ᠵᠢᠳᠬᠦᠯ ᠬᠠᠢᠷ᠎ᠠ ᠪᠡᠷ ᠠᠮᠢᠯᠠᠬᠰᠠᠨ ᠴᠠᠭᠠᠰᠤᠨ ᠬᠠᠢᠴᠢᠯᠠᠮᠠᠯ
2026-06-26 10:45:42
ᠵᠣᠬᠢᠶᠠᠭ᠍ᠴᠢ᠄
ᠡᠤ ᠰᠡᠷᠬᠦᠯᠡᠩ ᠪᠠᠢ ᠴᠤᠯᠮᠤᠨ
ᠣᠩᠱᠢᠭ᠍ᠰᠠᠨ ᠣᠳᠠᠭ᠎ᠠ᠄
★★★☆☆

ᠤᠯᠠᠮᠵᠢᠯᠠᠯᠳᠤ ᠦᠪ ᠰᠤᠶᠤᠯ ᠵᠢᠡᠨ ᠲᠡᠭᠡᠳᠦᠯᠡᠵᠦ᠂ ᠦᠶ᠎ᠡ ᠲᠠᠮᠵᠢᠨ ᠤᠯᠠᠮᠵᠢᠯᠠᠨ ᠵᠠᠯᠭᠠᠮᠵᠢᠯᠠᠵᠦ᠂ ᠨᠡᠩ ᠤᠯᠠᠨ ᠬᠦᠮᠦᠨ ᠳ᠋ᠤ ᠲᠠᠨᠢᠭᠤᠯᠬᠤ ᠵᠢᠨ ᠲᠦᠯᠦᠬᠡ ᠤᠷᠳᠤ ᠬᠤᠭᠤᠴᠠᠭ᠎ᠠ ᠪᠡᠷ ᠵᠢᠳᠬᠦᠵᠦ ᠶᠠᠪᠤᠭ᠎ᠠ ᠬᠦᠮᠦᠰ ᠤ᠋ᠨ ᠲᠤᠳᠤᠷ᠎ᠠ ᠬᠢᠨᠭᠭᠠᠨ ᠠᠢᠮᠠᠭ ᠤ᠋ᠨ ᠤᠯᠠᠭᠠᠨᠬᠤᠳᠠ ᠪᠡᠷ ᠨᠤᠳᠤᠬᠳᠠᠢ ᠬᠠᠢ ᠵᠢᠨ ᠪᠤᠤ ᠨᠢᠬᠡ ᠳ᠋ᠤᠨᠢ ᠲᠤᠭᠠᠴᠠᠭᠳᠠᠬᠤ ᠶᠤᠰᠤᠳᠠᠢ᠃

ᠤᠢᠷ᠎ᠠ᠎ᠳᠤ᠂ ᠪᠢᠳᠡ ᠤᠯᠠᠭᠠᠨᠬᠠᠳᠠ ᠪᠠᠯᠭᠠᠰᠦ ᠵᠢᠨ ᠭᠤᠤ ᠵᠢᠨ ᠠᠢᠯ ᠭᠠᠴᠠᠭᠠᠨ ᠤ᠋ 《ᠬᠠᠢ ᠤᠪᠤᠬᠳᠤ ᠵᠢᠨ ᠬᠠᠢᠴᠢᠯᠠᠮᠠᠯ ᠤ᠋ᠨ ᠪᠤᠳᠠᠰ ᠤ᠋ᠨ ᠪᠤᠰᠤ ᠰᠤᠶᠤᠯ ᠤ᠋ᠨ ᠬᠦᠷᠢᠶᠡᠯᠡᠩ》 ᠳ᠋ᠤ ᠬᠦᠷᠪᠡᠯ ᠴᠡᠪᠡᠷ ᠲᠤᠬᠢᠯᠢᠭ ᠦᠷᠦᠬᠡᠨ ᠳ᠋ᠤᠨᠢ ᠬᠠᠢᠴᠢᠯᠠᠮᠠᠯ ᠤ᠋ᠨ ᠪᠦᠳᠦᠬᠡᠯ ᠲᠦᠬᠦᠷᠳᠡᠯ᠎ᠡ ᠲᠡᠯᠬᠡᠭᠳᠡᠵᠦ᠂ ᠭᠦᠮᠦᠰ᠎ᠤᠨ ᠠᠨᠭᠬᠠᠷᠦᠯ ᠢ᠋ ᠡᠷᠬᠡ ᠦᠬᠡᠢ ᠲᠠᠳᠠᠨ᠎ᠠ᠃ 《ᠪᠢ ᠬᠠᠷᠠᠬᠠᠨ ᠪᠠᠭ᠎ᠠ ᠡᠴᠡ ᠪᠠᠨ ᠡᠪᠦᠬᠡ ᠡᠮᠡᠬᠡ ᠵᠢᠨ ᠵᠢᠡᠨ ᠴᠠᠭᠠᠰᠦᠨ ᠬᠠᠢᠴᠢᠯᠠᠮᠠᠯ ᠬᠠᠢᠴᠢᠯᠠᠬᠤ ᠤᠷ᠎ᠡ ᠮᠡᠷᠬᠡᠵᠢᠯ ᠳ᠋ᠤᠨᠢ ᠨᠦᠯᠦᠬᠡᠯᠡᠭᠳᠡᠭᠰᠡᠬᠡᠷ ᠢᠷᠡᠵᠡᠢ》 ᠬᠡᠵᠦ ᠬᠠᠢ ᠵᠢᠨ ᠪᠤᠤ ᠪᠢᠳᠡᠨ ᠳ᠋ᠤ ᠲᠠᠨᠢᠯᠴᠠᠭᠤᠯᠪᠡ᠃


QQ20260626-104256.png

ᠬᠠᠢ ᠵᠢᠨ ᠪᠤᠤ ᠴᠠᠭᠠᠰᠦᠨ ᠬᠠᠢᠴᠢᠯᠠᠮᠠᠯ ᠬᠠᠢᠴᠢᠯᠠᠵᠦ ᠪᠠᠢᠨ᠎ᠠ᠃


ᠡᠨᠡ ᠵᠢᠯ ᠲᠠᠪᠢᠨ ᠵᠢᠷᠭᠤᠭᠠᠳᠠᠢ ᠬᠠᠢ ᠵᠢᠨ ᠪᠤᠤ ᠬᠠᠷᠠᠬᠠᠨ ᠪᠠᠭ᠎ᠠ ᠡᠴᠨ ᠪᠠᠨ ᠵᠢᠷᠤᠭ ᠵᠢᠷᠤᠬᠤ ᠲᠤᠷᠠᠳᠠᠢ ᠪᠦᠬᠡᠳ ᠭᠠᠷ ᠤᠷᠠᠨ᠂ ᠤᠷᠤᠯᠳᠤᠯᠭ᠎ᠠ ᠰᠠᠢᠳᠠᠢ ᠪᠤᠯᠬᠤᠷ ᠡᠪᠦᠬᠡ ᠡᠮᠡᠬᠡ ᠵᠢᠨ ᠵᠢᠡᠨ ᠴᠠᠭᠠᠰᠦᠨ ᠬᠠᠢᠴᠢᠯᠠᠮᠠᠯ ᠬᠠᠢᠴᠢᠯᠠᠬᠤ ᠵᠢ ᠬᠠᠵᠠᠭᠤ ᠡᠴᠨ ᠨᠢ ᠱᠤᠬᠤᠭᠤᠷᠬᠠᠵᠦ ᠪᠠᠢᠬᠰᠠᠨ ᠡᠴᠨ ᠪᠠᠨ ᠦᠪᠡᠷ ᠵᠢᠡᠨ ᠴᠤ᠌ ᠴᠠᠭᠠᠰᠦᠨ ᠬᠠᠢᠴᠢᠯᠠᠮᠠᠯ ᠳ᠋ᠤ ᠪᠠᠬᠠᠳᠠᠢ ᠪᠤᠯᠵᠦ᠂ ᠡᠪᠦᠬᠡ ᠡᠮᠡᠬᠡ ᠪᠡᠨ ᠲᠠᠭᠠᠵᠦ ᠴᠤᠨᠬᠬᠤᠨ ᠤ᠋ ᠴᠠᠭᠠᠰᠦᠨ ᠬᠠᠢᠴᠢᠯᠠᠮᠠᠯ ᠵᠡᠷᠭᠡ ᠵᠢ ᠬᠠᠢᠴᠢᠯᠠᠵᠦ ᠰᠤᠷᠤᠬᠰᠠᠨ ᠮᠦᠷᠳᠡᠬᠡᠨ ᠪᠠᠰᠠ ᠮᠤᠳᠤᠨ ᠰᠡᠢᠯᠦᠮᠡᠯ᠂ ᠤᠢᠰᠦᠨ ᠵᠢᠷᠤᠭ ᠢ᠋ ᠬᠢᠵᠦ ᠰᠤᠷᠴᠠᠢ᠃ ᠬᠠᠢ ᠵᠢᠨ ᠪᠤᠤ ᠠᠨᠭᠬ᠎ᠠ ᠲᠤᠮᠳᠠᠳᠤ ᠵᠢᠨ ᠭᠤᠷᠪᠠᠳᠤᠭᠠᠷ ᠤᠨ ᠵᠢᠡᠨ ᠲᠡᠬᠦᠰᠦᠮᠡᠭᠴᠡ ᠠᠵᠤ ᠠᠮᠢᠳᠦᠷᠠᠯ ᠤ᠋ᠨ ᠰᠢᠯᠳᠠᠭᠠᠨ ᠡᠴᠨ ᠪᠤᠯᠵᠦ᠂ ᠰᠤᠷᠤᠯᠭ᠎ᠠ ᠪᠠᠨ ᠲᠤᠷᠭᠤᠨ ᠵᠤᠬᠰᠤᠵᠦ᠂ ᠨᠢᠬᠡᠯᠡ ᠰᠡᠳᠬᠢᠯ ᠵᠢᠡᠷ ᠴᠠᠭᠠᠰᠦᠨ ᠬᠠᠢᠴᠢᠯᠠᠮᠠᠯ ᠬᠠᠢᠴᠢᠯᠠᠵᠦ ᠶᠠᠪᠤᠵᠠᠢ᠃ ᠬᠠᠢ ᠵᠢᠨ ᠪᠤᠤ ᠤᠯᠠᠨ ᠵᠢᠯ ᠤ᠋ᠨ ᠲᠤᠷᠰᠢ᠂ ᠦᠪᠡᠷ ᠤ᠋ᠨ ᠰᠢᠷᠭᠠᠭᠤ ᠴᠢᠷᠮᠠᠢᠯᠭ᠎ᠠ ᠪᠠ ᠤᠯᠠᠨ ᠭᠠᠵᠠᠷ ᠵᠢᠡᠷ ᠦᠵᠡᠬᠦᠯᠬᠡ ᠪᠤᠯᠪᠠᠰᠦᠷᠠᠯ ᠳ᠋ᠤ ᠤᠷᠤᠯᠴᠠᠵᠦ᠂ ᠮᠡᠳᠡᠯᠬᠡ ᠮᠡᠷᠬᠡᠵᠢᠯ ᠵᠢᠡᠨ ᠲᠠᠰᠦᠷᠠᠯᠳᠠ ᠦᠬᠡᠢ ᠲᠡᠭᠡᠭᠰᠢᠯᠡᠬᠦᠯᠵᠦ ᠶᠠᠪᠤᠭᠰᠠᠨ ᠡᠴᠨ ᠲᠡᠬᠦᠨ ᠤ᠋ ᠴᠠᠭᠠᠰᠦᠨ ᠬᠠᠢᠴᠢᠯᠠᠮᠠᠯ ᠤ᠋ᠨ ᠪᠦᠳᠦᠬᠡᠯ ᠨᠢᠬᠡᠪᠦᠷᠢ ᠨᠢ ᠠᠮᠢᠳᠤ ᠲᠦᠷᠰᠦᠯᠢᠭ ᠪᠤᠯᠵᠤ᠂ ᠨᠡᠢᠬᠡᠮ ᠨᠡᠢᠳᠡ ᠵᠢᠨ ᠠᠨᠭᠬᠠᠷᠦᠯ ᠳ᠋ᠤ ᠬᠦᠷᠥᠭᠰᠡᠨ ᠪᠠᠢᠨ᠎ᠠ᠃ ᠪᠦᠷᠢᠳᠬᠡᠯ ᠢ᠋ ᠦᠨᠳᠦᠰᠦᠯᠡᠪᠡᠯ᠂ ᠬᠠᠢ ᠵᠢᠨ ᠪᠤᠤ ᠡᠨᠡ ᠵᠢᠯ ᠤ᠋ᠨ 6 ᠰᠠᠷ᠎ᠠ ᠵᠢᠨ ᠰᠡᠬᠦᠯᠴᠢ ᠪᠤᠯᠳᠠᠯ᠎ᠠ ᠨᠡᠢᠳᠡ 2000 ᠭᠠᠷᠦᠢ ᠴᠠᠭᠠᠰᠦᠨ ᠬᠠᠢᠴᠢᠯᠠᠮᠠᠯ ᠤ᠋ᠨ ᠱᠠᠪᠢ ᠬᠦᠮᠦᠵᠢᠬᠦᠯᠵᠦ᠂ ᠰᠡᠳᠬᠢᠯ ᠲᠦᠬᠦᠷᠡᠩ ᠶᠠᠪᠤᠵᠦ ᠪᠠᠢᠭ᠎ᠠ ᠲᠡᠳᠦᠢ ᠦᠬᠡᠢ 2021 ᠤᠨ ᠳ᠋ᠤ ᠬᠤᠳᠠ ᠵᠢᠨ ᠲᠡᠰ ᠤ᠋ᠨ ᠴᠠᠭᠠᠰᠦᠨ ᠬᠠᠢᠴᠢᠯᠠᠮᠠᠯ ᠤ᠋ᠨ ᠤᠯᠠᠮᠵᠢᠯᠠᠬᠴᠢ ᠪᠤᠯᠵᠦ᠂ 2024 ᠤᠨ ᠳ᠋ᠤ ᠬᠢᠨᠭᠭᠠᠨ ᠠᠢᠮᠠᠭ ᠤ᠋ᠨ ᠲᠡᠰ ᠤ᠋ᠨ ᠴᠠᠭᠠᠰᠦᠨ ᠬᠠᠢᠴᠢᠯᠠᠮᠠᠯ ᠤ᠋ᠨ ᠤᠯᠠᠮᠵᠢᠯᠠᠬᠴᠢ ᠪᠡᠷ ᠨᠡᠷᠡᠢᠳᠥᠭᠳᠡᠪᠡ᠃


QQ20260626-104309.png


 ᠬᠠᠢ ᠵᠢᠨ ᠪᠤᠤ ᠰᠤᠷᠤᠬᠴᠢᠳ ᠲᠤ᠌ ᠬᠠᠢᠴᠢᠯᠠᠮᠠᠯ ᠬᠠᠢᠴᠢᠯᠠᠬᠤ ᠤᠷ᠎ᠠ ᠮᠡᠷᠬᠡᠵᠢᠯ ᠵᠢᠭᠠᠵᠦ ᠪᠤᠢ᠃


ᠬᠠᠢ ᠵᠢᠨ ᠪᠤᠤ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠤᠯᠠᠮᠵᠢᠯᠠᠬᠴᠢ ᠪᠤᠯᠤᠬᠰᠠᠨ ᠤ᠋ ᠲᠠᠷᠠᠭ᠎ᠠ ᠠᠵᠢᠯᠯᠠᠬᠤ ᠡᠷᠴᠢ ᠵᠤᠷᠢᠭ ᠨᠢ ᠤᠯᠠᠮ ᠶᠡᠬᠡ ᠪᠡᠷ ᠬᠦᠪᠴᠢᠯᠡᠭᠳᠡᠵᠦ᠂ ᠪᠦᠳᠦᠬᠡᠯ ᠵᠢᠡᠨ ᠠᠪᠴᠦ ᠤᠷᠢᠳ ᠬᠤᠵᠢᠳ ᠦᠬᠠᠨ᠂ ᠱᠠᠨᠭᠬᠠᠢ᠂ ᠬᠠᠨᠭᠵᠸᠤ ᠵᠡᠷᠭᠡ ᠭᠠᠵᠠᠷ ᠤ᠋ᠨ ᠦᠵᠡᠬᠦᠯᠬᠡ ᠳ᠋ᠤ ᠤᠷᠤᠯᠴᠠᠵᠦ ᠶᠠᠪᠤᠵᠠᠢ᠃ ᠡᠬᠦᠨ ᠵᠢᠡᠷ ᠦᠯᠦ ᠪᠠᠷᠠᠮ 2025 ᠤᠨ ᠤ᠋ 8 ᠰᠠᠷ᠎ᠠ ᠳ᠋ᠤ  ᠬᠢᠨᠭᠭᠠᠨ ᠠᠢᠮᠠᠭ ᠤ᠋ᠨ ᠨᠠᠮ ᠵᠠᠰᠠᠭ ᠤ᠋ᠨ ᠲᠡᠮᠵᠢᠯᠬᠡ ᠪᠡᠷ ᠲᠡᠷᠠ ᠤᠯᠠᠭᠠᠨᠬᠤᠳᠠ ᠵᠢᠨ ᠤᠯᠠᠭᠠᠨᠬᠠᠳᠠ ᠪᠠᠯᠭᠠᠰᠦ ᠵᠢᠨ ᠭᠤᠤ ᠵᠢᠨ ᠠᠢᠯ ᠭᠠᠴᠠᠭᠠᠨ ᠤ᠋ ᠬᠦᠷᠢᠶ᠎ᠡ ᠬᠠᠰᠢᠶ᠎ᠠ ᠪᠠᠨ ᠵᠠᠰᠠᠨ ᠰᠢᠨᠡᠳᠬᠡᠵᠦ᠂ 《ᠬᠠᠢ ᠤᠪᠤᠬᠳᠤ ᠵᠢᠨ ᠬᠠᠢᠴᠢᠯᠠᠮᠠᠯ ᠤ᠋ᠨ ᠪᠤᠳᠠᠰ ᠤ᠋ᠨ ᠪᠤᠰᠤ ᠰᠤᠶᠤᠯ ᠤ᠋ᠨ ᠬᠦᠷᠢᠶᠡᠯᠡᠩ》 ᠢ᠋ ᠪᠠᠢᠭᠤᠯᠵᠦ᠂ ᠬᠤᠯᠠ ᠤᠢᠷ᠎ᠠ ᠵᠢᠨ ᠬᠠᠢᠴᠢᠯᠠᠮᠠᠯ ᠳ᠋ᠤ ᠲᠤᠷ᠎ᠠ ᠪᠠᠬᠠᠳᠠᠢ ᠤᠯᠠᠨ ᠲᠦᠮᠡᠨ ᠳ᠋ᠤ ᠬᠠᠢᠴᠢᠯᠠᠮᠠᠯ ᠤ᠋ᠨ ᠤᠷ᠎ᠠ ᠮᠡᠷᠬᠡᠵᠢᠯ᠎ᠢ ᠰᠤᠷᠤᠯᠴᠠᠬᠤ ᠲᠡᠪᠴᠡᠩ ᠬᠠᠨᠭᠭᠠᠵᠦ᠂ ᠤᠳᠤ ᠪᠤᠯᠳᠠᠯ᠎ᠠ 20 ᠭᠠᠷᠦᠢ ᠰᠤᠳᠤᠯᠤᠨ ᠰᠤᠷᠤᠯᠴᠠᠬᠤ ᠪᠦᠯᠬᠦᠮ ᠢ᠋ ᠬᠦᠯᠢᠶᠡᠨ ᠠᠪᠴᠦ᠂ 2025 ᠤᠨ ᠳ᠋ᠤ 《ᠪᠦᠬᠦ ᠤᠷᠤᠨ ᠤ᠋ ᠮᠠᠯᠵᠢᠬᠤ ᠲᠠᠷᠢᠶᠠᠯᠠᠬᠤ ᠤᠷᠤᠨ ᠤ᠋ ᠰᠤᠶᠤᠯ ᠤ᠋ᠨ ᠵᠢᠱ᠌ᠢᠶᠡᠴᠢ ᠡᠷᠦᠬᠡ》 ᠪᠡᠷ ᠦᠨᠡᠯᠡᠭᠳᠡᠵᠡᠢ᠃ ᠬᠠᠢ ᠵᠢᠨ ᠪᠤᠤ ᠪᠠᠶᠠᠷ ᠳᠤᠷᠠᠰᠬᠠᠯ᠎ᠤᠨ ᠡᠳᠤᠷ ᠵᠢᠡᠷ ᠨᠡᠢᠬᠡᠮ ᠲᠤᠭᠤᠷᠢᠭ᠂ ᠨᠤᠮ ᠤ᠋ᠨ ᠰᠠᠩ ᠵᠡᠷᠭᠡ ᠭᠠᠵᠠᠷ ᠵᠢᠡᠷ ᠠᠵᠢᠯᠯᠠᠭ᠎ᠠ ᠦᠷᠨᠢᠬᠦᠯᠵᠦ᠂ ᠴᠠᠭᠠᠰᠦᠨ ᠬᠠᠢᠴᠢᠯᠠᠮᠠᠯ ᠳ᠋ᠤ ᠲᠤᠷ᠎ᠠ ᠪᠠᠬᠠᠳᠠᠢ ᠬᠦᠮᠦᠰ ᠲᠤ᠌ ᠬᠠᠢᠴᠢᠯᠠᠮᠠᠯ ᠬᠠᠢᠴᠢᠯᠠᠬᠤ ᠤᠷ᠎ᠠ ᠮᠡᠷᠬᠡᠵᠢᠯ ᠵᠢᠭᠠᠭᠰᠠᠭᠠᠷ ᠢᠷᠡᠪᠡ᠃ ᠬᠠᠢ ᠵᠢᠨ ᠪᠤᠤ ᠤᠷᠢᠳ ᠬᠤᠵᠢᠳ 《ᠠᠨᠭᠬᠠᠳᠤᠭᠠᠷ ᠬᠤᠭᠤᠴᠠᠭᠠᠨ ᠤ᠋ ᠬᠢᠨᠭᠭᠠᠨ ᠠᠢᠮᠠᠭ ᠤ᠋ᠨ ᠵᠡᠮᠳᠡᠭᠴᠤᠳ ᠤ᠋ᠨ ᠠᠵᠢᠯ ᠮᠡᠷᠬᠡᠵᠢᠯ ᠤ᠋ᠨ ᠤᠷ᠎ᠠ ᠮᠡᠷᠬᠡᠵᠢᠯ ᠤ᠋ᠨ ᠤᠷᠤᠯᠳᠤᠭᠠᠨ ᠤ᠋ ᠴᠠᠭᠠᠰᠦᠨ ᠬᠠᠢᠴᠢᠯᠠᠮᠠᠯ ᠤ᠋ᠨ ᠲᠦᠷᠦᠯ ᠤ᠋ᠨ ᠨᠢᠬᠡᠳᠦᠭᠡᠷ ᠨᠡᠷᠡᠰ》 ᠤ᠋ᠨ ᠱᠠᠨᠭᠨᠠᠯ᠂《ᠰᠢᠯᠢᠳᠡᠭ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠤᠯᠠᠮᠵᠢᠯᠠᠬᠴᠢ》 ᠵᠡᠷᠭᠡ ᠠᠯᠢ ᠤᠯᠠᠨ ᠢᠷᠠᠭᠤ ᠠᠯᠳᠠᠷ ᠢ᠋ ᠬᠦᠷᠳᠡᠵᠡᠢ᠃

《 ᠪᠢ ᠡᠨᠡ ᠬ᠌ᠦ᠌ ᠡᠪᠦᠭᠡ ᠲᠡᠭᠡᠳᠦᠰ ᠡᠴᠨ ᠪᠠᠨ ᠦᠪᠯᠡᠨ ᠤᠯᠠᠮᠵᠢᠯᠠᠵᠦ ᠢᠷᠡᠭᠰᠡᠨ ᠴᠠᠭᠠᠰᠦᠨ ᠬᠠᠢᠴᠢᠯᠠᠮᠠᠯ ᠤ᠋ᠨ ᠦᠪ ᠰᠤᠶᠤᠯ ᠵᠢᠡᠨ ᠨᠡᠩ ᠤᠯᠠᠨ ᠬᠦᠮᠦᠨ ᠳ᠋ᠤ ᠲᠠᠨᠢᠭᠤᠯᠵᠦ᠂ ᠰᠢᠯᠢᠳᠡᠭ ᠦᠪ ᠰᠤᠶᠤᠯ ᠵᠢᠡᠨ ᠤᠯᠠᠮᠵᠢᠯᠠᠨ ᠲᠡᠯᠭᠡᠷᠡᠬᠥᠯᠬᠥ ᠪᠡᠷ ᠦᠷᠬᠥᠯᠵᠢᠯᠡᠨ ᠴᠢᠷᠮᠠᠢᠨ᠎ᠠ》 ᠭᠡᠵᠤ ᠬᠠᠢ ᠵᠢᠨ ᠪᠤᠤ ᠬᠤᠵᠢᠮ ᠤ᠋ᠨ ᠬᠦᠰᠡᠯ ᠵᠢᠡᠨ ᠶᠠᠷᠢᠨ᠎ᠠ ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号