳ ᠢᠵᠢᠯ ᠨᠢᠭᠡ ᠬᠡᠷᠡᠭ ᠪᠣᠳᠠᠰ᠎ᠤᠨ ᠲᠤᠬᠠᠢ ᠢᠵᠢᠯ ᠪᠤᠰᠤ ᠣᠪᠣᠷ ᠦᠵᠡᠯᠲᠡ᠎ᠶᠢ ᠪᠠᠷᠢᠮᠲᠠᠯᠠᠳᠠᠭ ᠪᠠᠶ᠋ᠢᠵᠤ᠂ ᠥᠩᠭᠡ᠂ ᠦᠵᠡᠮᠵᠢ᠂ ᠠᠮᠢᠲᠠᠨ ᠤᠷᠭᠤᠮᠠᠯ᠂ ᠡᠳ᠋ ᠪᠣᠳᠠᠰ ᠵᠡᠷᠭᠡ ᠶᠠᠭᠤᠮᠠᠰ᠎ᠤᠨ ᠠᠯᠢ᠎ᠨᠢ ᠴᠤ᠌ ᠭᠡᠳ ᠠᠳᠠᠯᠢ ᠪᠤᠰᠤ ᠰᠣᠶᠣᠯ᠎ᠤᠨ ᠤᠳᠬ᠎ᠠ᠎ᠶᠢ ᠠᠭᠤᠯᠵᠤ ᠪᠠᠶ᠋ᠢᠬᠤ ᠪᠣᠯᠣᠮᠵᠢ ᠲᠠᠢ᠃ ᠵᠢᠱ᠌ᠢᠶᠡᠯᠡᠪᠡᠯ ᠮᠣᠩᠭᠣᠯᠴᠤᠳ ᠡᠷᠲᠡᠨ᠎ᠡᠴᠡ᠎ᠪᠡᠨ ᠠᠪᠤᠭᠠᠳ ᠳᠣᠲᠣᠭᠠᠳᠤ ᠬᠠᠭᠤᠷᠠᠢ᠎ᠳᠤ ᠠᠵᠤ ᠲᠥᠷᠥᠳᠡᠭ ᠤᠴᠢᠷ᠎ᠠᠴᠠ ᠮᠣᠩᠭᠣᠯ ᠬᠡᠯᠡᠨ᠎ᠦ ᠦᠭᠡ᠎ᠶᠢᠨ ᠰᠠᠩ᠎ᠳᠤ ᠣᠩᠭᠣᠴᠠᠨ᠎ᠤ ᠲᠤᠬᠠᠢ ᠦᠭᠡ 《ᠣᠩᠭᠣᠴᠠ᠂ ᠬᠥᠯᠭᠡ᠂ ᠰᠠᠯ᠂ ᠵᠠᠪᠢ》 ᠵᠡᠷᠬᠡ ᠬᠡᠳᠦᠬᠡᠨ ᠪᠠᠶ᠋ᠢᠳᠠᠭ ᠲᠡᠳᠦᠢ ᠦᠭᠡᠢ ᠦᠭᠡ ᠪᠦᠷᠢ᠎ᠶᠢᠨ ᠤᠳᠬ᠎ᠠ ᠨᠢ ᠴᠤ᠌ ᠬᠠᠷᠢᠴᠠᠩᠭᠤᠢ ᠢᠪᠴᠤᠤ ᠪᠠᠶ᠋ᠢᠳᠠᠭ; ᠬᠠᠷᠢᠨ ᠠᠩᠭ᠌ᠯᠢ ᠬᠡᠯᠡᠨ᠎ᠳᠦ ᠣᠩᠭᠣᠴᠠ᠎ᠶᠢ ᠬᠡᠷᠡᠭᠴᠡᠭᠡ᠂ ᠦᠢᠯᠡᠳᠦᠯ᠂ ᠶᠡᠬᠡ ᠪᠠᠭ᠎ᠠ᠎ᠪᠠᠷ ᠨᠢ ᠣᠯᠠᠨ ᠶᠠᠩᠵᠤ᠎ᠪᠠᠷ ᠲᠤᠰᠬᠠᠢ ᠨᠡᠷᠡᠯᠡᠳᠡᠭ ᠮᠥᠷᠲᠡᠭᠡᠨ ᠦᠭᠡ ᠪᠦᠷᠢ᠎ᠳᠦᠨᠢ ᠠᠳᠠᠯᠢ ᠪᠤᠰᠤ ᠰᠣᠶᠣᠯ᠎ᠤᠨ ᠤᠳᠬ᠎ᠠ ᠎ᠶᠢ ᠠᠭᠤᠯᠵᠤ ᠪᠠᠶ᠋ᠢᠳᠠᠭ᠃ ᠲᠡᠭᠦᠨ᠎ᠡᠴᠡ ᠬᠡᠳᠦ᠎ᠶᠢ ᠳᠤᠷᠠᠳᠪᠠᠯ ᠠᠩᠭ᠌ᠯᠢ ᠬᠡᠯᠡᠨ᠎ᠳᠦ ᠣᠩᠭᠣᠴᠠᠨ᠎ᠤ ᠲᠤᠬᠠᠢ ᠦᠭᠡ 《ship (ᠣᠩᠭᠣᠴᠠ)》 ᠂ 《vessel (ᠬᠥᠯᠭᠡ)》᠂ 《boat (ᠵᠠᠪᠢ)》᠂ 《raft (ᠰᠠᠯ)》 ᠵᠡᠷᠭᠡ ᠪᠠᠶ᠋ᠢᠳᠠᠭ᠎ᠠᠴᠠ ᠭᠠᠳᠠᠨ᠎ᠠ ᠪᠠᠰᠠ 《trawler (ᠴᠢᠷᠦᠭᠦᠯ ᠲᠣᠣᠷᠲᠤ᠌ ᠣᠩᠭᠣᠴᠠ)》᠂ 《dory (ᠲᠡᠭᠰᠢ ᠰᠠᠭᠤᠷᠢᠲᠤ᠌ ᠵᠢᠭᠠᠰᠤ ᠠᠩᠨᠠᠬᠤ ᠣᠩᠭᠣᠴᠠ)》᠂ 《whaler (ᠬᠠᠯᠢᠮᠤ ᠠᠩᠨᠠᠬᠤ ᠣᠩᠭᠣᠴᠠ)》᠂ 《tanker (ᠲᠣᠰᠣ ᠲᠡᠭᠡᠭᠡᠬᠦ᠌ ᠣᠩᠭᠣᠴᠠ)》 ᠭᠡᠬᠦ᠌ ᠮᠡᠲᠦ᠍ ᠲᠤᠰᠬᠠᠢ ᠨᠡᠷᠡᠯᠡᠭᠰᠡᠨ ᠦᠭᠡᠰ ᠪᠠᠶ᠋ᠢᠵᠤ᠂ ᠡᠯᠪᠡᠭ ᠵᠤᠵᠠᠭᠠᠨ ᠰᠣᠶᠣᠯ᠎ᠤᠨ ᠤᠳᠬ᠎ᠠ᠎ᠶᠢᠨ ᠠᠭᠤᠯᠤᠭᠳᠠᠬᠤᠨ ᠲᠠᠢ᠃ ᠵᠢᠱ᠌ᠢᠶᠡᠯᠡᠪᠡᠯ᠂ 《ship》 ᠨᠢ ᠣᠩᠭᠣᠴᠠ ᠭᠡᠬᠦ᠌ ᠤᠳᠬ᠎ᠠ᠎ᠠᠴᠠ ᠭᠠᠳᠠᠨ᠎ᠠ ᠪᠠᠰᠠ ᠬᠠᠮᠲᠤ᠌ ᠨᠡᠶ᠋ᠢᠲᠡ ᠪᠠ ᠤᠯᠤᠰ ᠣᠷᠣᠨ᠎ᠤ ᠬᠤᠪᠢ ᠵᠠᠶᠠᠭ᠎ᠠ᠂ ᠣᠷᠣᠰᠢᠨ ᠲᠣᠭᠲᠠᠨᠢᠬᠤ ᠣᠷᠣᠨ ᠵᠠᠢ ᠭᠡᠬᠦ᠌ ᠵᠡᠷᠭᠡ ᠤᠳᠬ᠎ᠠ᠎ᠶᠢ ᠬᠠᠳᠠᠭᠠᠯᠠᠵᠤ ᠪᠠᠶ᠋ᠢᠳᠠᠭ; 《raft》 ᠨᠢ ᠰᠠᠯ ᠬᠡᠮᠡᠬᠦ᠌ ᠤᠳᠬ᠎ᠠ᠎ᠠᠴᠠ ᠭᠠᠳᠠᠨ᠎ᠠ ᠪᠠᠰᠠ ᠠᠷᠪᠢᠨ᠂ ᠶᠡᠬᠡ ᠬᠡᠮᠵᠢᠶ᠎ᠡ ᠭᠡᠬᠦ᠌ ᠬᠡᠮᠵᠢᠭᠦᠷ ᠦᠭᠡ᠎ᠶᠢᠨ ᠤᠳᠬ᠎ᠠ ᠪᠠ ᠲᠦᠰᠢᠭ ᠲᠤᠯᠭᠠᠭᠤᠷᠢ ᠭᠡᠬᠦ᠌ ᠵᠡᠷᠭᠡ ᠤᠳᠬ᠎ᠠ᠎ᠶᠢ ᠬᠠᠳᠠᠭᠠᠯᠠᠵᠤ ᠪᠠᠶ᠋ᠢᠳᠠᠭ᠃ ᠢᠯᠠᠩᠭᠤᠶ᠎ᠠ ᠠᠮᠠᠨ ᠵᠣᠬᠢᠶᠠᠯ᠎ᠤᠨ ᠲᠧᠺᠰᠲ ᠨᠢ ᠲᠡᠦᠬᠡ᠎ᠶᠢᠨ ᠤᠬᠠᠭᠠᠨ᠂ ᠬᠥᠮᠥᠨ ᠲᠥᠷᠥᠯᠬᠢᠲᠡᠨ᠎ᠦ ᠰᠤᠳᠤᠯᠤᠯ᠂ ᠨᠡᠶ᠋ᠢᠭᠡᠮ᠎ᠦᠨ ᠰᠢᠨᠵᠢᠯᠡᠭᠡᠨ᠂ ᠬᠡᠯᠡ ᠰᠢᠨᠵᠢᠯᠡᠭᠡᠨ ᠵᠡᠷᠭᠡ ᠣᠯᠠᠨ ᠴᠠᠷ᠎ᠠ ᠬᠦᠷᠢᠶᠡᠨ᠎ᠳᠦ ᠬᠣᠯᠪᠣᠭᠳᠠᠵᠤ᠂ ᠰᠣᠯᠪᠢᠴᠠᠯ ᠰᠢᠨᠵᠢᠯᠡᠭᠡᠨ᠎ᠦ ᠰᠢᠨᠵᠢ᠎ᠪᠠᠷ ᠴᠢᠩᠭ᠎ᠠ᠂ ᠠᠮᠢᠳᠤᠷᠠᠯ ᠦᠢᠯᠡᠳᠪᠦᠷᠢᠯᠡᠯ᠎ᠦᠨ ᠡᠯ᠎ᠡ ᠲᠠᠯ᠎ᠠ᠎ᠳᠤ ᠬᠣᠯᠪᠣᠭᠳᠠᠳᠠᠭ ᠤᠴᠢᠷ᠎ᠠᠴᠠ ᠡᠳᠡᠭᠡᠷ ᠨᠥᠬᠥᠴᠡᠯ ᠨᠢ ᠠᠮᠠᠨ ᠵᠣᠬᠢᠶᠠᠯ᠎ᠤᠨ ᠣᠷᠴᠢᠭᠤᠯᠭ᠎ᠠ᠎ᠳᠦ ᠨᠡᠩ ᠥᠨᠳᠥᠷ ᠱᠠᠭᠠᠷᠳᠠᠯᠭ᠎ᠠ᠎ᠶᠢ ᠲᠠᠯᠪᠢᠵᠠᠢ᠃

ᠪᠦᠲᠦᠭᠡᠯ᠎ᠦᠨ᠎ᠢᠶᠠᠨ ᠠᠭᠤᠯᠭ᠎ᠠ᠎ᠶᠢ ᠪᠠᠶᠠᠯᠢᠭᠵᠢᠭᠤᠯᠵᠤ᠂ ᠢᠯᠡᠳᠬᠡᠬᠦ᠌ ᠵᠦᠢᠯᠡᠰ᠎ᠢᠶᠡᠨ ᠰᠠᠶ᠋ᠢᠲᠤᠷ ᠢᠯᠡᠳᠬᠡᠬᠦ᠌᠎ᠶᠢᠨ ᠲᠤᠯᠠᠳᠠ ᠠᠮᠠᠨ ᠵᠣᠬᠢᠶᠠᠯ᠎ᠤᠨ ᠣᠷᠴᠢᠭᠤᠯᠤᠭᠴᠢ ᠨᠠᠷ ᠵᠤᠵᠠᠭᠠᠨ ᠣᠷᠴᠢᠭᠤᠯᠭ᠎ᠠ᠎ᠶᠢᠨ ᠠᠷᠭ᠎ᠠ᠎ᠶᠢ ᠠᠰᠢᠭᠯᠠᠭᠰᠠᠭᠠᠷ ᠢᠷᠡᠭᠰᠡᠨ ᠶᠤᠮ᠃ ᠵᠤᠵᠠᠭᠠᠨ ᠣᠷᠴᠢᠭᠤᠯᠭ᠎ᠠ ᠶᠠᠭᠤ ᠪᠣᠢ ᠭᠡᠪᠡᠯ ᠲᠡᠷᠡ ᠨᠢ ᠴᠣᠬᠣᠯᠲᠠ᠂ ᠰᠡᠭᠦᠯ᠎ᠦᠨ ᠵᠡᠭᠦᠯᠲᠡ᠂ ᠬᠠᠵᠠᠭᠤ᠎ᠶᠢᠨ ᠵᠡᠭᠦᠯᠲᠡ᠂ ᠲᠧᠺᠰᠲ᠎ᠦᠨ ᠳᠤᠮᠳᠠ ᠲᠠᠶ᠋ᠢᠯᠪᠤᠷᠢᠯᠠᠨ ᠥᠭᠦᠯᠡᠬᠦ᠂ ᠲᠧᠺᠰᠲ᠎ᠦᠨ ᠭᠠᠳᠠᠨ᠎ᠠ ᠲᠣᠳᠣᠷᠬᠠᠶ᠋ᠢᠯᠠᠯᠲᠠ ᠬᠢᠬᠦ᠂ ᠣᠷᠣᠰᠢᠯ ᠪᠠ ᠳᠠᠭᠠᠯᠳᠤᠭᠤᠯᠤᠯ ᠬᠠᠪᠰᠤᠷᠭᠠᠬᠤ ᠵᠡᠷᠭᠡ ᠠᠷᠭ᠎ᠠ᠎ᠪᠠᠷ ᠳᠠᠮᠵᠢᠨ ᠣᠷᠴᠢᠭᠤᠯᠭ᠎ᠠ᠎ᠶᠢᠨ ᠲᠧᠺᠰᠲ ᠯᠤᠭᠡ ᠬᠣᠯᠪᠣᠭᠳᠠᠬᠤ ᠠᠬᠤᠢ ᠪᠠᠶ᠋ᠢᠳᠠᠯ᠂ ᠮᠡᠳᠡᠭᠡ ᠵᠠᠩᠭᠢ᠎ᠶᠢ ᠬᠠᠩᠭᠠᠵᠤ᠂ ᠲᠧᠺᠰᠲ᠎ᠤᠨ ᠴᠠᠭᠠᠨᠠᠬᠢ ᠭᠦᠨᠵᠡᠭᠡᠢ ᠤᠳᠬ᠎ᠠ ᠠᠭᠤᠯᠭ᠎ᠠ᠎ᠶᠢ ᠨᠢ ᠲᠠᠶ᠋ᠢᠯᠵᠤ᠂ ᠤᠩᠰᠢᠭᠴᠢᠳ᠎ᠤᠨ ᠰᠣᠨᠢᠷᠬᠠᠵᠤ ᠣᠶ᠋ᠢᠯᠠᠭᠠᠬᠤ᠎ᠳᠤ ᠲᠤᠰᠠᠯᠠᠮᠵᠢ ᠬᠠᠩᠭᠠᠳᠠᠭ ᠠᠷᠭ᠎ᠠ ᠪᠣᠯᠣᠨ᠎ᠠ᠃ ᠮᠣᠩᠭᠣᠯ ᠠᠮᠠᠨ ᠵᠣᠬᠢᠶᠠᠯ᠎ᠤᠨ ᠣᠷᠴᠢᠭᠤᠯᠭ᠎ᠠ᠎ᠳᠤ ᠵᠤᠵᠠᠭᠠᠨ ᠣᠷᠴᠢᠭᠤᠯᠭ᠎ᠠ᠎ᠶᠢᠨ ᠠᠷᠭ᠎ᠠ᠎ᠶᠢ ᠨᠡᠶ᠋ᠢᠲᠡᠮ ᠬᠡᠷᠡᠭᠯᠡᠵᠦ᠍ ᠪᠠᠶ᠋ᠢᠭᠰᠠᠨ ᠴᠤ᠌ ᠭᠣᠣᠯᠳᠠᠭᠤ 《ᠵᠠᠩᠭᠠᠷ》᠂ 《ᠭᠡᠰᠡᠷ》 ᠵᠡᠷᠭᠡ ᠪᠠᠭᠠᠲᠤᠷᠯᠢᠭ ᠲᠤᠤᠯᠢ᠎ᠶᠢᠨ ᠪᠦᠲᠦᠭᠡᠯ᠎ᠤᠨ ᠣᠷᠴᠢᠭᠤᠯᠭ᠎ᠠ᠎ᠶᠢᠨ ᠬᠦᠷᠢᠶᠡᠨ᠎ᠳᠤ ᠲᠣᠪᠣᠶ᠋ᠢᠮ᠎ᠠ ᠦᠷ᠎ᠡ ᠪᠦᠲᠦᠭᠡᠯ ᠲᠡᠢ᠃ ᠡᠭᠦᠨ᠎ᠡᠴᠡ ᠲᠥᠯᠥᠭᠡᠯᠡᠭᠴᠢ ᠴᠢᠨᠠᠷᠲᠠᠢ ᠪᠦᠲᠦᠭᠡᠯ᠎ᠢ ᠳᠤᠷᠠᠳᠬᠤ᠎ᠳᠤ ᠷᠢᠨᠴᠢᠨᠳᠣᠷᠵᠢ᠎ᠶᠢᠨ ᠬᠢᠲᠠᠳᠴᠢᠯᠠᠵᠤ ᠣᠷᠴᠢᠭᠤᠯᠤᠭᠰᠠᠨ 《ᠵᠠᠩᠭᠠᠷ》᠂ ᠰᠠᠭᠯᠠᠷ ᠪᠣᠭᠳ᠋ᠶᠧᠸ᠎ᠠ᠎ᠶᠢᠨ ᠬᠠᠯᠢᠮᠠᠭ 《ᠵᠠᠩᠭᠠᠷ》᠎ᠢ᠋ ᠠᠩᠭ᠌ᠯᠢᠴᠢᠯᠠᠵᠤ ᠣᠷᠴᠢᠭᠤᠯᠤᠭᠰᠠᠨ ᠪᠦᠲᠦᠭᠡᠯ 《Jangar᠄ The Heroic Epic of the Kalmyk Nomads》᠂ ᠠᠩᠴᠢᠨᠬᠦᠦ᠎ᠶᠢᠨ ᠬᠢᠲᠠᠳᠴᠢᠯᠠᠵᠤ ᠣᠷᠴᠢᠭᠤᠯᠤᠭᠰᠠᠨ 《英雄格斯尔汗》᠂ ᠳᠤᠯᠠᠭᠠᠨ ᠵᠡᠷᠭᠡ ᠡᠷᠳᠡᠮᠲᠡᠳ᠎ᠦᠨ 《十方圣主格斯尔可汗传》 ᠬᠡᠮᠡᠬᠦ᠌ ᠪᠡᠭᠡᠵᠢᠩ᠎ᠦᠨ ᠮᠣᠳᠣᠨ ᠪᠠᠷ᠎ᠤᠨ 《ᠭᠡᠰᠡᠷ》᠎ᠢ᠋ ᠬᠢᠲᠠᠳᠴᠢᠯᠠᠵᠤ ᠣᠷᠴᠢᠭᠤᠯᠤᠭᠰᠠᠨ ᠪᠦᠲᠦᠭᠡᠯ᠂ ᠵᠤᠤ ᠸᠧᠨ ᠭᠥᠩ᠎ᠦᠨ ᠬᠢᠲᠠᠳᠴᠢᠯᠠᠵᠤ ᠣᠷᠴᠢᠭᠤᠯᠤᠭᠰᠠᠨ ᠪᠦᠲᠦᠭᠡᠯ 《古韵今传᠄ 蒙古史诗〈达尼库尔勒〉译注》 ᠵᠡᠷᠭᠡ ᠪᠣᠢ᠃ ᠰᠠᠭᠯᠠᠷ ᠪᠣᠭᠳ᠋ᠶᠧᠸ᠎ᠠ᠂ ᠳᠤᠯᠠᠭᠠᠨ᠂ ᠵᠤᠤ ᠸᠧᠨ ᠭᠦᠩ ᠵᠡᠷᠭᠡ᠎ᠶᠢᠨ ᠪᠦᠲᠦᠭᠡᠯ ᠴᠥᠮ ᠤᠳᠤᠷᠢᠳᠬᠠᠯ᠂ ᠵᠡᠭᠦᠯᠲᠡ᠂ ᠨᠡᠷᠡᠰ᠎ᠦᠨ ᠲᠠᠶ᠋ᠢᠯᠪᠤᠷᠢ᠂ ᠳᠠᠭᠠᠯᠳᠤᠭᠤᠯᠤᠯ ᠵᠡᠷᠭᠡ ᠵᠤᠵᠠᠭᠠᠨ ᠣᠷᠴᠢᠭᠤᠯᠭ᠎ᠠ᠎ᠶᠢᠨ ᠠᠷᠭ᠎ᠠ ᠪᠠᠷᠢᠯ᠎ᠢ ᠰᠢᠰᠲ᠋ᠧᠮ ᠲᠠᠢ ᠬᠡᠷᠡᠭᠯᠡᠵᠦ᠍᠂ ᠪᠦᠲᠦᠭᠡᠯ᠎ᠤᠨ ᠲᠤᠬᠠᠢ ᠰᠣᠶᠣᠯ ᠲᠡᠦᠬᠡ᠎ᠶᠢᠨ ᠲᠣᠶ᠋ᠢᠮᠣ᠂ ᠰᠤᠳᠤᠯᠭᠠᠨ᠎ᠤ ᠪᠠᠶ᠋ᠢᠳᠠᠯ᠂ ᠲᠤᠰᠬᠠᠢ ᠨᠡᠷ᠎ᠡ᠎ᠶᠢᠨ ᠤᠳᠬ᠎ᠠ ᠠᠭᠤᠯᠤᠭᠳᠠᠬᠤᠨ ᠪᠠ ᠪᠡᠯᠭᠡᠳᠡᠯ ᠰᠠᠨᠠᠭ᠎ᠠ ᠵᠡᠷᠭᠡ᠎ᠳᠤ ᠨᠠᠷᠢᠯᠢᠭ ᠲᠠᠶ᠋ᠢᠯᠪᠤᠷᠢᠯᠠᠯᠲᠠ ᠬᠢᠵᠦ᠍᠂ ᠤᠩᠰᠢᠭᠴᠢᠳ᠎ᠤᠨ ᠲᠤᠬᠠᠢ᠎ᠶᠢᠨ ᠪᠦᠲᠦᠭᠡᠯ᠎ᠢ ᠰᠣᠶᠣᠯ ᠰᠡᠳᠬᠢᠬᠦᠢ᠎ᠶᠢᠨ ᠲᠠᠯ᠎ᠠ᠎ᠠᠴᠠ ᠭᠦᠨᠵᠡᠬᠡᠢ ᠣᠶ᠋ᠢᠯᠠᠭᠠᠬᠤ᠎ᠳᠤ ᠲᠤᠰᠠᠯᠠᠮᠵᠢ ᠬᠠᠩᠭᠠᠪᠠ᠃ ᠪᠣᠳᠠᠲᠠᠶ᠋ᠢᠴᠢᠯᠠᠨ ᠲᠠᠨᠢᠯᠴᠠᠭᠤᠯᠪᠠᠯ᠂ ᠰᠠᠭᠯᠠᠷ ᠪᠣᠭᠳ᠋ᠶᠧᠸ᠎ᠠ᠎ᠶᠢᠨ ᠣᠷᠴᠢᠭᠤᠯᠭ᠎ᠠ᠎ᠶᠢᠨ ᠤᠳᠤᠷᠢᠳᠬᠠᠯ᠎ᠤᠨ ᠬᠡᠰᠡᠭ᠎ᠲᠦ᠍ 《ᠲᠡᠦᠬᠡ᠎ᠶᠢᠨ ᠠᠬᠤᠢ ᠪᠠᠶ᠋ᠢᠳᠠᠯ》᠂ 《ᠨᠡᠭᠦᠳᠡᠯ ᠰᠣᠶᠣᠯ᠎ᠤᠨ ᠭᠤᠸ᠎ᠠ ᠵᠦᠢ》᠂ 《ᠨᠡᠭᠦᠳᠡᠯ ᠰᠣᠶᠣᠯ᠎ᠦᠨ ᠤᠯᠤᠰ ᠲᠥᠷᠥ᠎ᠶᠢᠨ ᠤᠬᠠᠭᠠᠨ》᠂ 《ᠪᠠᠭᠠᠲᠤᠷ᠂ ᠣᠷᠣᠨ ᠵᠠᠢ᠂ ᠴᠠᠭ ᠬᠤᠭᠤᠴᠠᠭ᠎ᠠ》 ᠭᠡᠬᠦ᠌ ᠮᠡᠲᠦ᠍ ᠬᠡᠳᠦᠨ ᠬᠡᠰᠡᠭ ᠬᠤᠪᠢᠶᠠᠨ 《ᠵᠠᠩᠭᠠᠷ》᠎ᠲᠤ᠌ ᠬᠣᠯᠪᠣᠭᠳᠠᠬᠤ ᠲᠡᠦᠬᠡ ᠰᠣᠶᠣᠯ᠎ᠤᠨ ᠪᠣᠳᠠᠲᠤ᠌ ᠠᠬᠤᠢ᠂ ᠨᠡᠭᠦᠳᠡᠯ ᠰᠣᠶᠣᠯ᠎ᠤᠨ ᠯᠣᠭᠢᠭ ᠪᠠ ᠰᠡᠳᠬᠢᠬᠦᠢ ᠵᠡᠷᠭᠡ᠎ᠶᠢ ᠥᠭᠦᠯᠡᠭᠰᠡᠨ ᠪᠠᠶ᠋ᠢᠳᠠᠭ; ᠳᠤᠯᠠᠭᠠᠨ ᠵᠡᠷᠭᠡ ᠡᠷᠳᠡᠮᠲᠡᠳ᠎ᠦᠨ ᠣᠷᠴᠢᠭᠤᠯᠭ᠎ᠠ᠎ᠳᠦ ᠤᠤᠯ ᠵᠣᠬᠢᠶᠠᠯ᠎ᠤᠨ ᠦᠭᠡ ᠬᠡᠯᠡ ᠪᠠ ᠨᠠᠶ᠋ᠢᠷᠠᠭᠤᠯᠭ᠎ᠠ᠎ᠶᠢᠨ ᠣᠨᠴᠠᠯᠢᠭ ᠰᠢᠨᠵᠢ᠎ᠶᠢ ᠬᠠᠳᠠᠭᠠᠯᠠᠨ ᠣᠷᠴᠢᠭᠤᠯᠵᠤ᠂ 《腾格里》᠂ 《阿修罗》᠂ 《嘎如迪神鸟》᠂ 《瞻部洲》᠂ 《鄂托克》 ᠵᠡᠷᠭᠡ ᠲᠤᠰᠬᠠᠢ ᠨᠡᠷ᠎ᠡ ᠣᠨᠴᠠᠯᠢᠭᠲᠤ᠌ ᠦᠭᠡᠰ᠎ᠢ ᠬᠡᠯᠡ ᠪᠠ ᠰᠣᠶᠣᠯ᠎ᠤᠨ ᠡᠭᠦᠳᠡᠨ᠎ᠡᠴᠡ ᠵᠡᠭᠦᠯᠲᠡ ᠬᠠᠳᠠᠨ ᠲᠠᠶ᠋ᠢᠯᠪᠤᠷᠢᠯᠠᠵᠦ᠍᠂ ᠵᠣᠬᠢᠶᠠᠯ᠎ᠳᠠᠬᠢ ᠦᠢᠯᠡ ᠶᠠᠪᠤᠳᠠᠯ ᠯᠤᠭ᠎ᠠ ᠬᠣᠯᠪᠣᠭᠳᠠᠭᠤᠯᠤᠨ ᠥᠭᠦᠯᠡᠭᠰᠡᠨ ᠪᠠᠶ᠋ᠢᠳᠠᠭ; ᠵᠤᠤ ᠸᠧᠨ ᠭᠦᠩ᠎ᠦᠨ ᠪᠦᠲᠦᠭᠡᠯ ᠨᠢ ᠪᠠᠭᠠᠲᠤᠷᠯᠢᠭ ᠲᠤᠤᠯᠢ 《ᠳ᠋ᠠᠨᠢᠭᠦᠷᠡᠯ》᠎ᠤ᠋ᠨ ᠪᠢᠴᠢᠮᠡᠯ ᠳᠡᠪᠲᠡᠷ᠎ᠢ ᠦᠨᠳᠦᠰᠦᠯᠡᠨ ᠲᠤᠤᠯᠢ᠎ᠶᠢᠨ ᠬᠡᠯᠡ ᠨᠠᠶ᠋ᠢᠷᠠᠭᠤᠯᠤᠯ᠂ ᠪᠦᠲᠦᠴᠡ ᠬᠡᠯᠪᠡᠷᠢ᠂ ᠬᠡᠮ ᠬᠡᠮᠨᠡᠯ᠎ᠢ ᠬᠠᠳᠠᠭᠠᠯᠠᠨ ᠣᠷᠴᠢᠭᠤᠯᠵᠤ᠂ ᠣᠶ᠋ᠢᠷᠠᠳ᠎ᠤᠨ ᠨᠤᠲᠤᠭ᠎ᠤᠨ ᠠᠶᠠᠯᠭᠤ᠂ ᠡᠷᠲᠡᠨ᠎ᠦ ᠦᠭᠡ᠂ ᠲᠤᠰᠬᠠᠢ ᠨᠡᠷ᠎ᠡ᠎ᠳᠤ ᠵᠡᠭᠦᠯᠲᠡ ᠬᠢᠵᠦ᠍᠂ ᠤᠷᠤᠭ ᠬᠤᠷᠢᠮ᠂ ᠳᠠᠶ᠋ᠢᠨ ᠪᠠᠶ᠋ᠢᠯᠳᠤᠭᠠᠨ᠂ ᠪᠠᠶ᠋ᠢᠭᠠᠯᠢ᠎ᠶᠢᠨ ᠪᠡᠯᠭᠡᠳᠡᠯ ᠵᠡᠷᠭᠡ ᠮᠣᠲ᠋ᠢᠹ᠎ᠢ ᠥᠭᠦᠯᠡᠨ᠂ ᠨᠡᠭᠦᠳᠡᠯ ᠮᠠᠯᠵᠢᠯ᠂ ᠠᠮᠢᠳᠤᠷᠠᠯ ᠵᠠᠩ ᠳᠠᠳᠬᠠᠯ᠂ ᠦᠵᠡᠯ ᠤᠬᠠᠮᠰᠠᠷ᠂ ᠨᠡᠶ᠋ᠢᠭᠡᠮ᠎ᠦᠨ ᠪᠦᠲᠦᠴᠡ ᠵᠡᠷᠭᠡ ᠠᠬᠤᠢ ᠪᠠᠶ᠋ᠢᠳᠠᠯ᠎ᠤᠨ ᠮᠡᠳᠡᠭᠡ ᠵᠠᠩᠭᠢ᠎ᠶᠢ ᠰᠠᠶ᠋ᠢᠲᠤᠷ ᠬᠠᠩᠭᠠᠭᠰᠠᠨ ᠪᠠᠶ᠋ᠢᠳᠠᠭ᠃ ᠡᠳᠡᠭᠡᠷ ᠪᠦᠲᠦᠭᠡᠯ᠎ᠦᠳ ᠵᠤᠵᠠᠭᠠᠨ ᠣᠷᠴᠢᠭᠤᠯᠭ᠎ᠠ᠎ᠶᠢᠨ ᠠᠷᠭ᠎ᠠ᠎ᠪᠠᠷ ᠳᠠᠮᠵᠢᠭᠤᠯᠵᠤ ᠤᠤᠯ ᠪᠦᠲᠦᠭᠡᠯ᠎ᠦᠨ ᠤᠳᠬ᠎ᠠ ᠰᠠᠨᠠᠭ᠎ᠠ᠎ᠶᠢ ᠣᠷᠴᠢᠭᠤᠯᠭ᠎ᠠ᠎ᠶᠢᠨ ᠪᠦᠲᠦᠭᠡᠯ᠎ᠳᠦ ᠦᠯᠡᠮᠵᠢ ᠪᠠᠶᠠᠯᠢᠭ ᠤᠯᠠᠮᠵᠢᠯᠠᠭᠰᠠᠨ ᠪᠥᠭᠡᠳ ᠵᠤᠵᠠᠭᠠᠨ ᠣᠷᠴᠢᠭᠤᠯᠭ᠎ᠠ᠎ᠶᠢᠨ ᠲᠧᠺᠰᠲ ᠨᠢ ᠪᠦᠲᠦᠭᠡᠯ᠎ᠤᠨ ᠦᠭᠡ ᠥᠭᠦᠯᠡᠪᠦᠷᠢ᠎ᠳᠦ ᠠᠭᠤᠯᠤᠭᠳᠠᠭᠰᠠᠨ ᠠᠷᠠᠳ᠎ᠤᠨ ᠠᠮᠢᠳᠤᠷᠠᠯ ᠵᠠᠩᠰᠢᠯ᠎ᠢ ᠠᠯᠢ ᠴᠢᠳᠠᠬᠤ᠎ᠪᠠᠷ ᠦᠨᠡᠨ ᠮᠥᠨ᠎ᠢᠶᠡᠷ ᠨᠢ ᠢᠯᠡᠷᠡᠭᠦᠯᠬᠦ᠌᠎ᠳᠦ ᠳᠤᠲᠠᠭᠳᠠᠵᠤ ᠪᠣᠯᠣᠰᠢ ᠦᠭᠡᠢ ᠪᠥᠷᠢᠯᠳᠦᠭᠦᠨ ᠬᠡᠰᠡᠭ ᠪᠣᠯᠵᠠᠢ᠃

ᠵᠤᠵᠠᠭᠠᠨ ᠣᠷᠴᠢᠭᠤᠯᠭ᠎ᠠ᠎ᠶᠢᠨ ᠠᠷᠭ᠎ᠠ ᠨᠢ ᠠᠮᠠᠨ ᠵᠣᠬᠢᠶᠠᠯ᠎ᠳᠠᠬᠢ ᠤᠳᠬ᠎ᠠ ᠠᠭᠤᠯᠭ᠎ᠠ᠎ᠶᠢ ᠣᠷᠴᠢᠭᠤᠯᠭ᠎ᠠ᠎ᠶᠢᠨ ᠪᠦᠲᠦᠭᠡᠯ᠎ᠳᠦ ᠤᠯᠠᠮᠵᠢᠯᠠᠬᠤ ᠳᠣᠬᠢᠷᠠᠮᠵᠢᠲᠠᠢ ᠰᠠᠶ᠋ᠢᠨ ᠠᠷᠭ᠎ᠠ ᠮᠥᠨ ᠪᠣᠯᠪᠠᠴᠤ᠌ ᠣᠷᠴᠢᠭᠤᠯᠭ᠎ᠠ᠎ᠶᠢᠨ ᠪᠦᠲᠦᠭᠡᠯ᠎ᠳᠦ ᠵᠡᠭᠦᠯᠲᠡ ᠲᠠᠶ᠋ᠢᠯᠪᠤᠷᠢ ᠵᠡᠷᠭᠡ ᠵᠤᠵᠠᠭᠠᠨ ᠣᠷᠴᠢᠭᠤᠯᠭ᠎ᠠ᠎ᠶᠢᠨ ᠲᠧᠺᠰᠲ ᠤᠤᠯ ᠵᠣᠬᠢᠶᠠᠯ᠎ᠤᠨ ᠠᠭᠤᠯᠭ᠎ᠠ ᠬᠡᠮᠵᠢᠶ᠎ᠡ᠎ᠠᠴᠠ ᠬᠡᠳᠦᠶ᠋ᠢᠳᠦᠬᠦ᠌ ᠦᠶ᠎ᠡ᠎ᠳᠤ ᠤᠤᠯ ᠵᠣᠬᠢᠶᠠᠯ᠎ᠤᠨ ᠦᠨᠦᠷ ᠠᠮᠲᠠ᠎ᠶᠢ ᠬᠤᠪᠢᠷᠠᠭᠤᠯᠤᠨ᠂ ᠤᠩᠰᠢᠭᠴᠢᠳ᠎ᠤᠨ ᠠᠮᠠᠨ ᠲᠧᠺᠰᠲ᠎ᠢ ᠣᠶ᠋ᠢᠯᠠᠭᠠᠬᠤ᠎ᠳᠦ ᠰᠠᠭᠠᠳ ᠤᠴᠠᠷᠠᠭᠤᠯᠵᠤ ᠮᠡᠳᠡᠨ᠎ᠡ᠃ ᠡᠶ᠋ᠢᠨ ᠬᠦ᠌ ᠪᠢᠳᠡ ᠡᠨᠡ ᠬᠦ᠌ ᠠᠷᠭ᠎ᠠ ᠣᠨᠣᠯ᠎ᠢ ᠠᠰᠢᠭᠯᠠᠬᠤ᠎ᠳᠦ ᠲᠡᠭᠦᠨ᠎ᠦ ᠣᠨᠴᠠᠯᠢᠭ ᠰᠢᠨᠵᠢ᠎ᠶᠢ ᠠᠩᠬᠠᠷᠴᠤ᠌᠂ ᠠᠳᠠᠯᠢ ᠪᠤᠰᠤ ᠤᠩᠰᠢᠭᠴᠢᠳ᠎ᠦᠨ ᠬᠠᠮᠲᠤᠯᠢᠭ ᠪᠠ ᠤᠩᠰᠢᠬᠤ ᠬᠡᠷᠡᠭᠴᠡᠭᠡ᠎ᠳᠤ ᠬᠠᠨᠳᠤᠭᠤᠯᠵᠤ᠂ ᠲᠠᠶ᠋ᠢᠯᠪᠤᠷᠢᠯᠠᠬᠤ ᠠᠭᠤᠯᠭ᠎ᠠ᠎ᠶᠢᠨ ᠬᠡᠪᠴᠢᠶ᠎ᠡ᠎ᠶᠢ ᠵᠣᠬᠢᠰᠲᠠᠢ ᠪᠠᠶ᠋ᠢᠯᠭᠠᠨ᠂ ᠤᠤᠯ ᠲᠧᠺᠰᠲ᠎ᠤᠨ ᠦᠨᠦᠷ ᠠᠮᠲᠠ᠂ ᠬᠡᠪ ᠨᠠᠮᠪᠠ᠂ ᠤᠳᠬ᠎ᠠ ᠠᠭᠤᠯᠭ᠎ᠠ᠎ᠶᠢ ᠦᠨᠡᠨ ᠮᠥᠨ᠎ᠢᠶᠡᠷ ᠨᠢ ᠳᠠᠮᠵᠢᠭᠤᠯᠬᠤ᠎ᠶᠢ ᠪᠣᠳᠣᠬᠤ ᠶᠣᠰᠣᠲᠠᠢ᠃ ᠶᠠᠭ ᠰᠠᠩᠵᠠᠶ᠋ᠢᠵᠠᠪ᠎ᠤᠨ ᠣᠷᠴᠢᠭᠤᠯᠤᠭᠰᠠᠨ 《ᠭᠡᠰᠡᠷ》 ᠨᠢ ᠤᠷᠠᠯᠢᠭ᠎ᠦᠨ ᠰᠢᠨᠵᠢ ᠪᠠ ᠤᠷᠠᠨ ᠵᠣᠬᠢᠶᠠᠯ᠎ᠤᠨ ᠰᠢᠨᠵᠢ᠎ᠪᠡᠷ ᠴᠢᠩᠭ᠎ᠠ᠂ ᠮᠡᠷᠭᠡᠵᠢᠯ᠎ᠦᠨ ᠪᠤᠰᠤ ᠰᠣᠨᠢᠷᠬᠠᠨ ᠤᠩᠰᠢᠭᠴᠢᠳ᠎ᠤᠨ ᠤᠩᠰᠢᠬᠤ᠎ᠳᠤ ᠳᠣᠬᠢᠷᠠᠵᠤ᠂ ᠳᠤᠯᠠᠭᠠᠨ ᠵᠡᠷᠭᠡ᠎ᠶᠢᠨ ᠣᠷᠴᠢᠭᠤᠯᠤᠭᠰᠠᠨ 《ᠭᠡᠰᠡᠷ》 ᠨᠢ ᠰᠢᠨᠵᠢᠯᠡᠬᠦ᠌ ᠤᠬᠠᠭᠠᠨ᠎ᠤ ᠰᠤᠳᠤᠯᠭᠠᠨ᠎ᠤ ᠴᠢᠨᠠᠷ᠎ᠢᠶᠠᠷ ᠴᠢᠩᠭ᠎ᠠ᠂ ᠡᠷᠳᠡᠮᠲᠡᠨ ᠰᠤᠳᠤᠯᠭᠠᠲᠠᠳ᠎ᠤᠨ ᠰᠤᠳᠤᠯᠤᠨ ᠤᠩᠰᠢᠬᠤ᠎ᠳᠤ ᠳᠣᠬᠢᠷᠠᠬᠤ ᠮᠡᠲᠦ᠍ ᠠᠳᠠᠯᠢ ᠪᠤᠰᠤ ᠵᠣᠷᠢᠯᠭ᠎ᠠ ᠬᠡᠷᠡᠭᠴᠡᠭᠡ᠎ᠳᠦ ᠵᠣᠬᠢᠴᠠᠭᠤᠯᠤᠨ ᠢᠯᠭᠠᠭ᠎ᠠ ᠲᠠᠢ ᠣᠷᠴᠢᠭᠤᠯᠪᠠᠯ ᠪᠦᠲᠦᠭᠡᠯ᠎ᠦᠨ ᠦᠨ᠎ᠡ ᠥᠷᠲᠡᠭ᠎ᠢ ᠰᠠᠶᠢ ᠬᠠᠮᠤᠭ᠎ᠤᠨ ᠶᠡᠬᠡ ᠬᠡᠮᠵᠢᠶ᠎ᠡ᠎ᠪᠡᠷ ᠪᠠᠳᠠᠷᠠᠭᠤᠯᠵᠤ ᠴᠢᠳᠠᠬᠤ ᠪᠣᠯᠣᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号