ᠠᠪᠤ᠎ᠲᠠᠢ ᠪᠠᠢᠬᠣ᠎ᠳᠠᠭᠠᠨ ᠪᠢ
ᠠᠶᠤᠮᠱᠢᠭᠤᠨ ᠮᠡᠳᠡᠭᠡ᠎ᠶ᠋ᠢ ᠬᠠᠷᠠᠭ᠎ᠠ ᠦᠭᠡᠢ
ᠬᠦᠬᠡ ᠠᠽᠢᠶ᠎ᠠ ᠱᠢᠭ᠋ ᠮᠢᠨᠤ ᠠᠪᠤ
ᠬᠦᠳᠡᠭᠡ ᠨᠤᠲᠤᠭ᠎ᠤᠨ ᠡᠷᠳᠡᠨᠢᠲᠦ ᠨᠤᠮ ᠡ
ᠮᠠᠨᠢ ᠲᠠᠷᠨᠢ᠎ᠶ᠋ᠢ ᠪᠢᠱᠢᠯᠭᠠᠭᠠ ᠦᠭᠡᠢ ᠴᠤ᠌ ᠭᠡᠯᠡ
ᠮᠠᠬᠢᠷ ᠰᠡᠯᠡᠮ᠎ᠡ ᠱᠢᠭ ᠳᠠᠢᠴᠢᠨ ᠤᠬᠠᠭᠠᠨᠲᠠᠨ ᠡ
ᠲᠠᠰ ᠬᠠᠷᠠᠩᠭᠤᠢ᠎ᠶ᠋ᠢ ᠲᠠᠱᠢᠭᠤᠷᠳᠠᠳᠠᠭ
ᠲᠠᠰᠤᠷᠬᠠᠢ 《ᠤᠶᠤᠲᠠᠨ》 ᠪᠠᠢᠵᠠᠢ ᠪᠢᠯᠡ᠂ ᠠᠪᠤ ᠮᠢᠨᠢ
ᠠᠶᠠᠯᠭᠤ ᠡᠭᠡᠱᠢᠭ᠎ᠤᠨ ᠨᠤᠲ ᠬᠦᠭ᠌ᠯᠡᠵᠦ᠍
ᠠᠮᠢᠳᠤᠷᠠᠯ ᠪᠤᠰᠭᠠᠭ᠍ᠰᠠᠨ 《ᠪᠠᠷᠢᠮᠠᠯᠴᠢ》 ᠪᠠᠢᠵᠠᠢ᠂ ᠠᠪᠤ ᠮᠢᠨᠢ
ᠠᠯᠳᠠᠷᠠᠢ ᠨᠠᠰᠤᠨ᠎ᠳᠠᠭᠠᠨ ᠪᠢ
ᠠᠪᠤ᠎ᠶ᠋ᠢ᠎ᠪᠠᠨ ᠮᠠᠷᠲᠠᠵᠦ᠍ ᠴᠢᠳᠠᠯ ᠦᠭᠡᠢ
ᠬᠦᠮᠦᠨ ᠵᠤᠨ᠎ᠤ ᠳᠤᠮᠳᠠᠭᠤᠷ ᠮᠦᠷ ᠵᠤᠷᠠᠢᠯᠭᠠᠨ
ᠬᠦᠰᠡᠯ᠎ᠢ ᠲᠠᠨ᠎ᠢ ᠡᠷᠭᠦᠨ ᠵᠢᠳᠬᠦᠭ᠌ᠰᠡᠭᠡᠷ ᠢᠷᠡᠯ᠎ᠡ
ᠲᠤᠷᠭᠠᠨ ᠤᠷᠴᠢᠯᠠᠩ᠎ᠤᠨ ᠵᠤᠯᠠᠢ ᠡᠷᠭᠦᠵᠦ᠍
ᠲᠤᠮᠤᠭᠠᠵᠢᠨ ᠬᠦᠯᠵᠢᠵᠦ᠍ ᠨᠡᠢᠭᠡᠮ ᠦᠭᠡᠳᠡ ᠤᠷᠤᠭ᠍ᠰᠢᠯᠠᠯᠠ
ᠠᠪᠤ ᠪᠢᠳᠡᠨ ᠬᠤᠶᠠᠷ
ᠠᠶᠤᠮᠱᠢᠭᠤᠨ ᠮᠡᠳᠡᠭᠡ᠎ᠶ᠋ᠢ ᠬᠠᠷᠠᠭ᠎ᠠ ᠦᠭᠡᠢ ᠪᠤᠯᠬᠤᠷ
ᠬᠦᠬᠡ ᠠᠽᠢᠶ᠎ᠠ ᠱᠢᠭ᠋ ᠮᠢᠨᠤ ᠠᠪᠤ
ᠬᠦᠳᠦᠰᠦᠨ ᠳᠡᠪᠡᠯ᠎ᠲᠠᠢ ᠠᠮᠢᠳᠤ ᠪᠤᠷᠬᠠᠨ ᠡ᠃