ᠰᠠᠨᠠᠭᠠᠨᠤ ᠰᠡᠵᠢᠭᠥᠷ ᠬᠦᠷᠴᠦ᠍ ᠳᠡᠶ᠋ᠢᠯᠬᠥᠡᠴᠡ
ᠰᠠᠯᠬᠢᠨᠤ ᠦᠵᠥᠭᠥᠷ ᠬᠥᠨᠳᠡᠵᠤ ᠳᠡᠶ᠋ᠢᠯᠳᠡᠭ ᠦᠭᠡᠢ
ᠰᠠᠨᠰᠠᠷ ᠲᠡᠭᠷᠢᠡᠴᠡ ᠵᠠᠶᠠᠭᠠᠵᠤ ᠦᠭᠭᠥᠭᠰᠡᠨ
ᠰᠠᠶ᠋ᠢᠬᠠᠨ ᠮᠢᠨᠤ ᠯᠠ ᠨᠤᠲᠤᠭ ᠬᠡᠵᠤ
ᠰᠡᠭᠥᠳᠡᠷ ᠬᠤᠷᠮᠣᠢᠪᠠᠨ ᠴᠢᠷᠴᠦ᠍ ᠪᠣᠯᠳᠠᠭ ᠦᠭᠡᠢ
ᠰᠠᠷᠠᠭᠤᠯ ᠠᠭᠤᠵᠢᠮ ᠣᠷᠣᠨ ᠶᠤᠮ ᠪᠣᠯᠬᠣᠷ
ᠰᠡᠮᠡᠵᠡᠨ ᠡᠭᠥᠯᠡᠶᠢ ᠴᠤ᠌ ᠬᠤᠷᠭᠤᠳᠠᠭᠤᠯᠬᠤ ᠦᠭᠡᠢᠪᠡᠷ
ᠰᠠᠷᠠ ᠭᠡᠶ᠋ᠢᠭᠥᠯᠵᠤ ᠬᠣᠨᠣᠳᠠᠭ ᠶᠤᠮ ᠰᠠᠨ
ᠪᠣᠳᠣᠯᠤᠨ ᠠᠭᠤᠳᠠᠮᠳᠠᠭᠠᠨ ᠪᠠᠭᠲᠠᠭᠠᠵᠤ ᠳᠡᠶ᠋ᠢᠯᠬᠥᠡᠴᠡ
ᠪᠥᠷᠭᠥᠳᠦᠨ ᠨᠠᠭᠠᠳᠣᠮᠢ ᠲᠡᠭᠳᠡᠭᠡᠵᠥ᠍ ᠬᠠᠶᠠᠳᠠᠭ
ᠪᠤᠭᠤᠷᠤᠯ ᠪᠠᠶ᠋ᠢᠭᠠᠯᠢᠠᠴᠠ ᠵᠠᠶᠠᠭᠠᠵᠤ ᠥᠭᠭᠥᠭᠰᠡᠨ
ᠪᠤᠶᠠᠨ ᠲᠠᠢ ᠮᠢᠨᠤ ᠯᠠ ᠨᠤᠲᠤᠭ ᠭᠡᠵᠤ
ᠲᠠᠨᠠᠨ ᠭᠡᠷᠦᠨ ᠬᠠᠨᠠᠨ ᠴᠣᠭᠣᠷᠬᠠᠢᠪᠠᠷ
ᠳᠡᠯᠭᠡᠷ ᠨᠠᠷᠠ ᠮᠢᠨᠢ ᠳᠡᠭᠳᠡᠳᠡᠭ ᠪᠣᠯᠬᠣᠷ
ᠴᠡᠩᠬᠡᠷ ᠨᠣᠭᠤᠭᠠᠨ ᠬᠥ᠋ᠳᠡᠭᠡᠶᠢᠨ ᠡᠯᠢᠭᠡᠨᠡᠴᠡ
ᠴᠡᠯᠮᠡᠭ ᠡᠳᠥᠷ ᠮᠢᠨᠢ ᠡᠬᠢᠯᠡᠳᠡᠭ ᠶᠤᠮ ᠰᠠᠨ