ᠱᠢᠯᠦᠭ᠌ᠴᠢ ᠬᠦᠮᠦᠨ ᠶᠡᠷᠦ᠍᠎ᠨᠢ ᠱᠢᠯᠦᠭ ᠪᠦᠳᠦᠭᠡᠯ᠎ᠢᠶᠠᠨ ᠶᠠᠭᠠᠬᠢᠵᠤ ᠪᠢᠴᠢᠵᠦ᠍ ᠤᠷᠠᠯᠠᠬᠤ ᠲᠤᠬᠠᠢ ᠦᠪᠡᠷ᠎ᠤᠨ᠎ᠢᠶᠠᠨ ᠭᠡᠰᠡᠨ ᠭᠤᠸ᠎ᠠ ᠰᠠᠢᠬᠠᠨ᠎ᠤ ᠬᠦᠭᠡᠭᠡᠴᠡᠯᠳᠦᠯ᠎ᠲᠠᠢ ᠪᠠᠢᠬᠤ ᠶᠤᠰᠤᠳᠠᠢ᠃ ᠶᠠᠮᠠᠷ ᠴᠤ᠌ ᠭᠤᠸ᠎ᠠ ᠰᠠᠢᠬᠠᠨ᠎ᠤ ᠬᠦᠬᠡᠬᠡᠴᠡᠯᠳᠦᠯ ᠦᠭᠡᠢ ᠱᠢᠯᠦᠭ᠌ᠴᠢ ᠪᠤᠯ ᠶᠠᠭ ᠯᠡ ᠶᠡᠭᠡ ᠲᠠᠯᠠᠢ᠎ᠶ᠋ᠢᠨ ᠲᠤᠮᠳᠠ ᠬᠠᠮᠢᠭᠠᠰᠢ᠎ᠪᠠᠨ ᠶᠠᠪᠤᠬᠤ᠎ᠪᠠᠨ ᠮᠡᠳᠡᠬᠦ᠌ ᠦᠭᠡᠢ ᠪᠤᠯᠵᠤ ᠲᠦᠭᠡᠷᠢᠭ᠌ᠰᠡᠨ ᠤᠩᠭᠤᠴᠠ ᠮᠡᠳᠦ ᠪᠤᠯᠵᠤ ᠴᠢᠭ᠌ᠯᠡᠯ ᠬᠠᠨᠳᠤᠯᠭ᠎ᠠ᠎ᠪᠠᠨ ᠠᠯᠳᠠᠬᠤ ᠪᠤᠯᠤᠨ᠎ᠠ᠃ ᠠᠷᠳᠠᠢ ᠪᠤᠯ ᠤᠳᠤ ᠦᠶ᠎ᠡ᠎ᠶ᠋ᠢᠨ ᠮᠤᠩᠭᠤᠯ ᠱᠢᠯᠦᠭ᠌ᠴᠢᠳᠤᠨ ᠲᠤᠳᠤᠷ᠎ᠠ ᠭᠤᠸ᠎ᠠ ᠰᠠᠢᠬᠠᠨ᠎ᠤ ᠬᠦᠰᠡᠯ ᠬᠦᠭᠡᠭᠡᠴᠡᠯᠳᠦᠯ ᠤᠯᠠᠨ᠎ᠲᠠᠢ ᠱᠢᠯᠦᠭ᠌ᠴᠢ᠎ᠳᠤ ᠲᠤᠭᠠᠴᠠᠭ᠍ᠳᠠᠨ᠎ᠠ᠃ ᠲᠡᠷᠡ ᠱᠢᠯᠦᠭ᠎ᠤᠨ ᠭᠡᠯᠡ ᠭᠡᠯᠡᠯᠭᠡ᠎ᠶ᠋ᠢᠨ ᠦᠨᠡᠨ᠂ ᠪᠤᠷᠤᠭ᠍ᠵᠢᠭᠤᠨ᠂ ᠡᠷᠴᠢᠮ ᠬᠦᠴᠦᠳᠡᠢ᠎ᠶ᠋ᠢ; ᠱᠢᠯᠦᠭ᠎ᠤᠨ ᠰᠡᠳᠭᠢᠮᠵᠢ᠎ᠶ᠋ᠢᠨ ᠤᠷᠠᠨ᠂ ᠨᠠᠷᠢᠨ᠂ ᠰᠤᠨᠢᠨ᠂ ᠪᠠᠶ᠎ᠠ᠎ᠨᠢ; ᠱᠢᠯᠦᠭ᠎ᠤᠨ ᠰᠠᠨᠠᠭᠠᠨ᠎ᠤ ᠲᠤᠳᠤ ᠴᠡᠯᠮᠡᠭ᠂ ᠢᠯᠡ ᠰᠠᠷᠠᠭᠤᠯᠢ; ᠱᠢᠯᠦᠭ᠎ᠤᠨ ᠭᠡᠪ ᠨᠠᠮᠪᠠ᠎ᠶ᠋ᠢᠨ ᠢᠳᠡᠷᠡᠬᠦᠨ ᠪᠠᠳᠠᠷᠠᠭᠤᠨ᠂ ᠦᠷᠨᠢᠬᠦᠨ ᠬᠦᠭ᠌ᠵᠢᠬᠦᠨ᠂ ᠰᠦᠷ ᠵᠢᠪᠬᠤᠭ᠎ᠠ᠎ᠶ᠋ᠢ; ᠱᠢᠯᠦᠭ ᠰᠡᠳᠭᠢᠬᠦᠢ᠎ᠶ᠋ᠢᠨ ᠬᠦᠨ ᠤᠬᠠᠭᠠᠯᠢᠭ ᠱᠢᠨᠵᠢ᠂ ᠬᠠᠮ ᠱᠢᠨᠵᠢ᠂ ᠬᠠᠷᠢᠮᠠᠭ ᠱᠢᠨᠵᠢ᠎ᠶ᠋ᠢ ᠬᠦᠰᠡᠨ ᠬᠦᠭᠡᠭᠡᠴᠡᠯᠳᠦᠳᠡᠭ᠃ ᠠᠳᠡ ᠲᠡᠬᠦᠨ᠎ᠤ ᠱᠢᠯᠦᠭ᠎ᠤᠨ ᠭᠤᠸ᠎ᠠ ᠰᠠᠢᠬᠠᠨ᠎ᠤ ᠡᠷᠢᠯ ᠬᠦᠭᠡᠭᠡᠴᠡᠯᠳᠦᠯ᠎ᠤᠨ ᠲᠤᠬᠠᠢ ᠪᠤᠳᠠᠳᠤ ᠱᠢᠯᠦᠭ ᠪᠦᠳᠦᠭᠡᠯ᠎ᠳᠤᠨᠢ ᠦᠨᠳᠦᠰᠦᠯᠡᠵᠦ᠍ ᠡᠷᠢᠯ ᠬᠠᠢᠯᠳᠠ ᠬᠢᠵᠦ᠍ ᠦᠵᠡᠬᠦ᠌᠎ᠶ᠋ᠢ ᠵᠤᠷᠢᠵᠤ ᠪᠠᠢᠨ᠎ᠠ᠃
ᠨᠢᠭᠡ᠂ ᠱᠢᠯᠦᠭ᠎ᠤᠨ ᠦᠨᠡᠨ ᠬᠢᠭᠡᠳ ᠪᠤᠷᠤᠭ᠍ᠵᠢᠭᠤᠨ ᠭᠤᠸ᠎ᠠ
ᠭᠤᠸ᠎ᠠ ᠰᠠᠢᠬᠠᠨ ᠪᠤᠯ ᠲᠠᠷᠤᠢ ᠤᠷᠠᠯᠢᠭ ᠮᠦᠨ᠃ ᠡᠬᠦᠨ᠎ᠢ ᠠᠷᠳᠠᠢ᠎ᠶ᠋ᠢᠨ ᠦᠵᠡᠯᠳᠡ᠎ᠪᠠᠷ ᠭᠡᠯᠡᠪᠡᠯ ᠭᠤᠸ᠎ᠠ ᠰᠠᠢᠬᠠᠨ ᠪᠤᠯ ᠲᠠᠷᠤᠢ ᠱᠢᠯᠦᠭ ᠮᠦᠨ᠃ ᠶᠡᠷᠦ᠍᠎ᠨᠢ᠂ ᠠᠷᠳᠠᠢ᠎ᠶ᠋ᠢᠨ ᠱᠢᠯᠦᠭ ᠴᠡᠪᠡᠷ ᠴᠡᠯᠮᠡᠭ᠂ ᠰᠠᠷᠠᠭᠤᠯ ᠲᠤᠩᠭᠠᠯᠠᠭ ᠲᠤᠳᠤᠷ᠎ᠲᠠᠢ ᠪᠦᠭᠡᠳ ᠦᠨᠡᠨ᠂ ᠪᠤᠷᠤᠭ᠍ᠵᠢᠭᠤᠨ ᠴᠢᠨᠠᠷᠲᠠᠢ ᠪᠠᠢᠳᠠᠭ᠎ᠨᠢ ᠲᠡᠬᠦᠨ᠎ᠤ ᠱᠢᠯᠦᠭ᠎ᠤᠨ ᠭᠤᠸ᠎ᠠ ᠰᠠᠢᠬᠠᠨ᠎ᠤ ᠲᠤᠬᠠᠢ ᠦᠵᠡᠯᠳᠡ ᠲᠨᠨᠢᠯᠳᠠ᠂ ᠡᠷᠢᠯ ᠬᠦᠭᠡᠭᠡᠴᠡᠯᠳᠦᠯᠲᠠᠢᠨᠢ ᠵᠠᠢᠯᠠᠰᠢ ᠦᠭᠡᠢ ᠬᠤᠯᠪᠤᠭ᠎ᠠ᠎ᠲᠠᠢ᠃ ᠲᠡᠷᠡ᠎ᠪᠠᠷ᠄ 《ᠢᠷᠠᠭᠤ ᠨᠠᠢᠷᠠᠭ᠎ᠤᠨ ᠰᠠᠷᠠᠭᠤᠯ ᠲᠤᠩᠭᠠᠯᠠᠭ ᠪᠤᠯ ᠤᠷᠠᠯᠢᠭ᠎ᠤᠨ ᠲᠡᠭᠡᠳᠦ ᠪᠠᠷᠢᠮᠵᠢᠶ᠎ᠡ ᠮᠦᠨ᠂ ᠲᠡᠭᠡᠳᠦ ᠮᠡᠷᠭᠡᠱᠢᠯ ᠮᠦᠨ᠃ ᠢᠷᠠᠭᠤ ᠨᠠᠢᠷᠠᠭ ᠢᠯᠡ ᠪᠤᠷᠤᠭ᠍ᠵᠢᠭᠤᠨ᠂ ᠴᠡᠪᠡᠷ ᠴᠡᠯᠮᠡᠭ᠂ ᠰᠠᠷᠠᠭᠤᠯ ᠲᠤᠩᠭᠠᠯᠠᠭ᠎ᠢᠶᠠᠷ ᠤᠷᠠᠯᠢᠭ᠎ᠤᠨ ᠲᠡᠭᠡᠳᠦ ᠪᠠᠷᠢᠮᠵᠢᠶ᠎ᠡ ᠪᠤᠯᠭᠠᠳᠠᠭ》 ᠭᠡᠵᠦ᠍ ᠱᠢᠯᠦᠭ᠎ᠤᠨ ᠭᠤᠸ᠎ᠠ ᠰᠠᠢᠬᠠᠨ᠎ᠤ ᠲᠡᠭᠡᠳᠦ ᠪᠠᠷᠢᠮᠵᠢᠶᠡᠨ᠎ᠤ ᠲᠤᠬᠠᠢ ᠦᠵᠡᠯᠳᠡ᠎ᠪᠠᠨ ᠢᠯᠡᠷᠭᠡᠢᠯᠡᠵᠦ᠍ ᠪᠢᠯᠡ᠃ ᠠᠷᠳᠠᠢ ᠢᠩᠬᠢᠵᠦ᠍ ᠲᠠᠨᠢᠵᠤ᠂ ᠢᠩᠬᠢᠵᠦ᠍ ᠰᠡᠳᠭᠢᠵᠦ᠍᠂ ᠢᠩᠬᠢᠵᠦ᠍ ᠬᠦᠰᠡᠵᠦ᠍ ᠬᠦᠭᠡᠭᠡᠴᠡᠯᠳᠦᠵᠦ᠍ ᠮᠦᠨ ᠴᠤ᠌ ᠢᠩᠬᠢᠵᠦ᠍ ᠬᠦᠢᠴᠡᠳᠭᠡᠵᠦ᠍ ᠶᠠᠪᠤᠭ᠍ᠰᠠᠨ ᠰᠢᠯᠦᠭᠴᠢ᠃ ᠲᠡᠢᠮᠦ᠍᠎ᠠᠴᠠ ᠰᠠᠶᠢ ᠲᠡᠬᠦᠨ᠎ᠤ ᠱᠢᠯᠦᠭ ᠭᠡᠷᠴᠢᠵᠦ᠍ ᠲᠠᠰᠤᠳᠠᠭᠠᠳ ᠲᠠᠯᠪᠢᠭ᠍ᠰᠠᠨ ᠶᠤᠮ ᠱᠢᠭ᠋ ᠬᠤᠷᠴᠠ ᠢᠯᠡ᠃ ᠲᠤᠳᠤ ᠴᠡᠯᠮᠡᠭ᠃
《ᠦᠨᠡᠨ》 ᠪᠦᠭᠡᠳ 《ᠪᠤᠷᠤᠭ᠍ᠵᠢᠭᠤᠨ》 ᠪᠤᠯ ᠠᠷᠳᠠᠢ᠎ᠶ᠋ᠢᠨ ᠱᠢᠯᠦᠭ᠎ᠤᠨ ᠴᠢᠬᠤᠯᠠ ᠨᠢᠭᠡ ᠭᠤᠤᠯ ᠴᠢᠮᠦᠭᠡ ᠪᠦᠭᠡᠳ ᠲᠡᠬᠦᠨ᠎ᠤ ᠱᠢᠯᠦᠭ᠎ᠤᠨ ᠭᠤᠸ᠎ᠠ ᠰᠠᠢᠬᠠᠨ᠎ᠤ ᠴᠢᠬᠤᠯᠠ ᠨᠢᠭᠡ ᠢᠯᠡᠷᠡᠬᠦᠢ ᠭᠡᠪ ᠪᠤᠯᠤᠨ᠎ᠠ᠃ ᠲᠡᠬᠦᠨ᠎ᠤ ᠱᠢᠯᠦᠭ᠎ᠲᠠᠬᠢ 《ᠦᠨᠡᠨ》 ᠨᠢ ᠭᠤᠸ᠎ᠠ ᠰᠠᠢᠬᠠᠨ᠎ᠤ ᠠᠢᠳᠠᠬᠢ ᠦᠨᠡᠨ᠂ ᠰᠠᠢᠨ᠂ ᠰᠠᠢᠬᠠᠨ᠎ᠲᠠᠢ ᠨᠢᠭᠡᠳᠦᠨ ᠢᠵᠢᠯᠢᠱᠢᠵᠦ᠍ ᠪᠤᠢ ᠪᠦᠭᠡᠳ ᠠᠮᠢᠳᠤᠷᠠᠯ ᠪᠠᠢᠭᠠᠯᠢ᠎ᠶ᠋ᠢᠨ ᠦᠨᠡᠨ᠂ ᠬᠦᠮᠦᠨ᠎ᠤ ᠰᠡᠳᠭᠢᠯ᠎ᠤᠨ ᠦᠨᠡᠨ᠂ ᠶᠠᠭᠤᠮᠠᠨ᠎ᠤ ᠦᠨᠡᠨ᠂ ᠶᠠᠭᠤᠮᠠᠨ᠎ᠤ ᠤᠭ ᠴᠢᠨᠠᠷ᠎ᠲᠤ ᠬᠠᠮᠤᠭ᠎ᠤᠨ ᠤᠢᠷ᠎ᠠ ᠬᠦᠷᠴᠦ᠍ ᠴᠢᠳᠠᠭ᠍ᠰᠠᠨ ᠪᠠᠢᠬᠤ᠎ᠪᠠᠷ᠎ᠢᠶᠠᠨ ᠤᠨᠴᠠᠭᠠᠢ᠃ ᠠᠷᠳᠠᠢ ᠱᠢᠯᠦᠭ᠎ᠢᠶᠠᠨ ᠦᠨᠡᠨ᠂ ᠪᠤᠷᠤᠭ᠍ᠵᠢᠭᠤᠨ ᠪᠢᠴᠢᠬᠦ᠌᠎ᠶ᠋ᠢ ᠭᠤᠸ᠎ᠠ ᠰᠠᠢᠬᠠᠨ᠎ᠳᠤ ᠦᠵᠡᠵᠦ᠍ ᠡᠷᠬᠢᠮᠯᠡᠳᠡᠭ᠎ᠠᠴᠠ ᠪᠢᠰᠢ᠂ ᠱᠢᠯᠦᠭ᠎ᠢᠶᠠᠨ ᠤᠷᠠᠨ ᠭᠡᠯᠡ᠎ᠪᠠᠷ ᠴᠢᠮᠡᠭ᠌ᠯᠡᠨ ᠭᠤᠶᠤᠯᠠᠵᠤ ᠱᠢᠯᠦᠭ᠎ᠢᠶᠠᠷ ᠡᠷᠬᠢᠮᠰᠦᠭ᠌ᠯᠡᠨ ᠰᠤᠷᠳᠤᠭᠤᠯᠠᠳᠠᠭ ᠦᠭᠡᠢ᠃ ᠦᠭᠡᠷ᠎ᠡ᠎ᠪᠠᠷ ᠭᠡᠯᠡᠪᠡᠯ᠂ ᠠᠷᠳᠠᠢ᠎ᠶ᠋ᠢᠨ ᠱᠢᠯᠦᠭ ᠡᠷᠬᠢᠮᠰᠦᠭ ᠭᠤᠸ᠎ᠠ᠎ᠳᠤ ᠲᠤᠭᠠᠴᠠᠭ᠍ᠳᠠᠬᠤ ᠪᠢᠰᠢ᠂ ᠪᠤᠷᠤᠭ᠍ᠵᠢᠭᠤᠨ ᠭᠤᠸ᠎ᠠ᠎ᠳᠤ ᠲᠤᠭᠠᠴᠠᠭ᠍ᠳᠠᠨ᠎ᠠ᠃ ᠵᠤᠬᠢᠶᠠᠮᠠᠯ ᠭᠤᠸ᠎ᠠ ᠪᠢᠰᠢ᠂ ᠦᠨᠡᠨ ᠭᠤᠸ᠎ᠠ᠎ᠳᠤ ᠬᠠᠷᠢᠶᠠᠯᠠᠭ᠍ᠳᠠᠨ᠎ᠠ᠃ ᠠᠷᠳᠠᠢ᠎ᠶ᠋ᠢᠨ ᠱᠢᠯᠦᠭ᠎ᠲᠤ ᠡᠢᠮᠦᠷᠬᠦᠦ ᠵᠢᠱ᠌ᠢᠶ᠎ᠡ ᠵᠠᠬ᠎ᠠ᠎ᠠᠴᠠ ᠠᠪᠤᠭᠠᠳ ᠤᠯᠠᠨ᠃
《 ᠁
ᠬᠤᠷᠢᠳᠤᠭᠠᠷ ᠵᠠᠭᠤᠨ ᠲᠡᠬᠦᠰᠭᠦ ᠱᠢᠬᠠᠯᠠ ᠭᠡᠵᠦ᠍
ᠬᠤᠶᠠᠷ ᠬᠦᠷᠳᠦ᠍ᠨᠢ ᠲᠠᠯ᠎ᠠ ᠲᠡᠭᠡᠷ᠎ᠡ
ᠬᠤᠶᠠᠷ ᠡᠪᠡᠷ᠎ᠨᠢ ᠲᠡᠭ᠌ᠷᠢ ᠲᠡᠭᠡᠷ᠎ᠡ ᠪᠢᠴᠢᠭ᠌ᠰᠡᠭᠡᠷ ᠶᠠᠪᠤᠭ᠎ᠠ
ᠦᠭᠡᠷ ᠲᠡᠷᠭᠡ ᠮᠢᠨᠦ᠍ ᠪᠠᠭ᠍ᠰᠢ
ᠦᠭ᠌ᠬᠦᠭ᠌ᠰᠡᠨ ᠲᠠᠰᠭᠠᠯ᠎ᠨᠢ ᠦᠵᠦᠬᠦᠷ ᠦᠭᠡᠢ ᠶᠡᠭᠡ
ᠦᠭᠡᠷ ᠲᠡᠷᠭᠡ ᠮᠢᠨᠦ᠍ ᠪᠠᠭ᠍ᠰᠢ
᠁》 ᠬᠡᠮᠡᠬᠦ 《ᠮᠢᠨᠦ᠍ ᠪᠠᠭ᠍ᠰᠢ》 ᠰᠢᠯᠦᠭ ᠲᠸ᠋ ᠤᠷᠠᠨ ᠨᠠᠢᠷᠠᠭᠤᠯᠭ᠎ᠠ ᠤᠷᠠᠯᠢᠭ ᠭᠡᠯᠡᠯᠭᠡ᠎ᠶ᠋ᠢᠨ ᠠᠯᠢ᠎ᠨᠢ ᠴᠤ᠌ ᠠᠯᠠᠭ᠎ᠠ᠃ ᠬᠠᠷᠢᠨ ᠬᠠᠮᠤᠭ᠎ᠤᠨ ᠦᠨᠡᠨ ᠲᠤᠳᠤ ᠦᠭᠡ᠎ᠪᠠᠷ ᠬᠠᠮᠤᠭ᠎ᠤᠨ ᠪᠤᠷᠤᠭ᠍ᠵᠢᠭᠤᠨ ᠪᠤᠳᠠᠳᠤ ᠠᠬᠤᠢ᠎ᠶ᠋ᠢ ᠵᠤᠬᠢᠶᠠᠨ ᠪᠠᠢᠭᠤᠯᠵᠤ ᠲᠡᠯᠭᠡᠨ ᠴᠤᠭ᠍ᠴᠠᠯᠠᠭᠠᠳ᠂ ᠬᠠᠮᠤᠭ᠎ᠤᠨ ᠪᠤᠳᠤᠯᠬᠢᠯᠠᠬᠤ ᠴᠢᠬᠤᠯᠠᠳᠠᠢ ᠪᠦᠭᠡᠳ ᠪᠡᠶᠡᠯᠡᠬᠦᠯᠬᠦ᠌ ᠭᠡᠷᠡᠭ᠌ᠳᠡᠢ 《ᠪᠦᠳᠦᠬᠦᠨ ᠲᠠᠰᠭᠠᠯ》᠎ᠢ᠋ ᠦᠪᠡᠷᠲᠡᠭᠡᠨ᠂ ᠪᠠᠰᠠ ᠴᠤ᠌ ᠪᠦᠬᠦ᠌ ᠤᠩᠱᠢᠭ᠍ᠴᠢᠳ᠎ᠤᠨ ᠡᠮᠦᠨ᠎ᠡ ᠲᠤᠯᠭᠠᠨ ᠲᠤᠱᠢᠶᠠᠭ᠍ᠰᠠᠨ ᠪᠠᠢᠨ᠎ᠠ᠃ ᠬᠤᠷᠢᠳᠤᠭᠠᠷ ᠵᠠᠭᠤᠨ ᠲᠡᠬᠦᠰᠭᠦ ᠱᠢᠬᠠᠭ᠍ᠰᠠᠨ ᠴᠠᠭ ᠵᠠᠢ ᠬᠢᠭᠡᠳ ᠲᠡᠭ᠌ᠷᠢ ᠭᠠᠵᠠᠷ᠎ᠤᠨ ᠬᠤᠭᠤᠷᠤᠨᠳᠤᠬᠢ ᠤᠷᠤᠨ ᠵᠠᠢ ᠲᠤᠮᠳᠠ ᠲᠡᠮᠡᠦᠯᠦᠭ᠌ᠰᠡᠭᠡᠷ ᠶᠠᠪᠤᠭ᠎ᠠ ᠦᠭᠡᠷ ᠲᠡᠷᠭᠡ᠎ᠨᠢ ᠢᠯᠡ ᠲᠤᠳᠤ ᠬᠠᠷᠢᠴᠠᠭᠤᠯᠤᠯ ᠪᠤᠯᠵᠤ ᠬᠤᠴᠤᠷᠤᠩᠭᠤᠢ ᠪᠠᠭᠤᠷᠠᠢ᠎ᠶ᠋ᠢᠨ ᠲᠡᠮᠳᠡᠭ ᠱᠤᠱᠢᠭ᠎ᠠ ᠪᠤᠯᠤᠭ᠍ᠰᠠᠨ ᠦᠭᠡᠷ ᠲᠡᠷᠭᠡ᠎ᠨᠢ ᠬᠦᠭ᠌ᠵᠢᠵᠦ᠍ ᠬᠦᠴᠦᠷᠭᠡᠭ᠌ᠵᠢᠬᠦ᠌ᠶ᠋ᠢᠨ ᠲᠤᠬᠠᠢ ᠬᠦᠨᠳᠦ ᠶᠡᠭᠡ ᠰᠡᠳᠦᠪ — 《ᠲᠠᠰᠭᠠᠯ》᠎ᠢ᠋ ᠪᠢᠳᠡ ᠪᠦᠬᠦᠨ᠎ᠳᠤ ᠠᠶᠠᠨ᠎ᠳᠠᠭᠠᠨ ᠮᠦᠷᠳᠡᠭᠡᠨ ᠠᠯᠪᠠ᠎ᠪᠠᠷ ᠦᠯᠡᠳᠡᠭᠡᠨ ᠦᠭ᠌ᠴᠦ ᠪᠠᠢᠪᠠ᠃ ᠡᠨᠡ ᠪᠤᠯ ᠠᠷᠳᠠᠢ᠎ᠶ᠋ᠢᠨ ᠱᠢᠯᠦᠭ᠎ᠲᠠᠬᠢ ᠦᠨᠡᠨ᠃ ᠠᠷᠳᠠᠢ᠎ᠶ᠋ᠢᠨ ᠱᠢᠯᠦᠭ᠎ᠲᠠᠬᠢ ᠪᠤᠷᠤᠭ᠍ᠵᠢᠭᠤᠨ ᠭᠤᠸ᠎ᠠ ᠰᠠᠢᠬᠠᠨ᠃
《ᠨᠠᠳᠠ ᠤᠯᠠᠨ ᠪᠠᠭ᠍ᠰᠢ᠎ᠲᠠᠢ
ᠪᠠᠭ᠍ᠰᠢ᠎ᠲᠠᠢ ᠬᠦᠮᠦᠨ ᠰᠠᠢᠬᠠᠨ ᠡ
ᠨᠠᠷᠠ ᠮᠢᠨᠦ᠍ ᠪᠠᠭ᠍ᠰᠢ
ᠡᠬᠦᠯᠡ ᠴᠤᠭᠤᠯᠤᠭ᠍ᠰᠠᠨ ᠠᠭᠤᠯᠠᠨ᠎ᠳᠤ
ᠦᠯᠮᠡᠢ ᠱᠢᠪᠡᠭ᠌ᠰᠡᠨ ᠡᠪᠡᠰᠦᠨ᠎ᠳᠤ
ᠨᠠᠳᠠ ᠠᠳᠠᠯᠢ ᠬᠠᠨᠳᠤ ᠭᠡᠵᠦ᠍
ᠨᠠᠷᠠ ᠭᠡᠯᠡᠭ᠌ᠰᠡᠨ
ᠪᠤᠭᠤᠨᠢ ᠪᠠᠢᠭ᠍ᠰᠠᠨ᠎ᠠᠴᠠ ᠦᠨᠳᠦᠷ ᠰᠠᠶᠢ ᠪᠠᠢᠳᠠᠭ ᠶᠤᠮ
ᠪᠤᠭᠤᠷᠤᠯ ᠬᠤᠷᠸ᠎ᠠ ᠢᠩᠬᠢᠵᠦ᠍ ᠪᠦᠳᠦᠭ᠌ᠰᠡᠨ ᠶᠤᠮ ᠭᠡᠵᠦ᠍ ᠨᠠᠷᠠ ᠵᠢᠭᠠᠭ᠍ᠰᠠᠨ》 (— 《ᠮᠢᠨᠦ᠍ ᠪᠠᠭ᠍ᠰᠢ》)᠃ ᠬᠦᠨ ᠤᠬᠠᠭᠠᠨ ᠬᠢᠭᠡᠳ ᠭᠤᠸ᠎ᠠ ᠵᠦᠢ᠎ᠨᠢ ᠶᠡᠷᠦ᠍᠎ᠨᠢ ᠢᠯᠭᠠᠭ᠎ᠠ᠎ᠲᠠᠢ ᠮᠦᠷᠳᠡᠭᠡᠨ ᠨᠢᠭᠡᠳᠦᠯᠳᠡᠢ᠃ ᠪᠤᠭᠤᠨᠢ ᠪᠠᠢᠭ᠍ᠰᠠᠨ᠎ᠠᠴᠠ ᠦᠨᠳᠦᠷ ᠪᠠᠢᠵᠤ᠂ ᠪᠤᠷᠤᠭᠤ ᠪᠠᠢᠭ᠍ᠰᠠᠨ᠎ᠠᠴᠠ ᠵᠦᠪ ᠰᠠᠶᠢ ᠤᠯᠠᠮ ᠢᠯᠡ ᠲᠤᠳᠤᠷᠬᠠᠢ ᠪᠤᠯᠳᠠᠭ ᠁ ᠶᠢᠷᠳᠢᠨᠴᠦ᠍ ᠲᠡᠯᠡᠭᠡᠢ ᠭᠡᠭ᠌ᠴᠢ ᠶᠡᠷᠦ᠍᠎ᠨᠢ ᠡᠰᠡᠷᠬᠦ᠌ ᠲᠡᠰᠡᠷᠬᠦ᠌ ᠬᠤᠶᠠᠷ ᠴᠢᠨᠠᠷ᠎ᠤᠨ ᠨᠢᠭᠡᠳᠦᠯ ᠤᠷᠤᠱᠢᠬᠤᠢ᠃ ᠠᠳᠡ ᠡᠬᠦᠯᠡ ᠴᠤᠭᠤᠯᠤᠭ᠍ᠰᠠᠨ ᠠᠭᠤᠯᠠ ᠬᠢᠭᠡᠳ ᠦᠯᠮᠡᠢ ᠱᠢᠪᠡᠭ᠌ᠰᠡᠨ ᠡᠪᠡᠰᠦ ᠵᠡᠷᠭᠡ ᠬᠠᠮᠤᠭ᠎ᠤᠨ ᠡᠩ ᠵᠢᠷ᠎ᠤᠨ ᠦᠭᠡ ᠦᠰᠦᠭ᠎ᠢᠶᠠᠷ ᠡᠩ ᠶᠢᠷᠳᠢᠨᠴᠦ᠍᠎ᠶ᠋ᠢᠨ ᠲᠦᠭᠡᠮᠡᠯ ᠵᠢᠮ᠎ᠠ ᠬᠠᠤᠯᠢ᠎ᠶ᠋ᠢ ᠲᠤᠳᠤᠳᠭᠠᠨ ᠪᠤᠢ᠃ ᠡᠨᠡ ᠪᠤᠯ ᠠᠷᠳᠠᠢ᠎ᠶ᠋ᠢᠨ ᠱᠢᠯᠦᠭ᠎ᠲᠠᠬᠢ ᠪᠤᠷᠤᠭ᠍ᠵᠢᠭᠤᠨ ᠬᠦᠨ ᠤᠬᠠᠭᠠᠨ᠃
ᠠᠷᠳᠠᠢ ᠢᠷᠠᠭᠤ ᠨᠠᠢᠷᠠᠭ᠎ᠤᠨ 《ᠪᠤᠷᠤᠭ᠍ᠵᠢᠭᠤᠨ》 ᠭᠡᠳᠡᠭ᠎ᠢ ᠮᠠᠰᠢ ᠦᠨᠳᠦᠷ ᠦᠨᠡᠯᠡᠵᠦ᠍᠄ 《ᠪᠤᠷᠤᠭ᠍ᠵᠢᠭᠤᠨ — ᠢᠷᠠᠭᠤ ᠨᠠᠢᠷᠠᠭ᠎ᠤᠨ ᠬᠤᠪᠢ᠎ᠳᠤ ᠠᠪᠴᠤ᠌ ᠭᠡᠯᠡᠪᠡᠯ ᠪᠤᠷᠤᠭ᠍ᠵᠢᠭᠤᠨ ᠪᠤᠯ ᠡᠷᠳᠡᠮ᠃ ᠲᠡᠭᠡᠳᠦ ᠮᠡᠷᠭᠡᠱᠢᠯ ᠴᠤ᠌ ᠪᠠᠢᠵᠤ ᠶᠠᠳᠠᠬᠤ ᠦᠭᠡᠢ᠃ ᠪᠤᠷᠤᠭ᠍ᠵᠢᠭᠤᠨ ᠪᠤᠯ ᠱᠢᠳᠤᠷᠭᠤ ᠴᠠᠢᠯᠭᠠᠨ᠂ ᠲᠤᠮᠤᠭᠠᠵᠢᠯ᠂ ᠰᠦᠷᠭᠡᠤ ᠲᠤᠩᠭᠠᠯᠳᠠ᠂ ᠦᠨᠳᠦᠰᠦ ᠤᠷᠤᠭᠤ᠎ᠪᠠᠨ ᠪᠤᠴᠠᠬᠤ ᠲᠡᠮᠡᠦᠯᠦᠯ᠂ ᠪᠤᠯᠪᠠᠰᠤᠷᠠᠩᠭᠤᠢ ᠪᠤᠯᠤᠭ᠍ᠰᠠᠨ᠎ᠤ ᠢᠯᠡᠷᠡᠯ᠃ ᠪᠤᠷᠤᠭ᠍ᠵᠢᠭᠤᠨ ᠪᠤᠯ ᠭᠤᠸ᠎ᠠ ᠰᠠᠢᠬᠠᠨ᠂ ᠪᠤᠷᠤᠭ᠍ᠵᠢᠭᠤᠨ ᠪᠤᠯ ᠤᠤᠷ ᠴᠢᠨᠠᠷ᠂ ᠲᠦᠷᠦᠯᠬᠢ ᠵᠢᠰᠤ᠂ ᠤᠭ ᠠᠮᠳᠠ᠂ ᠪᠠᠢᠭᠠᠯᠢ᠎ᠳᠠᠭᠠᠨ ᠡᠭᠡᠬᠦ᠌ ᠮᠦᠷᠦᠭᠡᠳᠦᠯ᠃ ᠪᠤᠷᠤᠭ᠍ᠵᠢᠭᠤᠨ ᠪᠤᠯ ᠢᠯᠡᠬᠦᠴᠡ ᠴᠢᠮᠡᠭ᠌ᠯᠡᠯ᠂ ᠭᠡᠳᠦ ᠭᠡᠭᠡᠨᠴᠢᠷᠯᠡᠯ᠂ ᠮᠠᠵᠤᠤᠯᠠᠯ᠂ ᠰᠡᠴᠡᠷᠭᠡᠯ᠂ ᠲᠠᠯᠠᠢᠯᠭᠠᠯ᠂ ᠠᠭᠠᠯᠢᠬᠦᠢᠳᠠᠯ᠂ ᠱᠠᠯᠢᠨ ᠪᠦᠷᠢᠯᠭᠡᠯ᠎ᠳᠤ ᠬᠢᠭ᠌ᠰᠡᠨ ᠴᠡᠪᠡᠷᠯᠡᠭᠡ᠃ ᠁ ᠱᠢᠯᠦᠭ ᠤᠬᠢᠵᠢᠵᠤ ᠶᠠᠪᠤᠬᠤ ᠲᠤᠳᠤᠮ ᠪᠤᠷᠤᠭ᠍ᠵᠢᠭᠤᠨ ᠲᠠᠢᠰᠢ ᠬᠠᠨᠳᠤᠬᠤ ᠪᠤᠯᠵᠤᠰᠢ ᠦᠭᠡᠢ》 ᠭᠡᠵᠡᠢ᠃ 《ᠪᠤᠷᠤᠭ᠍ᠵᠢᠭᠤᠨ ᠪᠤᠯ ᠱᠢᠯᠦᠭ᠎ᠤᠨ ᠡᠷᠳᠡᠮ》᠂ 《ᠪᠤᠷᠤᠭ᠍ᠵᠢᠭᠤᠨ ᠪᠤᠯ ᠲᠡᠭᠡᠳᠦ ᠮᠡᠷᠭᠡᠱᠢᠯ》᠂ 《ᠪᠤᠷᠤᠭ᠍ᠵᠢᠭᠤᠨ ᠪᠤᠯ ᠱᠢᠯᠦᠭ ᠪᠤᠯᠪᠠᠰᠤᠷᠠᠩᠭᠤᠢ ᠪᠤᠯᠤᠭ᠍ᠰᠠᠨ᠎ᠤ ᠢᠯᠡᠷᠡᠯ》᠂ 《ᠪᠤᠷᠤᠭ᠍ᠵᠢᠭᠤᠨ ᠪᠤᠯ ᠭᠤᠸ᠎ᠠ ᠰᠠᠢᠬᠠᠨ》 ᠭᠡᠵᠦ᠍ ᠦᠵᠡᠭ᠌ᠰᠡᠨ ᠪᠤᠯᠬᠤᠷ 《ᠱᠢᠯᠦᠭ ᠤᠬᠢᠵᠢᠵᠤ ᠶᠠᠪᠤᠬᠤ ᠲᠤᠳᠤᠮ ᠪᠤᠷᠤᠭ᠍ᠵᠢᠭᠤᠨ ᠲᠡᠢᠰᠢ ᠬᠠᠨᠳᠤᠬᠤ ᠪᠤᠯᠵᠤᠰᠢ ᠦᠭᠡᠢ》 ᠭᠡᠳᠡᠭ᠎ᠨᠢ ᠤᠢᠯᠠᠭᠠᠮᠵᠢᠳᠠᠢ᠃ ᠦᠨᠡᠯᠡᠬᠦᠱᠢᠳᠡᠢ᠃ ᠠᠳᠡ᠂ ᠠᠷᠳᠠᠢ᠎ᠠᠴᠠ 《ᠪᠤᠷᠤᠭ᠍ᠵᠢᠭᠤᠨ》 ᠭᠡᠳᠡᠭ᠎ᠢ ᠱᠢᠯᠦᠭ ᠤᠷᠠᠯᠠᠬᠤ᠎ᠶ᠋ᠢᠨ ᠴᠢᠬᠤᠯᠠ ᠨᠢᠭᠡ ᠠᠷᠭ᠎ᠠ ᠭᠡᠯᠪᠡᠷᠢ ᠪᠤᠶᠤ ᠱᠢᠯᠦᠭ᠎ᠤᠨ ᠨᠢᠭᠡ ᠭᠤᠤᠯ ᠤᠨᠴᠠᠯᠢᠭ ᠲᠡᠳᠦᠢ ᠯᠡ ᠭᠡᠵᠦ᠍ ᠦᠵᠡᠭ᠌ᠰᠡᠨ ᠪᠢᠰᠢ᠂ ᠬᠠᠷᠢᠨ ᠱᠢᠯᠦᠭ᠎ᠤᠨ ᠭᠤᠸ᠎ᠠ ᠰᠠᠢᠬᠠᠨ᠎ᠤ ᠲᠡᠭᠡᠳᠦ ᠪᠠᠷᠢᠮᠵᠢᠶ᠎ᠡ ᠭᠡᠵᠦ᠍ ᠲᠠᠨᠢᠵᠤ ᠲᠠᠢᠯᠪᠤᠷᠢᠯᠠᠵᠤ ᠪᠤᠢ᠃ ᠱᠢᠯᠦᠭ 《ᠪᠤᠷᠤᠭ᠍ᠵᠢᠭᠤᠨ》 ᠪᠤᠯᠬᠤ ᠲᠤᠳᠤᠮ ᠶᠠᠭᠤᠮᠠᠨ᠎ᠤ ᠦᠨᠡᠨ᠂ ᠶᠠᠭᠤᠮᠠᠨ᠎ᠤ ᠤᠭ ᠴᠢᠨᠠᠷ᠎ᠲᠤ ᠤᠯᠠᠮ ᠤᠢᠷᠠᠬᠠᠨ ᠤᠴᠢᠵᠤ ᠴᠢᠳᠠᠬᠤ ᠪᠤᠯᠤᠨ᠎ᠠ ᠃ ᠡᠬᠦᠨ᠎ᠤ ᠤᠯᠠᠮ᠎ᠠᠴᠠ ᠱᠢᠯᠦᠭ᠎ᠨᠢ ᠨᠡᠩ ᠶᠡᠭᠡ ᠠᠷᠠᠳ ᠲᠦᠮᠡᠨ᠎ᠤ ᠤᠷᠠᠯᠢᠭ ᠲᠠᠢᠰᠢ ᠤᠢᠷᠠᠳᠤᠬᠤ ᠪᠤᠯᠤᠨ᠎ᠠ ᠭᠡᠵᠦ᠍ ᠦᠵᠡᠭ᠌ᠰᠡᠨ ᠴᠤ᠌ ᠪᠤᠯᠬᠤ ᠦᠭᠡᠢ ᠭᠠᠵᠠᠷ ᠠᠯᠠᠭ᠎ᠠ᠃ ᠲᠡᠢᠮᠦ᠍ᠪᠠᠷᠢᠶᠠᠨ᠂ ᠠᠷᠳᠠᠢ᠎ᠶ᠋ᠢᠨ ᠱᠢᠯᠦᠭ ᠠᠷᠠᠳ ᠲᠦᠮᠡᠨ᠎ᠲᠠᠢ ᠱᠢᠯᠦᠭ ᠪᠤᠯᠵᠤ ᠴᠢᠳᠠᠭ᠍ᠰᠠᠨ᠃
ᠠᠷᠳᠠᠢ᠎ᠠᠴᠠ ᠱᠢᠯᠦᠭ ᠬᠢᠭᠡᠳ ᠭᠤᠸ᠎ᠠ ᠰᠠᠢᠬᠠᠨ᠎ᠤ ᠰᠠᠯᠤᠰᠢ ᠦᠭᠡᠢ ᠬᠠᠷᠢᠴᠠᠭ᠎ᠠ ᠬᠤᠯᠪᠤᠭ᠎ᠠ᠎ᠶ᠋ᠢ ᠲᠤᠩ ᠴᠢᠬᠤᠯᠠᠴᠢᠯᠠᠨ᠄ 《ᠱᠢᠯᠦᠭ ᠭᠡᠳᠡᠭ ᠶᠠᠭᠤ ᠪᠤᠢ? ᠱᠢᠯᠦᠭ ᠭᠡᠳᠡᠭ ᠪᠤᠯ ᠭᠤᠸ᠎ᠠ ᠰᠠᠢᠬᠠᠨ᠎ᠤ ᠵᠢᠷᠦᠮ ᠭᠤᠷᠢᠮ᠎ᠢᠶᠠᠷ ᠪᠦᠳᠦᠭᠡᠭ᠌ᠳᠡᠭ᠌ᠰᠡᠨ᠂ ᠰᠡᠳᠭᠢᠯᠭᠡ᠎ᠶ᠋ᠢᠨ ᠠᠢᠵᠠᠮ ᠬᠦᠭ᠎ᠢᠶᠠᠷ ᠭᠡᠯᠪᠡᠷᠢᠵᠢᠭ᠌ᠰᠡᠨ᠂ ᠤᠷᠠᠯᠢᠭ᠎ᠤᠨ ᠦᠪᠡᠷᠮᠢᠴᠡ ᠠᠷᠭ᠎ᠠ ᠪᠠᠷᠢᠯ᠎ᠢᠶᠠᠷ ᠮᠡᠨᠳᠦᠯᠡᠭ᠌ᠰᠡᠨ ᠬᠠᠮ ᠰᠡᠷᠡᠯ᠎ᠢ ᠡᠬᠦᠰᠭᠡᠭ᠌ᠴᠢ ᠲᠦᠷᠬᠦ᠌ ᠰᠡᠳᠭᠢᠯ᠂ ᠬᠦᠳᠡᠯᠭᠡᠭᠡᠨ ᠶᠤᠮ ᠤᠤ ᠭᠡᠵᠦ᠍ ᠭᠠᠳᠠᠷᠯᠠᠳᠠᠭ》 ᠭᠡᠰᠡᠨ ᠪᠦᠭᠡᠳ᠄
《ᠱᠢᠯᠦᠭ᠌ᠴᠢ᠎ᠶ᠋ᠢᠨ ᠲᠠᠬᠢᠳᠠᠭ ᠪᠤᠷᠬᠠᠨ ᠪᠤᠯ ᠠᠷᠠᠳ ᠲᠦᠮᠡᠨ
ᠱᠢᠯᠦᠭ᠌ᠴᠢ᠎ᠶ᠋ᠢᠨ ᠰᠠᠬᠢᠳᠠᠭ ᠰᠠᠨᠸᠠᠷ ᠪᠤᠯ ᠵᠢᠮ᠎ᠠ ᠶᠤᠰᠤ
ᠱᠢᠯᠦᠭ᠌ᠴᠢ᠎ᠶ᠋ᠢᠨ ᠬᠤᠷᠢᠮᠯᠠᠭᠠᠳᠤᠢ ᠢᠨᠠᠭ ᠪᠤᠯ ᠭᠤᠸ᠎ᠠ ᠰᠠᠢᠬᠠᠨ
ᠱᠢᠯᠦᠭ᠌ᠴᠢ᠎ᠶ᠋ᠢᠨ ᠨᠠᠰᠤᠨ᠎ᠤ ᠴᠡᠭᠡᠷ ᠪᠤᠯ ᠬᠠᠭᠤᠴᠢᠨ》 (ᠠᠷᠳᠠᠢ᠄ 《ᠱᠢᠯᠦᠭ᠎ᠤᠨ ᠵᠤᠭᠤᠭ》) ᠭᠡᠮᠡᠵᠦ᠍ ᠱᠢᠯᠦᠭ᠎ᠤᠨ ᠭᠤᠸ᠎ᠠ ᠰᠠᠢᠬᠠᠨ᠎ᠤ ᠬᠢᠵᠠᠭᠠᠯᠠᠰᠢ ᠦᠭᠡᠢ ᠶᠡᠭᠡ ᠲᠠᠳᠠᠬᠤ ᠬᠦᠴᠦᠨ᠎ᠢ ᠬᠦᠨᠵᠡᠭᠡᠢ ᠮᠡᠳᠡᠷᠡᠭ᠌ᠰᠡᠨ ᠪᠠᠢᠳᠠᠭ᠃ ᠭᠤᠸ᠎ᠠ ᠰᠠᠢᠬᠠᠨ ᠪᠤᠯ ᠱᠢᠯᠦᠭ ᠤᠷᠠᠯᠢᠭ᠎ᠤᠨ ᠠᠮᠢ ᠨᠠᠰᠤᠨ᠎ᠤ ᠤᠷᠤᠱᠢᠬᠤᠢ᠎ᠶ᠋ᠢᠨ ᠴᠢᠬᠤᠯᠠ ᠬᠦᠴᠦᠰᠦ ᠪᠤᠯᠬᠤ᠎ᠨᠢ ᠲᠠᠮᠵᠢᠭ ᠦᠭᠡᠢ᠃
ᠠᠷᠳᠠᠢ᠎ᠠᠴᠠ 《ᠱᠢᠯᠦᠭ᠌ᠴᠢ ᠪᠦᠬᠦᠨ ᠦᠪᠡᠷ ᠦᠪᠡᠷ᠎ᠤᠨ ᠠᠷᠭ᠎ᠠ ᠵᠠᠮ᠎ᠢᠶᠠᠷ᠎ᠢᠶᠠᠨ ᠱᠢᠯᠦᠭ᠎ᠢᠶᠠᠨ ᠤᠩᠱᠢᠭ᠍ᠴᠢᠳ᠎ᠤᠨ᠎ᠢᠶᠠᠨ ᠰᠡᠳᠭᠢᠯ᠎ᠳᠤ ᠬᠦᠷᠭᠡᠬᠦ᠌᠎ᠪᠠᠷ ᠮᠠᠬᠠᠷᠠᠳᠠᠭ᠃ ᠮᠢᠨᠦ᠍ ᠤᠢᠯᠠᠭᠠᠯᠳᠠ᠎ᠪᠠᠷ ᠦᠨᠡᠨ᠂ ᠰᠠᠢᠨ᠂ ᠰᠠᠢᠬᠠᠨ ᠪᠤᠯ ᠬᠦᠮᠦᠨ᠎ᠤ ᠰᠡᠳᠭᠢᠯ᠎ᠳᠤ ᠨᠡᠪᠳᠡᠷᠡᠬᠦ᠌ ᠵᠠᠮ᠎ᠤᠨ ᠭᠡᠷᠡᠴᠢ ᠮᠦᠨ᠃ ᠡᠨᠡ ᠭᠡᠷᠡᠴᠢ ᠦᠭᠡᠢ ᠪᠤᠯ ᠰᠡᠳᠭᠢᠯ ᠪᠦᠬᠦᠨ ᠴᠢᠨᠦ᠍ ᠦᠭᠡᠳᠡ᠎ᠠᠴᠠ ᠡᠬᠦᠳᠡ᠎ᠪᠠᠨ ᠬᠠᠭᠠᠴᠢᠬᠠᠨᠠ》 ᠭᠡᠵᠡᠢ᠃ ᠡᠬᠦᠨ᠎ᠠᠴᠠ ᠦᠵᠡᠬᠦ᠌᠎ᠳᠤ᠂ ᠠᠷᠳᠠᠢ ᠪᠤᠯ ᠱᠢᠯᠦᠭ᠎ᠢᠶᠠᠷ᠎ᠢᠶᠠᠨ ᠤᠩᠱᠢᠭ᠍ᠴᠢᠳ᠎ᠤᠨ᠎ᠢᠶᠠᠨ ᠰᠡᠳᠭᠢᠯ᠎ᠤᠨ ᠬᠦᠨᠳᠤ ᠨᠡᠪᠳᠡᠷᠡᠬᠦ᠌᠎ᠶ᠋ᠢᠨ ᠭᠡᠭᠡᠨ ᠵᠠᠮ᠎ᠢ ᠭᠤᠸ᠎ᠠ ᠰᠠᠢᠬᠠᠨ᠎ᠤ ᠵᠢᠮ᠎ᠠ ᠶᠤᠰᠤ᠎ᠪᠠᠷ ᠲᠡᠪᠢᠰᠭᠦ ᠭᠡᠵᠦ᠍ ᠮᠠᠬᠠᠷᠠᠨ ᠵᠢᠳᠬᠦᠭ᠌ᠰᠡᠨ ᠱᠢᠯᠦᠭ᠌ᠴᠢ ᠪᠤᠯᠬᠤ ᠠᠵᠢ᠃
ᠬᠤᠶᠠᠷ᠂ ᠱᠢᠯᠦᠭ ᠤᠷᠠᠯᠠᠬᠤᠢ ᠭᠤᠸ᠎ᠠ ᠰᠠᠢᠬᠠᠨ
ᠴᠢᠯᠦᠭᠡᠳᠦ ᠰᠡᠳᠭᠢᠬᠦᠢ᠃ ᠴᠢᠯᠦᠭᠡᠳᠦ ᠰᠡᠳᠭᠢᠬᠦᠢ ᠪᠤᠯ ᠠᠷᠳᠠᠢ᠎ᠶ᠋ᠢᠨ ᠱᠢᠯᠦᠭ᠎ᠤᠨ ᠲᠤᠪᠤᠢᠭ᠍ᠰᠠᠨ ᠤᠨᠴᠠᠯᠢᠭ᠂ ᠪᠠᠰᠠ ᠴᠤ᠌ ᠲᠡᠬᠦᠨ᠎ᠤ ᠱᠢᠯᠦᠭ᠎ᠤᠨ ᠠᠮᠵᠢᠯᠳᠠ ᠤᠯᠤᠭ᠍ᠰᠠᠨ᠎ᠤ ᠤᠷᠢᠳᠠᠯ ᠨᠦᠬᠦᠴᠡᠯ ᠮᠦᠨ ᠭᠡᠬᠦ᠌᠎ᠳᠤ ᠪᠤᠷᠤᠭᠤᠳᠠᠬᠤ ᠦᠭᠡᠢ᠃ 《ᠪᠤᠳᠤᠯ᠎ᠤᠨ ᠴᠡᠩᠭᠡᠷ ᠢᠷᠭᠤᠢ》 ᠪᠤᠯ ᠠᠷᠳᠠᠢ᠎ᠶ᠋ᠢᠨ ᠱᠢᠯᠦᠭ ᠰᠡᠳᠭᠢᠬᠦᠢ᠎ᠪᠠᠨ ᠴᠢᠯᠦᠭᠡᠯᠡᠨ᠂ ᠰᠡᠳᠭᠢᠬᠦᠢ᠎ᠪᠠᠨ ᠲᠡᠯᠡᠵᠦ᠍ ᠦᠷᠭᠡᠳᠭᠡᠨ ᠰᠡᠳᠭᠢᠬᠦᠢ᠎ᠶ᠋ᠢᠨ ᠠᠭᠤᠳᠠᠮ ᠶᠡᠭᠡ ᠬᠠᠷᠢᠮᠠᠭ ᠤᠷᠤᠨ ᠵᠠᠢ ᠪᠤᠶᠤ ᠬᠠᠮ ᠤᠷᠤᠨ ᠵᠠᠢ᠎ᠶ᠋ᠢ ᠪᠦᠳᠦᠭᠡᠭ᠌ᠰᠡᠨᠤ ᠪᠤᠳᠠᠳᠤ ᠭᠡᠷᠡᠴᠢ ᠪᠠᠷᠢᠮᠳᠠ ᠪᠤᠯᠬᠤ ᠶᠤᠮ᠃ ᠡᠨᠡ ᠲᠤᠬᠠᠢ ᠠᠷᠳᠠᠢ᠎ᠠᠴᠠ᠄ 《ᠢᠷᠠᠭᠤ ᠨᠠᠢᠷᠠᠭ᠍ᠴᠢ᠎ᠶ᠋ᠢᠨ ᠰᠡᠳᠭᠢᠯ ᠡᠷᠭᠡᠪᠰᠢ ᠴᠢᠯᠦᠭᠡᠳᠡᠢ ᠪᠠᠢᠬᠤ ᠭᠡᠷᠡᠭ᠌ᠳᠡᠢ᠃ ᠰᠡᠳᠭᠢᠯ᠎ᠤᠨ ᠡᠷᠭᠡ ᠴᠢᠯᠦᠭᠡ᠎ᠶ᠋ᠢ ᠶᠡᠷᠦ᠍᠎ᠨᠢ ᠭᠡᠨ ᠴᠤ᠌ ᠴᠦᠯᠪᠡᠵᠦ᠍ ᠴᠢᠳᠠᠳᠠᠭ ᠦᠭᠡᠢ ᠱᠢᠤ ᠳ᠋ᠠ᠃ ᠴᠢᠯᠦᠭᠡᠳᠡᠢ ᠰᠡᠳᠭᠢᠬᠦ᠌ ᠦᠭᠡᠢ ᠪᠤᠯ ᠤᠷᠠᠨ ᠰᠠᠨᠠᠭᠠᠨ᠎ᠤ ᠴᠢᠨᠢ ᠵᠢᠬᠦᠷ ᠲᠡᠯᠭᠡᠭ᠌ᠳᠡᠵᠦ᠍ ᠦᠭ᠌ᠬᠦ ᠦᠭᠡᠢ ᠪᠤᠯᠤᠨ᠎ᠠ᠃ ᠢᠷᠠᠭᠤ ᠨᠠᠢᠷᠠᠭ ᠴᠢᠨᠢ ᠬᠦᠨᠴᠡ᠂ ᠦᠷᠭᠡᠴᠡ᠂ ᠦᠨᠳᠦᠷᠴᠡ᠎ᠪᠠᠷ ᠪᠠᠭ᠍ᠠᠨ ᠮᠦᠴᠢᠳ ᠪᠤᠯᠤᠨ᠎ᠠ》 ᠭᠡᠵᠦ᠍ ᠴᠢᠯᠦᠭᠡᠳᠡᠢ ᠰᠡᠳᠭᠢᠬᠦ᠌ — ᠰᠡᠳᠭᠢᠬᠦᠢ᠎ᠪᠠᠨ ᠴᠢᠯᠦᠭᠡᠯᠡᠬᠦ᠌᠎ᠶ᠋ᠢᠨ ᠢᠳᠡ ᠬᠦᠴᠦ᠍᠎ᠶ᠋ᠢ ᠦᠬᠦᠯᠡᠭ᠌ᠰᠡᠨ ᠪᠠᠢᠳᠠᠭ᠃ ᠠᠷᠳᠠᠢ ᠴᠢᠯᠦᠭᠡᠳᠡᠢ ᠰᠡᠳᠭᠢᠬᠦ᠌᠎ᠶ᠋ᠢ ᠭᠤᠸ᠎ᠠ ᠰᠠᠢᠬᠠᠨ᠎ᠤ ᠬᠦᠭᠡᠭᠡᠴᠡᠯᠳᠦᠯ᠎ᠢᠶᠠᠨ ᠪᠤᠯᠭᠠᠵᠤ ᠱᠢᠨ᠎ᠡ ᠴᠢᠯᠦᠭᠡᠳᠦ ᠱᠢᠯᠦᠭ᠎ᠢ ᠡᠬᠦᠳᠦᠭ᠌ᠴᠢᠶ᠋ᠢᠨ ᠨᠢᠭᠡ ᠪᠤᠯᠤᠭ᠍ᠰᠠᠨ ᠶᠤᠮ᠃ ᠠᠷᠳᠠᠢ ᠪᠤᠯ ᠰᠡᠳᠭᠢᠬᠦᠢ᠎ᠶ᠋ᠢᠨ ᠵᠢᠬᠦᠷ᠎ᠢᠶᠠᠨ ᠴᠢᠯᠦᠭᠡᠳᠡᠢ ᠲᠡᠯᠭᠡᠨ ᠪᠤᠳᠠᠰ᠎ᠤᠨ ᠶᠢᠷᠳᠢᠨᠴᠦ᠍ ᠪᠤᠯᠤᠨ ᠪᠤᠳᠤᠯ᠎ᠤᠨ ᠶᠢᠷᠳᠢᠨᠴᠦ᠍᠎ᠶ᠋ᠢᠨ ᠬᠤᠭᠤᠷᠤᠨᠳᠤ᠂ ᠲᠡᠷᠡᠴᠢᠯᠡᠨ ᠠᠮᠢᠳᠤᠷᠠᠯ ᠪᠠᠢᠭᠠᠯᠢ᠎ᠶ᠋ᠢᠨ ᠠᠭᠤᠳᠠᠮ ᠲᠡᠯᠡᠭᠡᠢ᠎ᠳᠤ ᠤᠷᠠᠨ ᠰᠠᠨᠠᠭ᠎ᠠ᠎ᠪᠠᠨ ᠴᠢᠯᠦᠭᠡᠳᠡᠢ ᠨᠢᠰᠭᠡᠳᠡᠭ ᠰᠡᠳᠭᠢᠬᠦᠢ᠎ᠶ᠋ᠢᠨ ᠶᠡᠭᠡ ᠬᠠᠮ ᠱᠢᠨᠵᠢ᠎ᠳᠦ ᠤᠷᠴᠢᠯᠠᠩ᠎ᠤᠨ ᠡᠵᠡᠨ ᠶᠤᠮ᠃
ᠬᠦᠨ ᠤᠬᠠᠭᠠᠯᠢᠭ ᠰᠡᠳᠭᠢᠬᠦᠢ᠃ ᠬᠦᠨ ᠤᠬᠠᠭᠠᠯᠢᠭ ᠰᠡᠳᠭᠢᠬᠦᠢ ᠪᠤᠶᠤ ᠬᠠᠷᠢᠮᠠᠭ ᠰᠡᠳᠭᠢᠬᠦᠢ ᠪᠤᠯ ᠠᠷᠳᠠᠢ᠎ᠶ᠋ᠢᠨ ᠱᠢᠯᠦᠭ ᠰᠡᠳᠭᠢᠬᠦᠢ᠎ᠶ᠋ᠢᠨ ᠴᠢᠯᠦᠭᠡᠯᠡᠯᠳᠡ᠎ᠶ᠋ᠢᠨ ᠪᠠᠰᠠ ᠨᠢᠭᠡ ᠴᠢᠬᠤᠯᠠ ᠢᠯᠡᠷᠡᠬᠦᠢ ᠭᠡᠯᠪᠡᠷᠢ ᠪᠤᠯᠤᠨ᠎ᠠ᠃ ᠲᠡᠯᠡᠭᠡᠢ ᠶᠢᠷᠳᠢᠨᠴᠦ᠍ ᠪᠤᠯ ᠶᠡᠭᠡ ᠪᠠᠭ᠎ᠠ᠂ ᠵᠦᠪ ᠪᠤᠷᠤᠭᠤ᠂ ᠲᠡᠭᠡᠷ᠎ᠡ ᠲᠤᠤᠷ᠎ᠠ᠂ ᠰᠠᠢᠨ ᠮᠠᠭᠤ᠂ ᠦᠨᠳᠦᠷ ᠪᠤᠭᠤᠨᠢ ᠁ ᠭᠡᠬᠦ᠌ ᠮᠡᠳᠦ᠍᠎ᠶ᠋ᠢᠨ ᠡᠰᠡᠷᠬᠦ᠌ ᠲᠡᠰᠡᠷᠬᠦ᠌ ᠬᠤᠶᠠᠷ ᠴᠢᠨᠠᠷ᠎ᠤᠨ ᠡᠰᠡᠷᠬᠦᠴᠡᠯᠳᠦᠯ ᠨᠢᠭᠡᠳᠦᠯ ᠪᠦᠬᠦᠢ ᠤᠷᠤᠱᠢᠬᠤᠢ ᠮᠦᠨ᠃ ᠶᠢᠷᠳᠢᠨᠴᠦ᠍᠎ᠶ᠋ᠢᠨ ᠤᠷᠤᠱᠢᠯ ᠲᠤᠭ᠍ᠳᠠᠨᠢᠯᠤᠨ ᠡᠨᠡ ᠬᠦ᠌ ᠡᠰᠡᠷᠬᠦ᠌ ᠲᠡᠰᠡᠷᠬᠦ᠌ ᠴᠢᠨᠠᠷ ᠪᠦᠬᠦᠢ ᠤᠷᠤᠱᠢᠬᠤᠢ᠎ᠶ᠋ᠢᠨ ᠤᠭ ᠶᠤᠰᠤᠨᠢ ᠠᠷᠳᠠᠢ᠎ᠶ᠋ᠢᠨ ᠱᠢᠯᠦᠭ᠎ᠤᠨ ᠬᠠᠷᠢᠮᠠᠭ ᠰᠡᠳᠭᠢᠬᠦᠢ᠎ᠳᠤ ᠬᠦᠨ ᠤᠬᠠᠭᠠᠨ᠎ᠤ ᠤᠨᠤᠯ᠎ᠤᠨ ᠦᠨᠳᠦᠰᠦ᠎ᠶ᠋ᠢ ᠬᠠᠩᠭᠠᠵᠤ ᠦᠭ᠌ᠬᠦᠭ᠌ᠰᠡᠨ ᠪᠠᠢᠭ᠎ᠠ ᠶᠤᠮ᠃ ᠠᠷᠳᠠᠢ᠎ᠶ᠋ᠢᠨ ᠱᠢᠯᠦᠭ᠎ᠤᠨ ᠬᠠᠷᠢᠮᠠᠭ ᠰᠡᠳᠭᠢᠬᠦᠢ᠎ᠨᠢ ᠶᠠᠭ ᠡᠢᠮᠦᠷᠬᠦᠤ ᠶᠢᠷᠳᠢᠨᠴᠦ᠍᠎ᠶ᠋ᠢᠨ ᠤᠷᠤᠱᠢᠬᠤᠢ᠎ᠶ᠋ᠢᠨ ᠡᠰᠡᠷᠬᠦ᠌ ᠲᠡᠰᠡᠷᠬᠦ᠌ ᠬᠤᠶᠠᠷ ᠲᠦᠢᠯ᠎ᠢ ᠵᠡᠷᠭᠡᠴᠡᠬᠦᠯᠦᠨ ᠬᠠᠷᠠᠭᠠᠯᠵᠠᠳᠠᠭ ᠪᠤᠯᠬᠤᠷ ᠠᠷᠳᠠᠢ ᠦᠪᠡᠷ᠎ᠢᠶᠠᠨ 《ᠲᠦᠢᠯᠱᠢᠷᠠᠯ》 ᠭᠡᠵᠦ᠍ ᠨᠡᠷᠡᠯᠡᠭ᠌ᠰᠡᠨ ᠪᠠᠢᠨ᠎ᠠ᠃ 1997 ᠤᠨ᠎ᠳᠤ ᠠᠷᠳᠠᠢ ᠦᠪᠦᠷ ᠮᠤᠩᠭᠤᠯ᠎ᠤᠨ ᠲᠧᠯᠸᠢᠰ ᠬᠤᠷᠢᠶᠠᠨ᠎ᠤ ᠰᠤᠷᠪᠤᠯᠵᠢᠯᠠᠭ᠍ᠴᠢ᠎ᠶ᠋ᠢᠨ ᠠᠰᠠᠭᠤᠯᠳᠠ᠎ᠶ᠋ᠢ ᠬᠠᠷᠢᠭᠤᠯᠬᠤ ᠲᠤᠮᠳᠠ 《ᠲᠦᠢᠯᠱᠢᠷᠡᠯ》 ᠭᠡᠮᠡᠬᠦ᠌ ᠤᠬᠠᠭ᠍ᠳᠠᠬᠤᠨ᠎ᠢ ᠠᠩᠬ᠎ᠠ ᠤᠳᠠᠭ᠎ᠠ ᠲᠤᠷᠠᠳᠤᠨ ᠭᠠᠷᠭᠠᠪᠠ᠃ ᠲᠡᠬᠦᠨ᠎ᠤ ᠦᠵᠡᠬᠦ᠌᠎ᠪᠠᠷ ᠲᠦᠢᠯᠱᠢᠷᠡᠯ ᠪᠤᠯ ᠱᠢᠯᠦᠭ ᠤᠷᠠᠯᠠᠬᠤ ᠠᠷᠭ᠎ᠠ ᠪᠠᠷᠢᠯ᠎ᠤᠨ ᠨᠢᠭᠡ ᠪᠤᠯᠤᠨ᠎ᠠ᠄ 《ᠲᠦᠢᠯᠱᠢᠷᠡᠯ — ᠭᠤᠤᠯ ᠰᠠᠨᠠᠭ᠎ᠠ᠎ᠪᠠᠨ ᠲᠤᠪᠤᠢᠯᠭᠠᠬᠤ᠎ᠶ᠋ᠢᠨ ᠲᠦᠯᠦᠭᠡ ᠬᠤᠶᠠᠷ ᠲᠦᠢᠯ᠎ᠠᠴᠠ᠎ᠨᠢ ᠦᠵᠡᠬᠦᠯᠬᠦ᠌ ᠠᠷᠭ᠎ᠠ᠃ ᠡᠨᠡ ᠪᠤᠯ ᠤᠷᠤᠨ ᠵᠠᠢ᠂ ᠴᠠᠭ᠂ ᠭᠡᠷᠡᠭ ᠪᠤᠳᠠᠰ᠎ᠤᠨ ᠬᠤᠶᠠᠷ ᠲᠠᠯ᠎ᠠ᠎ᠠᠴᠠ ᠭᠤᠤᠯ ᠰᠠᠨᠠᠭ᠎ᠠ ᠲᠡᠭᠡᠷ᠎ᠡ᠎ᠪᠠᠨ ᠵᠡᠷᠭᠡ ᠰᠤᠮᠤᠳᠠᠨ ᠲᠤᠰᠴᠤ᠌᠂ ᠭᠤᠤᠯ ᠰᠠᠨᠠᠭ᠎ᠠ᠎ᠪᠠᠨ ᠤᠯᠠᠮ ᠬᠢᠯᠪᠠᠭᠤᠯᠬᠤ ᠠᠪᠳᠠᠯ᠃ ᠪᠦᠬᠦᠯᠢ ᠴᠤᠭ᠍ᠴᠠ᠎ᠶ᠋ᠢᠨ ᠲᠠᠭ᠍ᠯᠠᠭᠠᠶ᠋ᠢ ᠠᠪᠬᠤ ᠬᠤᠶᠠᠷ ᠬᠦᠨᠵᠢᠬᠦᠷ᠃ ᠭᠡᠷᠡᠯ᠎ᠤᠨ ᠨᠡᠢᠯᠡᠯᠭᠡᠨ ᠪᠤᠶᠤ ᠰᠤᠮᠤᠨ᠎ᠤ ᠬᠠᠷᠭᠤᠯᠳᠤᠭᠠᠨ》 ᠭᠡᠰᠡᠨ ᠪᠦᠭᠡᠳ 《〈ᠢᠩᠭᠡᠨ᠎ᠤ ᠨᠢᠯᠪᠤᠰᠤ — ᠨᠤᠮᠤᠬᠠᠨ ᠲᠠᠯᠠᠢ — ᠮᠢᠨᠦ᠍ ᠡᠭᠡ ᠤᠷᠤᠨ〉᠂ 〈ᠬᠦᠭ᠌ᠰᠢᠨᠤ ᠱᠢᠳᠦ ᠦᠭᠡᠢ ᠪᠤᠢᠯᠡ — ᠭᠡᠦᠭᠡᠳ᠎ᠤᠨ ᠨᠠᠮᠠᠯᠵᠠᠭ᠍ᠰᠠᠨ ᠵᠤᠯᠠᠢ〉 ᠡᠨᠡ ᠪᠦᠷ ᠤᠷᠤᠨ ᠵᠠᠢ᠂ ᠴᠠᠭ᠎ᠤᠨ ᠲᠠᠯ᠎ᠠ᠎ᠪᠠᠷ᠎ᠬᠢ ᠲᠦᠢᠯᠱᠢᠷᠡᠯ᠎ᠤᠨ ᠤᠷ᠎ᠠ》 ᠭᠡᠯᠡ᠃ ᠡᠨᠡ ᠬᠦ᠌ ᠪᠢᠴᠢᠯᠭᠡ᠎ᠶ᠋ᠢᠨ ᠠᠷᠭ᠎ᠠ᠎ᠶ᠋ᠢ ᠲᠦᠬᠦᠮ᠎ᠢᠶᠠᠷ ᠤᠢᠯᠠᠭᠠᠪᠠᠯ ᠡᠰᠡᠷᠬᠦ᠌ ᠲᠡᠰᠡᠷᠬᠦ᠌ ᠬᠤᠶᠠᠷ ᠲᠦᠢᠯ᠎ᠢ ᠨᠢᠭᠡᠯᠡ ᠲᠤᠤᠷ᠎ᠠ ᠬᠤᠯᠪᠤᠵᠤ ᠨᠡᠢᠯᠡᠬᠦᠯᠦᠨ ᠡᠷᠡᠰ ᠲᠡᠷᠡᠰ ᠦᠩᠭᠡ ᠢᠯᠭᠠᠷᠠᠭᠤᠯᠤᠨ ᠦᠵᠡᠬᠦᠯᠬᠦ᠌ ᠠᠪᠳᠠᠯ ᠪᠤᠯᠤᠨ᠎ᠠ᠃ ᠡᠨᠡ ᠮᠠᠶᠢᠭ᠎ᠤᠨ ᠵᠢᠱ᠌ᠢᠶ᠎ᠡ ᠠᠷᠳᠠᠢ᠎ᠶ᠋ᠢᠨ ᠱᠢᠯᠦᠭ᠎ᠲᠤ ᠤᠯᠠᠨ ᠬᠠᠷᠠᠭ᠍ᠳᠠᠳᠠᠭ᠎ᠨᠢ ᠠᠷᠳᠠᠢ᠎ᠶ᠋ᠢᠨ 《ᠲᠦᠢᠯᠱᠢᠷᠡᠯ》᠎ᠤ᠋ᠨ ᠭᠤᠸ᠎ᠠ ᠰᠠᠢᠬᠠᠨ᠎ᠤ ᠲᠤᠬᠠᠢ ᠤᠨᠤᠯ᠎ᠤᠨ ᠦᠷ᠎ᠡ ᠨᠦᠯᠦᠭᠡ ᠭᠡᠯᠳᠡᠢ᠃
ᠵᠢᠱ᠌ᠢᠶ᠎ᠡ ᠨᠢᠭᠡ᠄ 《ᠬᠠᠢᠷ᠎ᠠ᠎ᠶ᠋ᠢᠨ ᠵᠤᠪᠠᠯᠠᠩ ᠰᠠᠢᠬᠠᠨ ᠪᠠᠢᠳᠠᠭ \ ᠬᠠᠢᠷᠠᠳᠠᠢ ᠪᠤᠯᠬᠤᠷ ᠲᠤᠷᠠᠳᠠᠢ ᠵᠤᠪᠠᠳᠠᠭ \ ᠴᠢᠮ᠎ᠠ᠎ᠳᠤ ᠬᠠᠢᠷᠠᠳᠠᠢ ᠵᠢᠷᠭᠠᠵᠤ ᠶᠠᠪᠤᠬᠤ᠎ᠳᠠᠭᠠᠨ \ ᠴᠠᠭ ᠢᠮᠠᠭ᠍ᠳᠠ ᠵᠤᠪᠠᠭ᠍ᠤ ᠲᠤᠷᠠᠳᠠᠢ ᠶᠤᠮ ᠡ ᠪᠢ \ ᠦᠪᠦᠷ ᠮᠤᠩᠭᠤᠯ ᠮᠢᠨᠢ \ ᠰᠠᠢᠨ ᠮᠠᠭᠤ ᠢᠬᠡᠷ᠎ᠡ ᠲᠦᠷᠦᠵᠦ᠍ \ ᠰᠠᠭᠠᠳ ᠢᠯᠠᠯᠳᠠ ᠢᠵᠢᠯ ᠦᠰᠴᠦ᠍ \ ᠰᠠᠭᠠᠷᠠᠬᠤ ᠡᠷᠴᠢᠯᠡᠬᠦ᠌ ᠨᠦᠬᠦᠴᠡᠳᠡᠭ ᠪᠤᠯᠬᠤᠷ \ ᠰᠠᠨᠠᠭ᠎ᠠ ᠦᠷᠬᠦᠯᠵᠢ ᠵᠤᠪᠠᠭ᠍ᠤ ᠤᠴᠢᠷ᠎ᠲᠠᠢ ᠶᠤᠮ ᠡ ᠪᠢ \ ᠦᠪᠦᠷ ᠮᠤᠩᠭᠤᠯ ᠮᠢᠨᠢ》 (ᠠᠷᠳᠠᠢ᠄ 《ᠮᠢᠨᠦ᠍ ᠦᠪᠦᠷ ᠮᠤᠩᠭᠤᠯ》)᠃ ᠠᠳᠡ ᠵᠢᠷᠭᠠᠬᠤ ᠵᠤᠪᠠᠭ᠍ᠤ᠂ ᠰᠠᠢᠨ ᠮᠠᠭᠤ᠂ ᠰᠠᠭᠠᠳ ᠢᠯᠠᠯᠳᠠ᠂ ᠰᠠᠭᠠᠷᠠᠬᠤ ᠡᠷᠴᠢᠯᠡᠬᠦ᠌ ᠵᠡᠷᠭᠡ ᠡᠰᠡᠷᠬᠦ᠌ ᠲᠡᠰᠡᠷᠬᠦ᠌ ᠬᠤᠶᠠᠷ ᠲᠦᠢᠯ᠎ᠤᠨ ᠤᠳᠭ᠎ᠠ᠎ᠶ᠋ᠢ ᠨᠢᠭᠡ ᠲᠤᠤᠷ᠎ᠠ ᠨᠡᠢᠯᠡᠬᠦᠯᠦᠨ ᠬᠤᠯᠪᠤᠯᠳᠤᠭᠤᠯᠵᠤ ᠱᠢᠯᠦᠭ᠌ᠯᠡᠭ᠌ᠰᠡᠨ ᠪᠠᠢᠨ᠎ᠠ᠃
ᠵᠢᠱ᠌ᠢᠶ᠎ᠡ ᠬᠤᠶᠠᠷ᠄《ᠦᠪᠦᠷ ᠮᠤᠩᠭᠤᠯ ᠮᠢᠨᠢ!\ ᠡᠮᠦᠨ᠎ᠡ ᠲᠡᠯᠭᠡᠭᠡᠰᠦᠳᠡᠢ ᠱᠢᠯᠦᠭ᠎ᠤᠨ ᠬᠠᠭᠤᠳᠠᠰᠤ ᠱᠢᠭ᠋ ᠵᠢᠵᠢᠭ ᠰᠠᠨᠠᠬᠳᠠᠨᠠᠮ ᠲᠠ \ ᠡᠪᠤᠷᠯᠡᠵᠦ᠍ ᠠᠪᠤᠭᠠᠳ ᠬᠠᠮᠢᠭ᠎ᠠ ᠶᠠᠪᠤᠭ᠍ᠰᠠᠨ ᠴᠤ᠌ ᠪᠠᠭ᠍ᠳᠠᠮᠠᠷ ᠰᠠᠨᠠᠭ᠍ᠳᠠᠨᠠᠮ \ ᠦᠪᠦᠷ ᠮᠤᠩᠭᠤᠯ ᠮᠢᠨᠢ!\ ᠦᠨᠢᠷ ᠪᠤᠳᠤᠯ ᠮᠢᠨᠢ ᠬᠦᠷᠴᠦ᠍ ᠲᠡᠢᠯᠦᠰᠢ ᠦᠭᠡᠢ ᠠᠭᠤᠳᠠᠮ ᠰᠠᠨᠠᠭ᠍ᠳᠠᠨᠠᠮ ᠲᠠ \ ᠦᠷᠢ᠎ᠪᠠᠨ ᠲᠦᠯᠦᠭᠡᠳ ᠭᠡᠳᠦᠢ ᠬᠦᠷᠦᠭ᠌ᠰᠡᠨ ᠴᠤ᠌ ᠲᠤᠳᠠᠮᠠᠷ ᠰᠠᠨᠠᠭ᠍ᠳᠠᠨᠠᠮ》 (ᠠᠷᠳᠠᠢ᠄ 《ᠮᠢᠨᠦ᠍ ᠦᠪᠦᠷ ᠮᠤᠩᠭᠤᠯ》) ᠳ᠋ᠤ ᠵᠢᠵᠢᠭ ᠬᠢᠭᠡᠳ ᠠᠭᠤᠳᠠᠮ ᠭᠡᠮᠡᠬᠦ᠌ ᠬᠤᠶᠠᠷ ᠲᠦᠢᠯᠱᠢᠷᠠᠭ᠍ᠰᠠᠨ ᠤᠷᠤᠨ ᠵᠠᠢ᠎ᠶ᠋ᠢ ᠵᠡᠷᠭᠡᠴᠡᠬᠦᠯᠦᠨ ᠱᠢᠯᠦᠭ᠌ᠯᠡᠵᠦ᠍ ᠰᠡᠳᠭᠢᠬᠦᠢ᠎ᠶ᠋ᠢᠨ ᠬᠠᠷᠢᠮᠠᠭ ᠭᠤᠸ᠎ᠠ ᠰᠠᠢᠬᠠᠨ᠎ᠢ ᠭᠠᠢᠬᠠᠭᠤᠯᠪᠠ᠃
ᠵᠢᠱ᠌ᠢᠶ᠎ᠡ ᠭᠤᠷᠪᠠ᠄ 《ᠬᠠᠩᠪᠤᠨ ᠱᠢᠷᠭᠠᠯ ᠰᠦᠯ ᠲᠡᠭᠡᠷ᠎ᠡ \ ᠴᠢᠮ᠎ᠠ᠎ᠲᠠᠢ᠎ᠪᠠᠨ ᠵᠡᠷᠭᠡᠴᠡᠨ ᠰᠠᠭᠤᠬᠤ᠎ᠳᠤ \ ᠬᠠᠮᠤᠭ ᠶᠠᠭᠤᠮ᠎ᠠ ᠮᠠᠷᠳᠠᠭ᠍ᠳᠠᠵᠤ \ ᠬᠠᠮᠤᠭ ᠶᠠᠭᠤᠮ᠎ᠠ ᠪᠤᠳᠤᠭ᠍ᠳᠠᠵᠤ ᠪᠠᠢᠯ᠎ᠠ \ ᠬᠠᠴᠢᠨ ᠬᠦᠭᠡᠷᠦᠬᠦᠨ᠂ ᠬᠠᠴᠢᠨ ᠵᠦᠭᠡᠯᠡᠨ \ ᠮᠦᠨ ᠬᠠᠴᠢᠨ ᠠᠯᠢᠶ᠎ᠡ ᠬᠠᠷᠠᠴᠠᠨ᠎ᠳᠤ ᠴᠢᠨᠢ \ ᠬᠠᠶᠠ ᠪᠢ ᠵᠢᠪᠴᠤ᠌ \ ᠬᠠᠶᠠ ᠪᠢ ᠬᠦᠪᠴᠦ᠍ ᠪᠠᠢᠯ᠎ᠠ》 (ᠠᠷᠳᠠᠢ᠄ 《ᠬᠤᠶᠠᠷ ᠤᠯᠢᠶᠠᠰᠤ》) ᠳ᠋ᠤ᠂ ᠮᠠᠷᠳᠠᠭ᠍ᠳᠠᠵᠤ ᠬᠢᠭᠡᠳ ᠪᠤᠳᠤᠭ᠍ᠳᠠᠵᠤ᠂ ᠵᠢᠪᠴᠤ᠌ ᠪᠤᠯᠤᠨ ᠬᠦᠪᠴᠦ᠍ ᠵᠡᠷᠭᠡ ᠬᠤᠶᠠᠷ ᠲᠦᠢᠯ᠎ᠤᠨ ᠤᠳᠭ᠎ᠠ᠎ᠶ᠋ᠢ ᠬᠠᠷᠢᠯᠴᠠᠨ ᠡᠰᠡᠷᠬᠦᠴᠡᠯᠳᠤᠬᠦᠯᠦᠨ ᠬᠤᠯᠪᠤᠵᠤ ᠦᠵᠡᠬᠦᠯᠵᠦ᠍ ᠪᠤᠢ᠃ ᠡᠨᠡ ᠪᠤᠯ ᠠᠷᠳᠠᠢ᠎ᠶ᠋ᠢᠨ ᠱᠢᠯᠦᠭᠲᠡᠬᠢ ᠬᠦᠨ ᠤᠬᠠᠭᠠᠨ ᠬᠢᠭᠡᠳ ᠭᠤᠸ᠎ᠠ ᠵᠦᠢ᠎ᠶ᠋ᠢ ᠨᠢᠭ᠍ᠳᠠ ᠤᠶᠠᠯᠳᠤᠭᠤᠯᠤᠭ᠍ᠰᠠᠨ᠎ᠤ ᠪᠤᠳᠠᠳᠤ ᠵᠢᠱ᠌ᠢᠶ᠎ᠡ ᠪᠠᠷᠢᠮᠳᠠ ᠮᠦᠨ᠃
《ᠲᠦᠢᠯᠱᠢᠷᠡᠯ》᠎ᠤ᠋ᠨ ᠠᠷᠭ᠎ᠠ᠎ᠶ᠋ᠢ ᠭᠡᠷᠡᠭ᠌ᠯᠡᠬᠦ᠌᠎ᠳᠡᠭᠡᠨ ᠬᠠᠶᠠ᠎ᠳᠠᠭᠠᠨ ᠲᠡᠭᠡᠷᠡᠬᠢ ᠮᠡᠳᠦ ᠦᠭᠡᠰ᠎ᠤᠨ ᠡᠰᠡᠷᠬᠦ᠌ ᠲᠡᠰᠡᠷᠬᠦ᠌ ᠤᠳᠭ᠎ᠠ᠎ᠶ᠋ᠢᠨ ᠢᠯᠡ ᠵᠡᠷᠭᠡᠴᠡᠬᠦᠯᠦᠯ ᠪᠤᠯᠵᠤ ᠪᠠᠢᠳᠠᠭ ᠪᠦᠭᠡᠳ ᠬᠠᠶᠠ᠎ᠳᠠᠭᠠᠨ ᠦᠭᠡᠰ᠎ᠤᠨ ᠢᠯᠡ ᠡᠰᠡᠷᠬᠦᠯᠦᠯ ᠪᠢᠰᠢ ᠬᠠᠷᠢᠨ ᠤᠳᠭ᠎ᠠ᠎ᠶ᠋ᠢᠨ ᠡᠰᠡᠷᠬᠦ᠌ ᠲᠡᠰᠡᠷᠬᠦ᠌ ᠲᠦᠢᠯ᠎ᠤᠨ ᠢᠯᠠ ᠬᠠᠷᠢᠴᠠᠭᠤᠯᠤᠯ ᠪᠤᠯᠵᠤ ᠪᠠᠢᠳᠠᠭ᠃ ᠵᠢᠱ᠌ᠢᠶᠡᠯᠡᠪᠡᠯ᠄ 《ᠨᠠᠮᠤᠷ ᠰᠠᠢᠬᠠᠨ ᠱᠢᠤ!\ ᠨᠠᠮᠤᠷ ᠪᠤᠯᠬᠤ᠎ᠳᠤ ᠴᠠᠭ ᠨᠠᠮᠤᠷ᠂ ᠵᠠᠢ ᠨᠠᠮᠤᠷ \ ᠨᠠᠷᠠ ᠴᠤ᠌ ᠨᠠᠮᠤᠷ᠂ ᠲᠠᠯ᠎ᠠ ᠴᠤ᠌ ᠨᠠᠮᠤᠷ \ ᠨᠠᠪᠴᠢ ᠴᠤ᠌ ᠨᠢᠭᠡ᠎ᠨᠢ ᠨᠢᠭᠡ ᠨᠠᠮᠤᠷ ᠪᠠᠢᠳᠠᠭ ᠶᠤᠮ ᠱᠢᠤ!》 (ᠠᠷᠳᠠᠢ᠄ 《ᠨᠠᠮᠤᠷ》)᠃ ᠨᠠᠮᠤᠷ ᠪᠤᠯ ᠬᠢᠵᠠᠭᠠᠷ ᠦᠭᠡᠢ ᠤᠷᠤᠨ ᠵᠠᠢ ᠮᠦᠷᠳᠡᠭᠡᠨ ᠬᠢᠵᠠᠭᠠᠷ ᠦᠭᠡᠢ ᠴᠠᠭ ᠵᠠᠢ᠃ ᠱᠢᠯᠦᠭ᠎ᠲᠤ ᠬᠢᠵᠠᠭᠠᠷ ᠦᠭᠡᠢ ᠪᠠᠯᠠᠷᠬᠠᠢ ᠤᠷᠤᠨ ᠵᠠᠢ ᠬᠢᠭᠡᠳ ᠬᠢᠵᠠᠭᠠᠷ ᠦᠭᠡᠢ ᠴᠠᠭ ᠵᠠᠢᠲᠠᠢ ᠡᠰᠡᠷᠬᠦᠯᠦᠨ ᠬᠠᠷᠢᠴᠠᠭᠤᠯᠤᠭᠠᠳ 《ᠨᠢᠭᠡ ᠯᠡ ᠨᠠᠪᠴᠢ》 ᠭᠡᠮᠡᠬᠦ᠌ ᠮᠠᠰᠢ ᠬᠢᠵᠠᠭᠠᠷ᠎ᠲᠠᠢ ᠲᠤᠳᠤᠷᠬᠠᠢ ᠤᠷᠤᠨ ᠵᠠᠢ᠎ᠳᠠᠬᠢ ᠬᠢᠵᠠᠭᠠᠷᠳᠤ ᠪᠤᠳᠠᠰ᠎ᠢ ᠵᠡᠷᠭᠡᠴᠡᠬᠦᠯᠦᠨ ᠦᠵᠡᠬᠦᠯᠦᠭ᠌ᠰᠡᠨ᠎ᠨᠢ ᠠᠷᠳᠠᠢ᠎ᠶ᠋ᠢᠨ ᠱᠢᠯᠦᠭ᠎ᠲᠠᠬᠢ ᠬᠠᠷᠢᠮᠠᠭ ᠰᠡᠳᠭᠢᠬᠦᠢ᠎ᠶ᠋ᠢᠨ ᠭᠠᠢᠬᠠᠮᠱᠢᠭ ᠭᠡᠯᠳᠡᠢ᠃
ᠠᠷᠳᠠᠢ᠎ᠶ᠋ᠢᠨ 《ᠲᠡᠯᠡᠭᠡᠢ᠎ᠳᠡᠭᠡᠨ ᠪᠢ ᠬᠠᠢᠷᠠᠲᠠᠢ᠂ ᠲᠡᠭᠡᠷ᠎ᠡ᠎ᠨᠢ ᠮᠢᠨᠦ᠍ ᠮᠤᠩᠭᠤᠯ ᠭᠡᠯᠡ ᠪᠤᠢ》 ᠭᠡᠮᠡᠬᠦ᠌ ᠠᠯᠳᠠᠷᠳᠤ ᠪᠠᠳᠠᠭᠲᠤ᠌᠂ ᠲᠡᠯᠡᠭᠡᠢ ᠭᠡᠭ᠌ᠴᠢ ᠬᠢᠵᠠᠭᠠᠷ ᠦᠭᠡᠢ ᠠᠭᠤᠳᠠᠮ ᠤᠷᠤᠨ ᠵᠠᠢ ᠬᠢᠭᠡᠳ ᠮᠤᠩᠭᠤᠯ ᠭᠡᠯᠡ (ᠠ ᠦᠰᠦᠭ ᠲᠡᠳᠦᠢ ᠵᠢᠵᠢᠭ᠌ᠭᠡᠨ ᠪᠠᠢᠵᠤ ᠪᠤᠯᠤᠨ᠎ᠠ) ᠶ᠋ᠢᠨ ᠪᠢᠴᠢᠯᠭᠡ ᠭᠡᠮᠡᠬᠦ᠌ ᠵᠢᠵᠢᠭ᠌ᠭᠡᠨ ᠤᠷᠤᠱᠢᠬᠤᠢ ᠬᠤᠶᠠᠷ᠎ᠢ ᠬᠦᠨᠵᠢᠬᠦᠯᠦᠨ ᠠᠭᠤᠳᠠᠮ ᠶᠡᠭᠡ ᠲᠡᠯᠡᠭᠡᠢ᠎ᠪᠠᠨ ᠬᠠᠢᠷᠠᠯᠠᠵᠤ ᠪᠠᠢᠭ᠎ᠠ᠎ᠶ᠋ᠢᠨ ᠤᠴᠢᠷ ᠱᠢᠯᠳᠠᠭᠠᠨ᠎ᠢ ᠶᠡᠭᠡ ᠪᠠᠭ᠎ᠠ ᠤᠳᠭ᠎ᠠ᠎ᠶ᠋ᠢᠨ ᠬᠤᠶᠠᠷ ᠲᠦᠢᠯ᠎ᠤᠨ ᠲᠤᠮᠳᠠ ᠢᠯᠡᠳᠭᠡᠨ ᠦᠵᠡᠬᠦᠯᠦᠭ᠌ᠰᠡᠨ᠎ᠨᠢ ᠮᠦᠨ ᠴᠤ᠌ ᠭᠠᠢᠬᠠᠮᠱᠢᠭ᠍ᠳᠠᠢ ᠪᠤᠯᠵᠠᠢ᠃ ᠠᠷᠳᠠᠢ᠎ᠶ᠋ᠢᠨ ᠱᠢᠯᠦᠭ᠎ᠲᠤ 《ᠲᠦᠢᠯᠱᠢᠷᠡᠯ》 ᠪᠤᠶᠤ ᠬᠠᠷᠢᠮᠠᠭ ᠰᠡᠳᠭᠢᠬᠦᠢ᠎ᠨᠢ ᠢᠩᠬᠢᠵᠦ᠍ ᠤᠳᠭ᠎ᠠ᠎ᠶ᠋ᠢᠨ ᠴᠢᠮᠡᠭ ᠪᠤᠶᠤ ᠤᠷᠠᠯᠢᠭ᠎ᠤᠨ ᠷᠢᠳᠢ ᠱᠢᠳᠢ᠎ᠪᠠᠨ ᠲᠤᠳᠤᠷᠠᠭᠤᠯᠵᠤ ᠪᠠᠢᠳᠠᠭ᠃
ᠬᠠᠮ ᠰᠡᠳᠭᠢᠬᠦᠢ᠃ ᠬᠠᠮ ᠰᠡᠳᠭᠢᠬᠦᠢ ᠪᠤᠯ ᠠᠷᠳᠠᠢ᠎ᠶ᠋ᠢ ᠠᠷᠳᠠᠢ ᠪᠤᠯᠭᠠᠭ᠍ᠰᠠᠨ ᠭᠤᠤᠯ ᠪᠤᠯᠬᠤ ᠬᠦᠴᠦᠰᠦ ᠮᠦᠨ᠃ ᠬᠠᠮ ᠰᠡᠳᠭᠢᠬᠦᠢ ᠭᠡᠳᠡᠭ᠎ᠢ ᠬᠠᠮᠤᠭ᠎ᠤᠨ ᠲᠦᠬᠦᠮ᠎ᠢᠶᠠᠷ ᠭᠡᠯᠡᠪᠡᠯ ᠲᠦᠷᠰᠦᠯᠢᠭ ᠰᠡᠳᠭᠢᠬᠦᠢ ᠬᠢᠭᠡᠳ ᠭᠡᠢᠰᠪᠤᠷᠢ ᠰᠡᠳᠭᠢᠬᠦᠢ᠎ᠶ᠋ᠢᠨ ᠬᠤᠭᠤᠷᠤᠨᠳᠤ ᠬᠢᠯᠢ ᠲᠠᠪᠠᠭ᠍ᠰᠠᠨ ᠪᠤᠶᠤ ᠬᠢᠯᠢ ᠵᠠᠭᠠᠭ᠎ᠢᠶᠠᠨ ᠨᠢᠭᠡᠮᠦᠰᠦᠨ ᠪᠠᠯᠠᠯᠵᠤ ᠰᠡᠳᠭᠢᠬᠦᠢ᠎ᠪᠠᠨ ᠨᠡᠢᠯᠡᠬᠦᠯᠵᠦ᠍ ᠨᠢᠭᠡᠳᠭᠡᠭ᠌ᠰᠡᠨ ᠦᠵᠡᠭ᠌ᠳᠡᠯ ᠪᠤᠯᠤᠨ᠎ᠠ᠃ ᠠᠷᠳᠠᠢ᠎ᠶ᠋ᠢᠨ 《ᠪᠤᠳᠤᠯ᠎ᠤᠨ ᠴᠡᠩᠭᠡᠷ ᠢᠷᠭᠤᠢ》 ᠭᠡᠬᠦ᠌ ᠨᠠᠷᠠᠢᠳᠦᠯᠢᠶᠠᠷ ᠦᠵᠡᠬᠦ᠌᠎ᠳᠤ᠂ ᠪᠤᠳᠤᠯ ᠪᠤᠯ ᠭᠡᠢᠰᠪᠤᠷᠢ ᠰᠡᠳᠭᠢᠬᠦᠢ᠎ᠶ᠋ᠢᠨ᠎ᠬᠢ᠃ ᠢᠷᠭᠤᠢ ᠪᠤᠯ ᠲᠦᠷᠰᠦᠯᠢᠭ ᠰᠡᠳᠭᠢᠬᠦᠢ᠎ᠳᠤ ᠬᠠᠷᠢᠶᠠᠯᠠᠭ᠍ᠳᠠᠳᠠᠭ ᠪᠤᠳᠠᠳᠠᠢ ᠵᠦᠢᠯ᠃ ᠭᠡᠳᠡᠯ᠎ᠡ ᠲᠦᠷᠰᠦᠯᠢᠭ ᠰᠡᠳᠭᠢᠬᠦᠢ᠎ᠶ᠋ᠢᠨ ᠢᠷᠭᠤᠢ ᠴᠡᠴᠡᠭ᠎ᠨᠢ ᠭᠡᠢᠰᠪᠤᠷᠢ ᠰᠡᠳᠭᠢᠬᠦᠢ᠎ᠶ᠋ᠢᠨ 《ᠪᠤᠳᠤᠯ》 ᠭᠡᠮᠡᠬᠦ᠌ ᠭᠡᠢᠰᠪᠤᠷᠢ ᠤᠷᠤᠨ ᠵᠠᠢ᠎ᠳᠤ ᠲᠡᠯᠭᠡᠷᠡᠴᠢᠭᠡᠭ᠌ᠰᠡᠨ ᠪᠠᠢᠨ᠎ᠠ᠃ ᠡᠨᠡ ᠪᠤᠯ ᠪᠤᠳᠠᠳᠤ ᠰᠡᠳᠭᠢᠬᠦᠢ ᠬᠢᠭᠡᠳ ᠭᠡᠢᠰᠪᠤᠷᠢ ᠰᠡᠳᠭᠢᠬᠦᠢ ᠬᠤᠶᠠᠷ᠎ᠤᠨ ᠬᠢᠯᠢ ᠵᠠᠭᠠᠭ᠎ᠤᠨ ᠨᠠᠪᠳᠡᠷᠡᠯ ᠮᠦᠨ᠃ ᠠᠷᠳᠠᠢ᠎ᠶ᠋ᠢᠨ ᠴᠠᠭ ᠦᠶ᠎ᠡ᠎ᠶ᠋ᠢ ᠵᠠᠭᠠᠭ᠍ᠯᠠᠭ᠍ᠰᠠᠨ ᠲᠤᠮᠤ ᠪᠦᠳᠦᠭᠡᠯ 《ᠪᠤᠳᠤᠯ᠎ᠤᠨ ᠴᠡᠩᠭᠡᠷ ᠢᠷᠭᠤᠢ》 ᠨᠢ ᠶᠠᠭ ᠢᠩᠬᠢᠵᠦ᠍ ᠪᠤᠳᠠᠳᠠᠢ ᠪᠠ ᠭᠡᠢᠰᠪᠤᠷᠢ ᠬᠤᠶᠠᠷ ᠵᠦᠢᠯ᠎ᠤᠨ ᠰᠡᠳᠭᠢᠬᠦᠢ᠎ᠶ᠋ᠢᠨ ᠬᠢᠯᠢ ᠵᠠᠭᠠᠭ᠎ᠢ ᠡᠪᠳᠡᠭᠡᠳ ᠮᠡᠨᠳᠦᠯᠡᠭ᠌ᠰᠡᠨ ᠪᠠᠢᠭ᠎ᠠ ᠶᠤᠮ᠃ ᠡᠨᠡ ᠮᠡᠳᠦ᠍᠎ᠶ᠋ᠢᠨ ᠬᠠᠮ ᠰᠡᠳᠭᠢᠬᠦᠢ᠎ᠶ᠋ᠢᠨ ᠱᠢᠨᠵᠢ ᠪᠦᠬᠦᠢ ᠭᠡᠯᠡᠯᠭᠡ᠎ᠶ᠋ᠢᠨ ᠤᠷᠤ ᠮᠦᠷ᠎ᠨᠢ ᠮᠤᠩᠭᠤᠯ ᠰᠤᠶᠤᠯ ᠰᠡᠳᠭᠢᠬᠦᠢ᠎ᠶ᠋ᠢᠨ ᠲᠤᠮᠳᠠ ᠠᠯᠢ ᠡᠷᠳᠡᠨ᠎ᠠᠴᠠ ᠠᠪᠤᠭᠠᠳ ᠤᠷᠤᠱᠢᠵᠤ ᠪᠠᠢᠭ᠍ᠰᠠᠨ ᠪᠤᠯᠪᠠᠴᠤ᠌ ᠠᠷᠳᠠᠢ ᠱᠢᠭ᠋ ᠬᠠᠮ ᠰᠡᠳᠭᠢᠬᠦᠢ᠎ᠶ᠋ᠢᠨ ᠭᠡᠯᠪᠡᠷᠢ᠎ᠪᠠᠷ ᠤᠷᠠᠯᠢᠭ᠎ᠤᠨ ᠭᠤᠸ᠎ᠠ ᠰᠠᠢᠬᠠᠨ᠎ᠤ ᠭᠤᠤᠯ ᠬᠦᠭᠡᠭᠡᠴᠡᠯᠳᠦᠯ ᠪᠤᠯᠭᠠᠭ᠍ᠰᠠᠨ ᠦᠵᠡᠭ᠌ᠳᠡᠯ ᠬᠠᠷᠢᠨ ᠮᠤᠩᠭᠤᠯ ᠱᠢᠯᠦᠭ᠎ᠤᠨ ᠲᠡᠦᠭᠡᠨ ᠲᠡᠭᠡᠷ᠎ᠡ ᠪᠠᠢᠬᠤ ᠦᠭᠡᠢ ᠪᠠᠢᠯ᠎ᠠ᠃
ᠠᠷᠳᠠᠢ᠎ᠶ᠋ᠢᠨ 《ᠱᠢᠯᠦᠭ ᠮᠢᠨᠢ ᠪᠤᠰ》 ᠭᠡᠮᠡᠬᠦ᠌ ᠱᠢᠯᠦᠭ᠎ᠤᠨ ᠲᠤᠰ ᠪᠡᠶ᠎ᠡ᠎ᠨᠢ ᠪᠤᠳᠠᠳᠠᠢ ᠲᠦᠷᠰᠦᠯᠢᠭ ᠰᠡᠳᠭᠢᠬᠦᠢ᠎ᠳᠠᠬᠢ 《ᠪᠤᠰᠭᠤ》 ᠦᠢᠯᠡ᠎ᠨᠢ ᠭᠡᠢᠰᠪᠤᠷᠢ ᠰᠡᠳᠭᠢᠬᠦᠢ᠎ᠳᠠᠬᠢ 《ᠱᠢᠯᠦᠭ》᠎ᠤ᠋ᠨ ᠪᠤᠰᠭᠤ ᠭᠡᠯᠪᠡᠷᠢ ᠪᠤᠯᠤᠭ᠍ᠰᠠᠨ᠎ᠢᠶᠠᠷ᠎ᠢᠶᠠᠨ ᠬᠠᠮ ᠰᠡᠳᠭᠢᠬᠦᠢ᠎ᠶ᠋ᠢᠨ ᠢᠯᠡᠷᠡᠯ᠎ᠢ ᠦᠵᠡᠬᠦᠯᠵᠦ᠍ ᠪᠠᠢᠭ᠎ᠠ᠎ᠨᠢ ᠢᠯᠡᠭᠡᠨ᠃ ᠠᠷᠳᠠᠢ ᠡᠨᠡ ᠱᠢᠯᠦᠭ᠎ᠢᠶᠠᠨ ᠪᠢᠴᠢᠭ᠌ᠰᠡᠨ ᠲᠤᠬᠠᠢ ᠢᠩᠬᠢᠵᠦ᠍ ᠦᠬᠦᠯᠡᠭ᠌ᠰᠡᠨ ᠪᠠᠢᠳᠠᠭ᠄ 《ᠪᠢ ᠨᠢᠭᠡ ᠪᠤᠳᠠᠳᠠᠢ ᠶᠠᠭᠤᠮ᠎ᠠ ᠪᠢᠴᠢᠪᠡᠯ ᠨᠢᠭᠡ ᠭᠡᠢᠰᠪᠤᠷᠢ ᠶᠠᠭᠤᠮ᠎ᠠ ᠪᠢᠴᠢᠬᠦ᠌᠎ᠪᠠᠷ ᠴᠢᠷᠮᠠᠢᠳᠠᠭ ᠶᠤᠮ᠃ ᠡᠨᠡ ᠪᠤᠯ ᠮᠢᠨᠦ᠍ ᠦᠪᠡᠷ᠎ᠤᠨ ᠤᠨᠴᠠᠯᠢᠭ᠃ 〈ᠰᠡᠳᠭᠢᠯ ᠪᠤᠰᠤᠭᠠᠳ ᠠᠵᠢᠯ ᠤᠷᠤᠭᠤ ᠶᠠᠪᠤᠵᠤ ᠪᠠᠢᠨ᠎ᠠ〉 ᠪᠤᠯᠤᠨ 〈ᠰᠦ ᠪᠤᠰᠤᠭᠠᠳ ᠰᠠᠭᠤᠯᠠᠭ᠎ᠠ ᠤᠷᠤᠭᠤ ᠶᠠᠪᠤᠵᠤ ᠪᠠᠢᠨ᠎ᠠ〉 ᠬᠤᠶᠠᠷ ᠲᠤᠯᠤᠭᠠᠢ ᠬᠤᠯᠪᠤᠭ᠍ᠰᠠᠨ᠎ᠨᠢ ᠠᠳᠠᠯᠢ ᠪᠤᠯᠪᠠᠴᠤ᠌ ᠲᠡᠬᠦᠨ᠎ᠤ ᠤᠬᠠᠭ᠍ᠳᠠᠬᠤᠨ ᠠᠳᠠᠯᠢ ᠦᠭᠡᠢ ᠱᠢᠤ᠃ ᠰᠡᠳᠭᠢᠯ ᠪᠤᠯ ᠭᠡᠢᠰᠪᠤᠷᠢ ᠱᠢᠤ᠃ ᠰᠡᠳᠭᠢᠯ ᠪᠤᠰᠭᠤ᠎ᠶ᠋ᠢ ᠤᠯᠵᠤ ᠦᠵᠡᠨ᠎ᠡ ᠤᠤ᠂ ᠤᠯᠵᠤ ᠦᠵᠡᠬᠦ᠌ ᠦᠭᠡᠢ ᠱᠢᠤ᠃ ᠨᠢᠭᠡ᠎ᠨᠢ ᠪᠤᠯ ᠪᠠᠢᠭᠠᠯᠢ᠎ᠶ᠋ᠢᠨ ᠪᠤᠳᠠᠳᠠᠢ ᠦᠵᠡᠭ᠌ᠳᠡᠯ᠂ ᠨᠦᠬᠦᠭᠡ᠎ᠨᠢ ᠪᠤᠯ ᠰᠡᠳᠭᠢᠯ᠎ᠤᠨ ᠭᠡᠢᠰᠪᠤᠷᠢ ᠦᠵᠡᠭ᠌ᠳᠡᠯ᠃ ᠢᠷᠠᠭᠤ ᠨᠠᠢᠷᠠᠭᠢ ᠦᠰᠦᠷᠤᠯᠳᠡ᠎ᠲᠠᠢ ᠭᠡᠯᠡᠬᠦ᠌ ᠶᠤᠮ ᠤᠤ ᠬᠤᠶᠠᠷ ᠲᠦᠢᠯ᠎ᠠᠴᠠ᠎ᠨᠢ ᠬᠤᠯᠪᠤᠵᠤ ᠭᠡᠯᠡᠬᠦ᠌ ᠶᠤᠮ ᠤᠤ᠂ ᠨᠢᠭᠡ᠎ᠶ᠋ᠢ᠎ᠨᠢ ᠠᠮᠢᠳᠤᠴᠢᠯᠠᠬᠤ ᠨᠢᠭᠡ᠎ᠶ᠋ᠢ᠎ᠨᠢ ᠠᠮᠢ ᠦᠭᠡᠢᠴᠢᠯᠡᠬᠦ᠂ ᠨᠢᠭᠡ᠎ᠶ᠋ᠢ᠎ᠨᠢ ᠪᠤᠳᠠᠳᠠᠢᠴᠢᠯᠠᠬᠤ ᠨᠢᠭᠡ᠎ᠶ᠋ᠢ᠎ᠨᠢ ᠭᠡᠢᠰᠪᠤᠷᠢᠴᠢᠯᠡᠬᠦ᠌ ᠠᠷᠭ᠎ᠠ ᠮᠠᠶᠢᠭ᠎ᠢᠶᠠᠷ ᠪᠢᠴᠢᠪᠡᠯ ᠬᠦᠮᠦᠨ᠎ᠳᠤ ᠱᠢᠨ᠎ᠡ ᠰᠤᠷᠭᠤᠭ ᠰᠡᠳᠭᠢᠭ᠌ᠳᠡᠯ ᠦᠭ᠌ᠬᠦᠨ᠎ᠡ᠃ ᠪᠢᠴᠢᠭ᠌ᠰᠡᠨ ᠱᠢᠯᠦᠭ ᠴᠢᠨᠢ ᠦᠰᠦᠷᠤᠯᠳᠡ ᠶᠡᠭᠡ᠎ᠲᠠᠢ ᠪᠤᠯᠤᠨ᠎ᠠ᠃ ᠡᠨᠡ ᠱᠢᠯᠦᠭ᠎ᠢᠶᠠᠨ ᠪᠢ ᠡᠢᠮᠦ᠍ ᠮᠠᠶᠢᠭ᠎ᠢᠶᠠᠷ ᠪᠢᠴᠢᠭ᠌ᠰᠡᠨ ᠶᠤᠮ》᠃ ᠬᠠᠮ ᠰᠡᠳᠭᠢᠬᠦᠢ᠎ᠶ᠋ᠢᠨ ᠲᠤᠬᠠᠢ ᠠᠷᠳᠠᠢ ᠦᠪᠡᠷ᠎ᠢᠶᠠᠨ ᠡᠢᠨ ᠬᠦ᠌ 《ᠦᠰᠦᠷᠦᠯᠳᠡ》 ᠬᠡᠮᠡᠬᠦ᠌ ᠱᠢᠯᠦᠭ᠎ᠤᠨ ᠤᠨᠤᠯ ᠤᠬᠠᠭ᠍ᠳᠠᠬᠤᠨ ᠪᠤᠶᠤ ᠱᠢᠯᠦᠭ ᠤᠷᠠᠯᠠᠬᠤ ᠭᠤᠸ᠎ᠠ ᠰᠠᠢᠬᠠᠨ᠎ᠤ ᠠᠷᠭ᠎ᠠ ᠭᠡᠯᠪᠡᠷᠢ᠎ᠶ᠋ᠢ ᠲᠤᠷᠠᠳᠤᠨ ᠭᠠᠷᠭᠠᠭ᠍ᠰᠠᠨ ᠪᠠᠢᠨ᠎ᠠ᠃ ᠲᠡᠭᠡᠷᠡᠬᠢ ᠦᠬᠦᠯᠡᠮᠵᠢ᠎ᠠᠴᠠ ᠦᠵᠡᠪᠡᠯ 《ᠬᠤᠶᠠᠷ ᠲᠦᠢᠯ᠎ᠠᠴᠠ᠎ᠨᠢ ᠬᠤᠯᠪᠤᠬᠤ》 ᠭᠡᠳᠡᠭ᠎ᠨᠢ ᠬᠠᠷᠢᠮᠠᠭ ᠰᠡᠳᠭᠢᠬᠦᠢ᠎ᠶ᠋ᠢ ᠵᠢᠭᠠᠵᠤ᠂ 《ᠨᠢᠭᠡ᠎ᠶ᠋ᠢ᠎ᠨᠢ ᠪᠤᠳᠠᠳᠠᠢᠴᠢᠯᠠᠬᠤ ᠨᠢᠭᠡ᠎ᠶ᠋ᠢ᠎ᠨᠢ ᠭᠡᠢᠰᠪᠤᠷᠢᠴᠢᠯᠡᠬᠦ᠌ ᠠᠷᠭ᠎ᠠ ᠮᠠᠶᠢᠭ》 ᠭᠡᠳᠡᠭ᠎ᠢ᠎ᠨᠢ ᠬᠠᠮ ᠰᠡᠳᠭᠢᠬᠦᠢ᠎ᠶ᠋ᠢᠨ ᠦᠵᠡᠭ᠌ᠳᠡᠯ᠎ᠢ ᠭᠡᠯᠡᠵᠦ᠍ ᠪᠤᠢ ᠭᠡᠵᠦ᠍ ᠶᠡᠭᠡ ᠲᠦᠯᠦᠪ ᠤᠢᠯᠠᠭᠠᠵᠤ ᠪᠤᠯᠤᠨ᠎ᠠ᠃
ᠠᠷᠳᠠᠢ᠎ᠶ᠋ᠢᠨ ᠲᠤᠷᠠᠳᠤᠭ᠍ᠰᠠᠨ 《ᠦᠰᠦᠷᠤᠯᠳᠡ》 ᠭᠡᠬᠦ᠌ ᠤᠬᠠᠭ᠍ᠳᠠᠬᠤᠨ᠎ᠨᠢ ᠲᠡᠷᠡ ᠴᠢᠭ᠎ᠢᠶᠠᠷ᠎ᠢᠶᠠᠨ ᠱᠢᠯᠦᠭ ᠤᠷᠠᠯᠢᠭ᠎ᠤᠨ ᠨᠢᠭᠡ ᠵᠦᠢᠯ᠎ᠤᠨ ᠭᠤᠸ᠎ᠠ ᠰᠠᠢᠬᠠᠨ᠎ᠤ ᠮᠦᠷᠳᠡᠯᠳᠡ᠎ᠶ᠋ᠢᠨ ᠴᠢᠨᠠᠷ ᠪᠦᠬᠦᠢ ᠤᠨᠤᠯ ᠪᠤᠯᠬᠤ ᠶᠤᠮ᠃ ᠲᠡᠷᠡ᠄ 《ᠦᠰᠦᠷᠤᠯᠳᠡ — ᠬᠦᠮᠦᠨ᠂ ᠠᠮᠢᠳᠤᠷᠠᠯ᠂ ᠭᠡᠷᠡᠭ ᠪᠤᠳᠠᠰ᠎ᠤᠨ ᠬᠤᠪᠢᠷᠠᠯᠳᠠ᠎ᠶ᠋ᠢ ᠰᠧᠺᠦ᠋ᠨ᠋ᠳ᠋ ᠲᠠᠷᠠᠭᠠᠯᠠᠨ ᠠᠯᠳᠠᠯ ᠦᠭᠡᠢ ᠪᠢᠴᠢᠬᠦ᠌ ᠪᠤᠯ ᠤᠷᠠᠯᠢᠭ ᠪᠢᠰᠢ᠃ ᠢᠩᠬᠢᠬᠦ᠌ᠨᠢ ᠢᠷᠠᠭᠤ ᠨᠠᠢᠷᠠᠭ᠎ᠲᠤ ᠨᠡᠩ ᠶᠡᠭᠡ ᠴᠡᠭᠡᠷ᠎ᠲᠠᠢ᠃ ᠢᠷᠠᠭᠤ ᠨᠠᠢᠷᠠᠭ ᠪᠤᠯ ᠤᠷᠠᠨ ᠰᠠᠨᠠᠭ᠎ᠠ ᠨᠢᠰᠳᠡᠭ ᠤᠷᠠᠯᠢᠭ᠃ ᠤᠷᠤᠨ ᠵᠠᠢ᠂ ᠴᠠᠭ᠂ ᠦᠢᠯᠡ ᠶᠠᠪᠤᠳᠠᠯ᠎ᠢ ᠢᠷᠠᠭᠤ ᠨᠠᠢᠷᠠᠭ ᠱᠢᠭ᠋ ᠢᠩᠬᠢᠵᠦ᠍ ᠠᠷᠪᠢᠯᠠᠵᠤ᠂ ᠨᠦᠭᠡᠴᠡᠯᠡᠵᠦ᠍᠂ ᠴᠤᠮᠬᠠᠳᠭᠠᠵᠤ ᠴᠢᠳᠠᠳᠠᠭ ᠤᠷᠠᠯᠢᠭ ᠦᠭᠡᠷ᠎ᠡ ᠪᠠᠢᠳᠠᠭ ᠪᠤᠯ ᠤᠤ ᠳ᠋ᠠ᠃ ᠪᠢ ᠮᠡᠳᠡᠬᠦ᠌ ᠦᠭᠡᠢ᠃ ᠡᠢᠮᠦ᠍᠎ᠠᠴᠠ ᠢᠷᠠᠭᠤ ᠨᠠᠢᠷᠠᠭ᠎ᠲᠤ ᠦᠰᠦᠷᠤᠯᠳᠡ᠎ᠶ᠋ᠢᠨ ᠮᠡᠷᠭᠡᠱᠢᠯ ᠤᠯᠠᠨ ᠭᠡᠷᠡᠭ᠌ᠯᠡᠭ᠌ᠳᠡᠨᠡ᠃ ᠤᠶᠠᠩᠭᠠᠯᠠᠯ ᠲᠤᠮᠳᠠ ᠲᠡᠦᠭᠡ᠎ᠠᠴᠠ ᠦᠨᠦᠳᠦᠷ᠎ᠲᠤ ᠭᠠᠭ᠍ᠴᠠᠬᠠᠨ ᠦᠰᠦᠷᠪᠡᠯ ᠢᠷᠡᠴᠢᠭᠡᠨ᠎ᠡ᠂ ᠬᠦᠬᠡᠬᠤᠳᠠ᠎ᠠᠴᠠ ᠤᠮᠠᠷᠠᠳᠤ ᠮᠦᠰᠦᠨ ᠲᠠᠯᠠᠢ ᠪᠤᠶᠤ ᠭᠠᠯ ᠤᠳᠤᠨ ᠲᠡᠭᠡᠷ᠎ᠡ ᠨᠢᠳᠦ ᠢᠷᠮᠡᠬᠦ᠌᠎ᠶ᠋ᠢᠨ ᠵᠠᠭᠤᠷ᠎ᠠ ᠦᠰᠦᠷᠦᠭᠡᠳ ᠬᠦᠷᠴᠢᠭᠡᠨ᠎ᠡ᠃ ᠰᠡᠳᠭᠢᠯ᠎ᠠᠴᠠ ᠬᠤᠷᠳᠤᠨ ᠶᠠᠭᠤᠮ᠎ᠠ ᠪᠠᠢᠬᠤ ᠦᠭᠡᠢ᠃ ᠲᠡᠭᠡᠬᠦ᠌᠎ᠳᠡᠭᠡᠨ ᠬᠠᠮᠢᠶ᠎ᠠ ᠨᠠᠮᠢᠶ᠎ᠠ ᠦᠭᠡᠢ ᠦᠰᠦᠷᠤᠭᠡᠳ ᠪᠠᠢᠳᠠᠭ ᠦᠭᠡᠢ᠃ ᠤᠷᠠᠯᠢᠭ᠍ᠴᠢ ᠡᠵᠡᠨ᠎ᠤ᠎ᠪᠠᠨ ᠰᠠᠨᠠᠭ᠎ᠠ᠎ᠪᠠᠷ ᠶᠠᠭ ᠯᠡ ᠤᠨᠤᠪᠴᠢᠳᠠᠢ᠂ ᠵᠤᠬᠢᠰᠳᠠᠢ᠂ ᠭᠡᠷᠡᠭ᠎ᠲᠤ ᠬᠦᠷᠬᠦ᠌ ᠭᠠᠵᠠᠷ᠎ᠢᠶᠠᠨ ᠯᠡ ᠦᠰᠦᠷᠴᠦ᠍ ᠤᠴᠢᠭ᠍ᠰᠠᠨ ᠪᠠᠢᠬᠤ ᠭᠡᠷᠡᠭ᠌ᠳᠡᠢ》 ᠭᠡᠵᠡᠢ᠃ ᠠᠳᠡ᠂ 《ᠦᠰᠦᠷᠤᠯᠳᠡ》 ᠭᠡᠳᠡᠭ᠎ᠢ ᠪᠤᠳᠠᠳᠠᠢ ᠰᠡᠳᠭᠢᠬᠦᠢ ᠭᠢᠭᠡᠳ ᠭᠡᠢᠰᠪᠤᠷᠢ ᠰᠡᠳᠭᠢᠬᠦᠢ᠎ᠶ᠋ᠢᠨ ᠬᠤᠭᠤᠷᠤᠨᠳᠤᠬᠢ ᠰᠡᠳᠭᠢᠬᠦᠢ᠎ᠶ᠋ᠢᠨ ᠦᠰᠦᠷᠤᠯᠳᠡ ᠭᠡᠮᠡᠨ ᠲᠠᠢᠯᠪᠤᠷᠢᠯᠡᠵᠦ᠍ ᠪᠠᠢᠭ᠎ᠠ ᠶᠤᠮ᠃ ᠠᠷᠳᠠᠢ᠎ᠶ᠋ᠢᠨ ᠭᠡᠯᠡᠭ᠌ᠰᠡᠨ ᠬᠤᠢᠨ᠎ᠠ ᠡᠮᠦᠨᠡᠭᠢ ᠲᠠᠢᠯᠪᠤᠷᠢᠶ᠋ᠢᠨᠢ ᠶᠡᠷᠦᠩᠭᠡᠢ᠎ᠳᠤᠨᠢ ᠦᠵᠡᠪᠡᠯ᠂ 《ᠲᠦᠢᠯᠱᠢᠷᠡᠯ》 ᠭᠡᠳᠡᠭ᠎ᠨᠢ ᠮᠠᠨ᠎ᠤ ᠲᠡᠭᠡᠷ᠎ᠡ ᠭᠡᠯᠡᠳᠡᠭ 《ᠬᠠᠷᠢᠮᠠᠭ ᠰᠡᠳᠭᠢᠬᠦᠢ》 ᠶ᠋ᠢ ᠵᠢᠭᠠᠵᠤ᠂ 《ᠦᠰᠦᠷᠤᠯᠳᠡ》 ᠭᠡᠳᠡᠭ᠎ᠨᠢ ᠶᠡᠭᠡ ᠲᠦᠯᠦᠪ ᠮᠠᠨ᠎ᠤ ᠭᠡᠯᠡᠳᠡᠭ 《ᠬᠠᠮ ᠰᠡᠳᠭᠢᠬᠦᠢ》᠎ᠶ᠋ᠢ ᠵᠢᠭᠠᠵᠤ ᠪᠤᠢ ᠭᠡᠵᠦ᠍ ᠲᠦᠷᠦᠯᠵᠢᠬᠦᠯᠦᠨ ᠲᠠᠨᠢᠵᠤ ᠪᠤᠯᠬᠤ ᠶᠤᠮ᠃
ᠠᠷᠳᠠᠢ᠎ᠠᠴᠠ ᠱᠢᠯᠦᠭ᠎ᠤᠨ ᠤᠩᠭᠤᠳ᠎ᠤᠨ ᠲᠤᠬᠠᠢ ᠶᠠᠷᠢᠬᠤ᠎ᠳᠠᠭᠠᠨ ᠱᠢᠯᠦᠭ᠎ᠤᠨ ᠤᠩᠭᠤᠳᠢ 《ᠮᠤᠩᠭᠤᠯ ᠲᠡᠯᠡᠭᠡᠢ᠎ᠶ᠋ᠢᠨ ᠵᠠᠷᠯᠢᠭ》 ᠭᠡᠵᠦ᠍ ᠦᠵᠡᠭ᠌ᠰᠡᠨ ᠪᠦᠭᠡᠳ ᠦᠪᠡᠷ᠎ᠤᠨ ᠪᠡᠶ᠎ᠡ᠎ᠪᠠᠨ 《ᠪᠢ ᠪᠤᠯ ᠵᠠᠷᠯᠢᠭ ᠪᠠᠭᠤᠬᠤ᠎ᠶ᠋ᠢ ᠴᠠᠭ ᠢᠮᠠᠭ᠍ᠳᠠ ᠲᠡᠰᠴᠤ᠌ ᠶᠠᠳᠠᠨ ᠬᠦᠯᠢᠶᠡᠭ᠌ᠰᠡᠨ ᠪᠠᠢᠯᠳᠤᠭ᠍ᠴᠢ》 ᠮᠦᠨ ᠭᠡᠰᠡᠨ᠎ᠨᠢ ᠱᠢᠯᠦᠭ ᠪᠢᠴᠢᠬᠦ᠌ ᠪᠡᠶᠡᠴᠢ ᠠᠵᠢᠯᠯᠠᠭ᠎ᠠ᠎ᠶ᠋ᠢᠨ ᠪᠤᠰᠤᠳᠴᠢ ᠴᠢᠨᠠᠷ᠎ᠤᠨ ᠲᠤᠬᠠᠢ ᠬᠦᠨ ᠠᠵᠢᠭ᠍ᠯᠠᠯᠳᠠ ᠬᠦᠨᠵᠡᠭᠡᠢ ᠦᠬᠦᠯᠡᠯᠳᠡ ᠪᠤᠯᠤᠭ᠍ᠰᠠᠨ ᠭᠡᠯᠳᠡᠢ᠃ ᠠᠷᠳᠠᠢ ᠪᠤᠯ ᠡᠢᠨ ᠬᠦ᠌ ᠱᠢᠯᠦᠭ᠎ᠢ ᠵᠠᠬᠢᠷᠴᠤ᠌ ᠨᠤᠶᠠᠯᠠᠵᠤ ᠶᠠᠪᠤᠭ᠍ᠰᠠᠨ ᠮᠦᠷᠳᠡᠭᠡᠨ ᠱᠢᠯᠦᠭ᠎ᠲᠡᠭᠡᠨ ᠵᠠᠬᠢᠷᠤᠭ᠍ᠳᠠᠵᠤ ᠨᠤᠶᠠᠷᠬᠠᠭ᠍ᠳᠠᠵᠤ ᠶᠠᠪᠤᠭ᠍ᠰᠠᠨ ᠤᠶᠤᠨ ᠤᠬᠠᠭᠠᠨ᠎ᠤ ᠪᠠᠢᠯᠳᠤᠭ᠍ᠴᠢ ᠬᠦᠮᠦᠨ ᠮᠦᠨ᠃ ᠠᠷᠳᠠᠢ᠎ᠶ᠋ᠢᠨ ᠱᠢᠯᠦᠭ᠂ ᠢᠯᠠᠩᠭᠤᠶ᠎ᠡ 《ᠪᠤᠳᠤᠯ᠎ᠤᠨ ᠴᠡᠩᠭᠡᠷ ᠢᠷᠭᠤᠢ》 ᠨᠢ ᠠᠷᠠᠳ ᠲᠦᠮᠡᠨ᠎ᠤ ᠰᠡᠳᠭᠢᠯ᠎ᠳᠤ ᠬᠦᠷᠦᠭ᠌ᠰᠡᠨ᠂ ᠴᠠᠭ ᠦᠶ᠎ᠡ᠎ᠶ᠋ᠢ ᠵᠠᠭᠠᠭ᠍ᠯᠠᠭ᠍ᠰᠠᠨ ᠲᠤᠮᠤᠬᠠᠨ ᠪᠦᠳᠦᠭᠡᠯ ᠪᠤᠯᠵᠤ ᠴᠢᠳᠠᠭ᠍ᠰᠠᠨ᠎ᠨᠢ ᠲᠡᠬᠦᠨ᠎ᠤ ᠱᠢᠯᠦᠭ ᠤᠷᠠᠯᠠᠬᠤ ᠲᠤᠬᠠᠢ ᠡᠳᠡᠭᠡᠷ ᠭᠤᠸ᠎ᠠ ᠰᠠᠢᠬᠠᠨ᠎ᠤ ᠬᠦᠰᠡᠯ ᠬᠦᠭᠡᠭᠡᠴᠡᠯᠳᠦᠯᠲᠠᠢᠨᠢ ᠰᠠᠯᠤᠰᠢ ᠦᠭᠡᠢ ᠬᠤᠯᠪᠤᠭᠠᠳᠠᠢ ᠶᠤᠮ᠃