ᠬᠢᠯᠢ᠎ᠶ᠋ᠢᠨ ᠱᠤᠭᠤᠮ ᠳᠡᠭᠡᠷᠡᠬᠢ 《ᠠᠪᠤᠷᠭᠤ ᠮᠠᠯᠴᠢᠨ》 25 ᠵᠢᠯ᠎ᠳᠦ ᠲᠦᠮᠡ ᠭᠠᠷᠤᠶ ᠬᠠᠱᠢᠭ᠍ᠳᠠᠭ᠍ᠰᠠᠨ ᠮᠠᠱᠢᠨ ᠲᠡᠷᠭᠡ᠎ᠶ᠋ᠢ ᠠᠪᠤᠷᠠᠨ ᠲᠤᠰᠠᠯᠠᠪᠠ
2026-06-29 11:04:53
ᠵᠣᠬᠢᠶᠠᠭ᠍ᠴᠢ᠄
ᠬᠤᠸᠠᠩ ᠹᠦ᠋ ᠮᠧᠶ ᠱᠢᠶᠠᠨ
ᠣᠩᠱᠢᠭ᠍ᠰᠠᠨ ᠣᠳᠠᠭ᠎ᠠ᠄
★★★☆☆

 — ᠶᠢᠰᠦᠳᠦᠭᠡᠷ ᠬᠤᠭᠤᠴᠠᠭᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠶᠣᠰᠣ ᠰᠤᠷᠲᠠᠬᠤᠨ᠎ᠤ ᠵᠢᠱ᠌ᠢᠶᠡᠴᠢ᠂ ᠤᠯᠠᠭᠠᠨᠴᠠᠪ ᠬᠣᠲᠠ᠎ᠶ᠋ᠢᠨ ᠵᠠᠩᠭᠠᠨ ᠰᠤᠮᠤ᠎ᠶ᠋ᠢᠨ ᠸᠧᠶ ᠵᠢᠩ ᠭᠠᠴᠠᠭᠠᠨ᠎ᠤ ᠨᠠᠮ᠎ᠤᠨ ᠡᠭᠦᠷ᠎ᠦᠨ ᠳᠡᠳ᠋ ᠱᠦᠵᠢ ᠭᠠᠩᠪᠤᠯᠤᠳ᠎ᠢ ᠲᠡᠮᠳᠡᠭᠯᠡᠪᠡ

         

ᠵᠤᠨ᠎ᠤ ᠡᠬᠢᠨ᠎ᠦ ᠳᠥᠷᠪᠡᠳ᠎ᠦᠨ ᠲᠠᠯ᠎ᠠ ᠨᠤᠲᠤᠭ᠎ᠶᠠᠭ ᠯᠠ ᠬᠥᠪᠡᠭᠡ ᠬᠢᠵᠠᠭᠠᠷ ᠨᠢ ᠬᠠᠷᠠᠭ᠍ᠳᠠᠬᠤ ᠦᠭᠡᠢ ᠨᠣᠭᠣᠭᠠᠨ 《ᠬᠡᠪᠢᠰ》 ᠰᠢᠭ ᠪᠠᠢᠯ᠎ᠠ᠃

ᠥᠷᠯᠥᠭᠡ ᠡᠷᠳᠡ᠂ ᠤᠯᠠᠭᠠᠨᠴᠠᠪ ᠬᠤᠳᠠ᠎ᠶ᠋ᠢᠨ ᠳᠥᠷᠪᠡᠳ ᠬᠣᠱᠢᠭᠤᠨ᠎ᠤ ᠵᠠᠩᠭᠠᠨ ᠰᠤᠮᠤ᠎ᠶ᠋ᠢᠨ ᠸᠧᠢ ᠵᠢᠩ ᠭᠠᠴᠠᠭᠠᠨ᠎ᠤ ᠨᠠᠮ᠎ᠤᠨ ᠡᠭᠦᠷ᠎ᠦᠨ ᠳᠡᠳ᠋ ᠱᠦᠵᠢ ᠭᠠᠩᠪᠤᠯᠤᠳ᠎ᠤᠨ ᠭᠠᠷ ᠤᠲᠠᠰᠤ ᠨᠢ ᠳᠤᠤᠭᠠᠷᠪᠠ᠃

—  ᠲᠠ ᠰᠠᠢᠨ ᠤᠤ᠂ ᠬᠡᠨ ᠪᠤᠢ? ᠶᠠᠮᠠᠷ ᠤᠴᠢᠷ᠎ᠲᠠᠶ ᠪᠣᠶ?

— ᠲᠠ ᠰᠠᠢᠨ ᠦᠦ᠂ ᠵᠠᠮ ᠬᠠᠷᠢᠯᠴᠠᠭᠠᠨ᠎ᠤ ᠠᠪᠤᠷᠠᠨ ᠲᠤᠰᠠᠯᠠᠬᠤ ᠠᠵᠢᠯᠲᠠᠨ ᠮᠥᠨ ᠦᠦ᠂ ᠪᠢ G331 ᠤᠯᠤᠰ᠎ᠤᠨ ᠵᠠᠮ᠎ᠤᠨ ᠸᠸᠢ ᠵᠢᠩ ᠭᠠᠴᠠᠭᠠᠨ᠎ᠤ ᠬᠠᠪᠢ᠎ᠳᠤ ᠪᠤᠢ᠂ ᠮᠠᠱᠢᠨ ᠲᠡᠷᠭᠡ ᠭᠡᠮᠲᠦᠯ ᠭᠠᠷᠴᠠᠶ᠂ ᠲᠠ ᠢᠷᠡᠭᠡᠳ ᠦᠵᠡᠭᠡᠳ ᠦᠭᠭᠦᠨ᠎ᠡ ᠦᠦ?

— ᠪᠣᠯᠤᠨ᠎ᠠ᠂ ᠠᠰᠠᠭᠤᠳᠠᠯ ᠦᠭᠡᠢ᠂ ᠪᠢ ᠡᠨᠡ ᠮᠠᠰᠢᠨ ᠲᠡᠷᠭᠡ᠎ᠶ᠋ᠢ ᠵᠠᠰᠠᠵᠤ ᠪᠠᠷᠠᠬᠰᠠᠭᠠᠷ ᠣᠴᠢᠶ᠎ᠠ᠃ ᠲᠠ ᠵᠠᠮ᠎ᠤᠨ ᠬᠠᠵᠠᠭᠤ᠎ᠳᠤ ᠮᠠᠰᠢᠨ ᠲᠡᠷᠭᠡ᠎ᠪᠡᠨ ᠵᠣᠭ᠍ᠰᠣᠭᠠᠵᠤ᠂ ᠳᠤᠬᠢᠶᠠᠨ ᠳ᠋ᠸᠩ ᠵᠢᠡᠨ ᠨᠡᠭᠡᠭᠡ᠂ ᠨᠠᠭᠠᠰᠢ ᠴᠠᠭᠠᠰᠢ ᠶᠠᠪᠤᠬᠤ ᠮᠠᠰᠢᠨ ᠲᠡᠷᠭᠡ ᠣᠯᠠᠨ᠂ ᠠᠮᠤᠷ ᠲᠦᠪᠱᠢᠨ᠎ᠢ ᠠᠩᠬᠠᠷᠤᠭᠠᠷᠠᠢ ᠬᠡᠪᠡ᠃

ᠤᠲᠠᠰᠤ᠎ᠪᠠᠨ ᠳᠠᠷᠤᠮᠠᠬᠴᠠ᠂ ᠭᠠᠩᠪᠤᠯᠤᠳ ᠶᠠᠭᠠᠷᠠᠨ ᠭᠠᠷ ᠤᠲᠠᠰᠤ᠎ᠪᠠᠨ ᠴᠡᠨᠡᠭ᠌ᠯᠡᠵᠦ᠍᠄ 《24 ᠴᠠᠭ᠎ᠵᠢᠡᠷ ᠤᠲᠠᠰᠤ᠎ᠪᠠᠨ ᠬᠠᠭᠠᠬᠤ ᠦᠭᠡᠢ ᠮᠦᠷᠳᠡᠬᠡᠨ ᠤᠲᠠᠰᠤ ᠪᠠᠰᠠ ᠣᠯᠠᠨ᠂ ᠦᠷᠭᠦᠯᠵᠢ ᠭᠠᠳᠠᠨ᠎ᠠ ᠠᠪᠤᠷᠠᠨ ᠲᠤᠰᠠᠯᠠᠯᠲᠠ ᠬᠢᠬᠦ ᠪᠤᠯᠬᠤᠷ ᠭᠠᠷ ᠤᠲᠠᠰᠤᠨ᠎ᠳᠠᠭᠠᠨ ᠴᠠᠬᠢᠯᠭᠠᠨ ᠴᠡᠨᠡᠭ᠌ᠯᠡᠬᠦ᠌᠎ᠨᠢ ᠶᠡᠬᠡ ᠠᠰᠠᠭᠤᠳᠠᠯ ᠪᠣᠯᠵᠠᠶ》ᠭᠠᠩᠪᠤᠯᠤᠳ ᠮᠠᠩᠨᠠᠶ ᠵᠢᠨ ᠬᠥᠯᠥᠰᠥ᠎ᠪᠡᠨ ᠠᠷᠴᠢᠭᠠᠳ ᠶᠠᠷᠢᠬᠤ ᠵᠢᠨ ᠲᠠᠭᠠᠤ᠄ 《ᠱᠢᠶᠣᠤ ᠸᠠᠩ᠂ ᠢᠷᠡᠭᠡᠳ ᠬᠠᠪᠰᠤᠷᠤᠭᠠᠴᠢ᠂ ᠴᠢ ᠤᠰᠤᠨ ᠰᠠᠪᠠ ᠵᠢ᠎ᠲᠦᠱᠢᠵᠦ᠍ ᠥᠭ᠂ ᠪᠢ ᠤᠭ᠍ᠰᠠᠷᠠᠵᠤ ᠥᠭ᠌ᠬᠦᠶ᠎ᠡ》 ᠭᠡᠪᠡ᠃

ᠤᠯᠠᠭᠠᠨᠬᠤᠸᠠ ᠪᠠᠯᠭᠠᠰᠤᠨ᠎ᠳᠤ ᠰᠠᠭᠤᠭ᠎ᠠ ᠸᠠᠩ ᠲᠸᠩ ᠹᠸᠢ 3 ᠡᠳᠦᠷ᠎ᠦᠨ ᠡᠮᠦᠨ᠎ᠡ ᠮᠠᠱᠢᠨ ᠲᠡᠷᠭᠡ᠎ᠵᠢᠯᠤᠭᠤᠳᠤᠨ ᠵᠠᠩᠭᠠᠨ ᠰᠤᠮᠤᠨ᠎ᠳᠦ ᠤᠴᠢᠭᠠᠳ᠎ᠪᠤᠴᠠᠬᠤ ᠵᠠᠮ᠎ᠳᠠᠭᠠᠨ ᠮᠠᠱᠢᠨ ᠲᠡᠷᠭᠡ ᠵᠢ ᠨᠢ ᠭᠡᠮᠲᠦᠯ ᠭᠠᠷᠴᠤ᠌ ᠶᠠᠪᠤᠵᠤ ᠳᠡᠢᠯᠬᠦ᠌ ᠥᠬᠡᠶ ᠪᠣᠯᠵᠠᠶ᠃ ᠸᠠᠩ ᠲᠧᠩ ᠹᠧᠶ᠎ᠶ᠋ᠢᠨ ᠲᠤᠰᠠᠯᠠᠮᠵᠢ ᠭᠤᠶᠤᠬᠤ ᠤᠲᠠᠰᠤ᠎ᠶ᠋ᠢ ᠳᠤᠰᠤᠭ᠍ᠰᠠᠨ᠎ᠤ ᠳᠠᠷᠠᠭ᠎ᠠ᠂ ᠭᠠᠩᠪᠤᠯᠤᠳ ᠲᠡᠷᠡ ᠳᠠᠷᠤᠶ᠎ᠳᠤᠨᠢ ᠬᠡᠳᠦᠨ ᠮᠠᠯᠴᠢᠳ᠎ᠢ ᠳᠠᠭᠤᠳᠠᠨ ᠮᠠᠱᠢᠨ ᠲᠡᠷᠭᠡ ᠵᠢ ᠨᠢ ᠰᠡᠯᠪᠢᠨ ᠵᠠᠰᠠᠬᠤ ᠲᠠᠰᠤᠭ᠎ᠲᠤ ᠴᠢᠷᠴᠦ᠍ ᠠᠪᠠᠴᠢᠭ᠍ᠰᠠᠨ ᠪᠥᠭᠡᠳ ᠬᠥᠬᠡᠬᠣᠲᠠ᠎ᠶ᠋ᠢᠨ ᠨᠢᠭᠡᠨ ᠮᠠᠱᠢᠨ ᠲᠡᠷᠭᠡ ᠰᠡᠯᠪᠢᠨ ᠵᠠᠰᠠᠬᠤ ᠥᠷᠲᠡᠭᠡ᠎ᠲᠡᠶ ᠬᠠᠷᠢᠯᠴᠠᠵᠤ ᠰᠡᠯᠪᠢᠭ ᠲᠣᠨᠣᠭ᠎ᠢ᠎ᠨᠢ ᠢᠷᠡᠭᠦᠯᠵᠡᠶ᠃

《ᠥᠴᠥᠭᠡᠳᠦᠷ ᠣᠷᠣᠢ ᠰᠡᠯᠪᠢᠭ ᠲᠣᠨᠣᠭ ᠬᠦᠷᠴᠦ᠍ ᠢᠷᠡᠪᠡ᠂ ᠭᠠᠩ ᠠᠬ᠎ᠠ ᠡᠨᠡ ᠥᠷᠯᠥᠭᠡ ᠡᠷᠲᠡ ᠮᠢᠨᠦ ᠮᠠᠰᠢᠨ ᠲᠡᠷᠭᠡ ᠵᠢ ᠵᠠᠰᠠᠵᠤ ᠥᠭ᠌ᠪᠡ》 ᠬᠡᠵᠦ ᠸᠠᠩ ᠲᠧᠩ ᠹᠧᠶ ᠰᠡᠳᠭᠢᠯ ᠳᠣᠭ᠍ᠳᠣᠯᠤᠨ᠄ 《ᠡᠨᠡ ᠭᠤᠷᠪᠠᠨ ᠡᠳᠦᠷ ᠪᠢ ᠲᠡᠭᠦᠨ᠎ᠦ᠎ᠳᠦ ᠬᠣᠨᠣᠵᠦ ᠬᠡᠪᠳᠡᠪᠡ᠃ ᠤᠯᠠᠭᠠᠨᠬᠤᠸᠠ ᠪᠠᠯᠭᠠᠰᠤ᠎ᠠᠴᠠ ᠮᠠᠰᠢᠨ ᠲᠡᠷᠭᠡ ᠬᠥᠯᠥᠰᠥᠯᠡᠵᠦ᠍ ᠪᠠᠯᠭᠠᠰᠤᠨ᠎ᠳᠤ ᠠᠪᠠᠴᠢᠨ ᠵᠠᠰᠠᠭᠤᠯᠪᠠᠯ᠂ ᠪᠠᠭ᠎ᠠ᠎ᠳᠠᠭᠠᠨ 2000 ᠭᠠᠷᠤᠶ ᠲᠥᠭᠥᠷᠢᠭ ᠵᠠᠷᠤᠴᠠᠭᠤᠯᠤᠨ᠎ᠠ᠃ ᠭᠠᠩ ᠠᠬ᠎ᠠ ᠨᠠᠳᠠ᠎ᠳᠤ ᠵᠣᠭᠣᠰ ᠠᠷᠪᠢᠯᠠᠵᠤ ᠥᠭ᠌ᠭᠦᠭᠰᠡᠨ ᠰᠢᠦ᠂ ᠰᠡᠯᠪᠢᠭ ᠲᠣᠨᠣᠭ ᠪᠠ 2 ᠰᠠᠭᠤᠯᠭ᠎ᠠ ᠬᠥᠯᠳᠡᠬᠦ᠌᠎ᠵᠢ ᠰᠡᠷᠭᠡᠢᠯᠡᠬᠦ᠌ ᠱᠢᠩᠭᠡᠨ᠎ᠢ ᠨᠡᠮᠡᠬᠡᠳ ᠰᠠᠶᠢ 1000 ᠲᠥᠭᠥᠷᠢᠭ ᠬᠦᠷᠦᠭᠰᠡᠨ ᠦᠭᠡᠢ》 ᠬᠡᠪᠡ᠃

ᠵᠠᠰᠠᠵᠤ ᠪᠠᠷᠠᠬᠰᠠᠨ᠎ᠤ ᠪᠡᠨ ᠲᠠᠷᠤᠢ ᠳ᠋ᠤᠨᠢ᠂ ᠭᠠᠩᠪᠤᠯᠤᠳ ᠴᠠᠬᠢᠯᠭᠠᠨ ᠴᠡᠨᠡᠭ᠌ᠯᠡᠵᠦ᠍ ᠪᠠᠢᠭ᠍ᠰᠠᠨ ᠭᠠᠷ ᠤᠲᠠᠰᠤ᠎ᠪᠠᠨ ᠰᠤᠭᠤᠯᠤᠨ ᠠᠪᠴᠤ᠌ ᠵᠠᠮ ᠬᠠᠷᠢᠯᠴᠠᠭᠠᠨ᠎ᠤ ᠠᠪᠤᠷᠠᠨ ᠲᠤᠰᠠᠯᠠᠬᠤ ᠲᠡᠷᠭᠡᠨ᠎ᠳᠦ ᠭᠠᠷᠴᠤ᠌᠂ G331 ᠤᠯᠤᠰ᠎ᠤᠨ ᠵᠠᠮ᠎ᠢ ᠵᠤᠷᠢᠪᠠ᠃

ᠬᠠᠭᠠᠰ ᠴᠠᠭ᠎ᠤᠨ ᠳᠠᠷᠠᠭ᠎ᠠ᠂ ᠵᠠᠰᠠᠵᠤ ᠪᠠᠷᠠᠪᠠ᠃ 《ᠠᠬ᠎ᠠ ᠳᠡᠭᠦᠦ ᠡ᠂ ᠲᠠᠨ᠎ᠳᠤ ᠮᠠᠰᠢ ᠶᠡᠬᠡ ᠪᠠᠶᠠᠷᠯᠠᠯ᠎ᠠ!》 ᠭᠡᠵᠦ᠍ ᠲᠡᠷᠭᠡᠨ ᠡᠵᠡᠨ ᠤᠳᠭᠤᠨ ᠰᠡᠳᠭᠢᠯ ᠳᠣᠭ᠍ᠳᠣᠯᠤᠨ ᠭᠠᠩᠪᠤᠯᠤᠳ᠎ᠤᠨ ᠭᠠᠷ᠎ᠢ ᠴᠢᠩᠭᠠᠬᠠᠨ ᠠᠳᠬᠤᠨ᠎ᠠ᠃

《ᠪᠢ ᠪᠠᠰᠠ 〈ᠵᠢᠯᠣᠭᠣᠴᠢ᠎ᠶ᠋ᠢᠨ ᠭᠡᠷ ᠪᠦᠯᠢ〉 ᠳ᠋ᠤ ᠣᠴᠢᠨ᠎ᠠ᠂ ᠪᠠᠭ᠎ᠠ ᠰᠠᠭ᠎ᠠ ᠤᠴᠢᠷ ᠱᠢᠢᠳᠪᠦᠷᠢᠯᠡᠬᠦ᠌ ᠴᠢᠬᠤᠯᠠᠲᠠᠢ》 ᠭᠡᠳ ᠭᠠᠩᠪᠤᠯᠤᠳ ᠵᠡᠭᠦᠨ ᠭᠠᠷ᠎ᠤᠨ ᠬᠤᠷᠤᠭᠤᠨ ᠦᠶ᠎ᠡ᠎ᠪᠡᠨ ᠨᠤᠬᠤᠯᠠᠨ᠄ 《ᠣᠯᠠᠨ ᠵᠢᠯ ᠮᠠᠱᠢᠨ ᠲᠡᠷᠭᠡ ᠰᠡᠯᠪᠢᠨ ᠵᠠᠰᠠᠬᠤ ᠠᠵᠢᠯ ᠬᠢᠵᠦ ᠡᠳᠦᠷ ᠪᠦᠷᠢ ᠬᠦᠢᠲᠡᠨ ᠪᠠᠭᠠᠵᠢ᠂ ᠮᠠᠱᠢᠨ᠎ᠮᠸᠬᠠᠨᠢᠭ ᠲᠠᠶ ᠤᠷᠤᠯᠳᠤᠵᠦ᠂ ᠣᠨᠴᠠᠭᠠᠢᠯᠠᠨ ᠡᠪᠦᠯ ᠵᠠᠮ ᠳᠡᠭᠡᠷ᠎ᠡ ᠠᠪᠤᠷᠠᠨ ᠲᠤᠰᠠᠯᠠᠯᠲᠠ ᠬᠢᠵᠦ᠂ ᠵᠠᠷᠢᠮ᠎ᠳᠠᠭᠠᠨ ᠪᠡᠭᠡᠯᠡᠢ ᠵᠡᠭᠦᠵᠦ᠍ ᠠᠵᠢᠯ ᠬᠢᠵᠦ᠍ ᠪᠣᠯᠬᠤ ᠦᠭᠡᠢ᠂ ᠬᠣᠶᠠᠷ ᠭᠠᠷ᠎ᠤᠨ ᠦᠶ᠎ᠡ ᠠᠯᠢ ᠡᠷᠲᠡ ᠬᠡᠪ ᠶᠠᠩᠵᠤ ᠨᠢ ᠬᠤᠪᠢᠷᠠᠵᠤ᠂ ᠪᠠᠰᠠ ᠰᠦᠷᠡᠬᠡᠢ ᠡᠪᠡᠳᠳᠡᠭ ᠪᠤᠯᠤᠭᠰᠠᠨ》 ᠬᠡᠨ᠎ᠡ᠃

ᠡᠨᠡ ᠬᠦ᠌ ᠬᠡᠯᠪᠡᠷᠢ ᠪᠠᠢᠳᠠᠯ ᠨᠢ ᠬᠤᠪᠢᠷᠠᠬᠰᠠᠨ ᠪᠦᠳᠦᠭᠦᠯᠢᠭ ᠭᠠᠷ 25 ᠵᠢᠯ᠎ᠦᠨ ᠲᠤᠷᠰᠢ᠂ 100 ᠭᠠᠷᠤᠢ ᠺᠢᠯᠤᠮᠸᠲᠷ᠎ᠤᠨ ᠬᠢᠯᠢ᠎ᠶ᠋ᠢᠨ ᠱᠤᠭᠤᠮ ᠳᠡᠭᠡᠷᠡᠬᠢ 1.39 ᠲᠦᠮᠡᠨ ᠬᠠᠱᠢᠭ᠍ᠳᠠᠭ᠍ᠰᠠᠨ ᠮᠠᠰᠢᠨ ᠲᠡᠷᠭᠡ᠎ᠶ᠋ᠢ ᠠᠪᠤᠷᠠᠨ ᠲᠤᠰᠠᠯᠠᠵᠠᠢ᠃

《ᠵᠢᠯᠣᠭᠣᠴᠢ᠎ᠶ᠋ᠢᠨ ᠭᠡᠷ ᠪᠦᠯᠢ》 ᠳ᠋ᠤ ᠢᠷᠡᠵᠦ᠂ ᠭᠠᠩᠪᠤᠯᠤᠳ ᠲᠣᠭᠣᠭᠠᠨ ᠭᠡᠷ ᠪᠠ ᠠᠮᠠᠷᠠᠯᠲᠠ᠎ᠶ᠋ᠢᠨ ᠦᠷᠦᠭᠡ ᠳ᠋ᠦ ᠬᠦᠷᠴᠦ᠍ ᠪᠠᠢᠴᠠᠭᠠᠨ ᠦᠵᠡᠭ᠌ᠰᠡᠨ ᠪᠥᠭᠡᠳ ᠠᠵᠢᠯᠲᠠᠨ᠎ᠢᠶᠠᠨ ᠡᠷᠬᠡᠪᠰᠢ ᠢᠳᠡᠭᠡᠨ᠎ᠦ ᠠᠷᠢᠭᠤᠨ ᠴᠡᠪᠡᠷ ᠠᠮᠤᠷ ᠲᠦᠪᠱᠢᠨ ᠪᠠ ᠠᠮᠠᠷᠠᠯᠲᠠ᠎ᠶ᠋ᠢᠨ ᠭᠡᠷ᠎ᠦᠨ ᠠᠷᠢᠭᠤᠨ ᠴᠡᠪᠡᠷ᠎ᠢ ᠪᠠᠲᠤᠯᠠᠬᠤ ᠬᠡᠷᠡᠭ᠌ᠲᠡᠶ ᠭᠡᠵᠦ᠍ ᠵᠠᠬᠢᠪᠠ᠃

《ᠡᠨᠳᠡ ᠬᠣᠭᠣᠯᠠ ᠢᠳᠡᠵᠦ᠍ ᠠᠮᠠᠷᠠᠬᠤ᠎ᠪᠠᠷ ᠢᠷᠡᠭ᠌ᠰᠡᠨ ᠬᠥᠮᠦᠰ᠎ᠦᠨ ᠣᠯᠠᠩᠬᠢ ᠨᠢ ᠪᠦᠷ ᠬᠣᠯᠠ ᠵᠠᠮ᠎ᠤᠨ ᠮᠠᠱᠢᠨ ᠲᠡᠷᠭᠡᠨ᠎ᠦ ᠵᠢᠯᠣᠭᠣᠴᠢ ᠪᠣᠯᠤᠨ᠎ᠠ᠂ ᠪᠢᠳᠡ ᠬᠣᠭᠣᠯᠠ ᠪᠤᠳᠠᠭ᠎ᠠ ᠬᠠᠩᠭᠠᠨ᠎ᠠ᠂ ᠬᠥᠮᠦᠨ ᠳᠤᠮᠳᠠᠴᠢ᠎ᠪᠠᠷ 30 ᠲᠥᠭᠥᠷᠢᠭ᠂ ᠪᠠᠰᠠ ᠦᠨ᠎ᠡ ᠲᠥᠯᠥᠪᠦᠷᠢ ᠥᠬᠡᠶ᠎ᠪᠡᠷ ᠲᠡᠳᠡᠨ᠎ᠳᠦ ᠠᠮᠠᠷᠠᠬᠤ ᠥᠷᠥᠭᠡ ᠬᠠᠩᠭᠠᠵᠤ᠂ ᠲᠡᠳᠡᠨ᠎ᠦ ᠰᠠᠢᠨ ᠢᠳᠡᠵᠦ᠍ ᠰᠠᠢᠨ ᠠᠮᠠᠷᠠᠬᠤ᠎ᠶ᠋ᠢ ᠪᠠᠲᠤᠯᠠᠨ᠎ᠠ》 ᠭᠡᠵᠦ᠍ ᠭᠠᠩᠪᠤᠯᠤᠳ ᠲᠠᠨᠢᠯᠴᠠᠭᠤᠯᠪᠠ᠃

ᠡᠨᠡ ᠬᠦ᠌ 600 ᠭᠠᠷᠤᠢ ᠲᠡᠭ᠌ᠰᠢ ᠳᠥᠷᠪᠡᠯᠵᠢᠨ ᠮᠸᠲᠷ ᠲᠠᠯᠠᠪᠠᠢ᠎ᠲᠠᠶ᠂ ᠢᠳᠡᠭᠡᠨ ᠤᠮᠳᠠᠭᠠᠨ᠂ ᠬᠣᠨᠣᠭ ᠪᠠᠭᠤᠳᠠᠯ᠂ ᠬᠠᠮ ᠳᠡᠯᠭᠡᠭᠦᠷ ᠵᠡᠷᠭᠡ᠎ᠶ᠋ᠢ ᠨᠢᠭᠡ ᠴᠤᠬ᠍ᠴᠠᠵᠢᠭᠤᠯᠤᠬ᠍ᠰᠠᠨ 《ᠵᠢᠯᠣᠭᠣᠴᠢ᠎ᠶ᠋ᠢᠨ ᠭᠡᠷ ᠪᠦᠯᠢ》 ᠨᠢ ᠪᠠᠢᠭᠤᠯᠤᠭ᠍ᠳᠠᠭ᠍ᠰᠠᠨ᠎ᠠᠴᠠ ᠨᠠᠭᠠᠰᠢ᠂ ᠵᠢᠯ ᠪᠦᠷᠢ 5400 ᠭᠠᠷᠤᠢ ᠵᠢᠯᠣᠭᠣᠴᠢ᠎ᠶ᠋ᠢ ᠬᠦᠯᠢᠶᠠᠨ ᠠᠪᠴᠤ᠌᠂ ᠬᠢᠯᠢ᠎ᠶ᠋ᠢᠨ ᠱᠤᠭᠤᠮ ᠳᠡᠭᠡᠷᠡᠬᠢ ᠵᠢᠯᠣᠭᠣᠴᠢ ᠪᠣᠯᠤᠨ ᠮᠠᠱᠢᠨ ᠲᠡᠷᠭᠡ᠎ᠶ᠋ᠢᠨ ᠠᠮᠠᠷᠠᠨ ᠰᠡᠯᠪᠢᠬᠦ 《ᠠᠮᠤᠷ ᠲᠦᠪᠰᠢᠨ ᠭᠠᠷᠠᠮ》 ᠪᠣᠯᠵᠠᠢ᠃

ᠭᠠᠩᠪᠤᠯᠤᠳ᠎ᠤᠨ ᠭᠡᠷ᠎ᠲᠦ ᠨᠢᠭᠡᠨ ᠢᠷᠠᠭᠤ ᠠᠯᠳᠠᠷ᠎ᠤᠨ ᠲᠠᠰᠤᠬ ᠲᠠᠢ᠂ 《ᠪᠦᠬᠦ᠌ ᠤᠯᠤᠰ᠎ᠤᠨ ᠠᠵᠢᠯ᠎ᠤᠨ ᠪᠠᠢᠷᠢ ᠳᠡᠭᠡᠷ᠎ᠡ ᠪᠠᠨ ᠯᠧᠢ ᠹᠧᠩ᠎ᠡᠴᠡ ᠳᠠᠭᠠᠨ ᠰᠤᠷᠤᠯᠴᠠᠭ᠍ᠰᠠᠨ ᠪᠢᠶᠤᠤᠪᠢᠩ》᠂ 《ᠳᠤᠮᠳᠠᠳᠤ ᠤᠯᠤᠰ᠎ᠤᠨ ᠰᠠᠢᠨ ᠬᠥᠮᠦᠨ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠳᠡᠯᠮᠦᠷᠢ᠎ᠶ᠋ᠢᠨ ᠵᠢᠱ᠌ᠢᠶᠡᠴᠢ》᠂ 《ᠪᠦᠬᠦ᠌ ᠣᠷᠣᠨ᠎ᠤ ᠶᠣᠰᠣ ᠰᠤᠷᠲᠠᠬᠤᠨ᠎ᠤ ᠵᠢᠱ᠌ᠢᠶᠡᠴᠢ》᠂ 《ᠪᠦᠬᠦ᠌ ᠣᠷᠣᠨ᠎ᠤ ᠠᠵᠢᠯ᠎ᠤᠨ ᠪᠠᠢᠷᠢ ᠳᠡᠭᠡᠷ᠎ᠡ ᠪᠠᠨ ᠯᠧᠢ ᠹᠧᠩ᠎ᠡᠴᠡ ᠳᠠᠭᠠᠨ ᠰᠤᠷᠤᠯᠴᠠᠭ᠍ᠰᠠᠨ ᠪᠢᠶᠤᠤᠪᠢᠩ》 ᠵᠡᠷᠭᠡ ᠢᠷᠠᠭᠤ ᠠᠯᠳᠠᠷ᠎ᠤᠨ ᠦᠨᠡᠮᠯᠡᠯ᠎ᠤᠳ ᠲᠠᠯᠪᠢᠭᠠᠰᠤᠲᠠᠢ᠃ 《ᠲᠡᠷᠡ ᠡᠩ᠎ᠦᠨ ᠨᠢᠭᠡ ᠮᠠᠯᠴᠢᠨ ᠴᠦ᠍  ᠰᠤᠷᠤᠭ᠍ᠰᠠᠨ ᠮᠡᠷᠭᠡᠵᠢᠯ᠎ᠢᠶᠡᠷ᠎ᠢᠶᠡᠨ ᠡᠳᠦᠢ ᠲᠡᠳᠦᠢ ᠤᠳᠭ᠎ᠠ ᠠᠭᠤᠯᠭ᠎ᠠ᠎ᠲᠠᠶ ᠶᠠᠪᠤᠳᠠᠯ ᠬᠢᠵᠦ᠍᠂ ᠬᠠᠪᠰᠤᠷᠤᠯᠭ᠎ᠠ ᠬᠡᠷᠡᠭ᠌ᠰᠡᠬᠦ᠌ ᠬᠥᠮᠦᠰ᠎ᠢ ᠬᠠᠪᠰᠤᠷᠴᠠᠢ᠃ ᠲᠡᠭᠦᠨ᠎ᠦ ᠡᠬᠡᠨᠡᠷ ᠪᠣᠯᠤᠭ᠍ᠰᠠᠨ᠎ᠤ ᠬᠤᠪᠢ᠎ᠳᠤ᠂ ᠪᠢ ᠥᠩᠭᠡᠷᠡᠭ᠌ᠰᠡᠨ᠎ᠲᠡᠶ᠎ᠪᠡᠨ ᠠᠳᠠᠯᠢ᠎ᠪᠠᠷ ᠲᠡᠭᠦᠨ᠎ᠦ ᠦᠷᠭᠦᠯᠵᠢᠯᠡᠨ ᠰᠠᠢᠨ ᠶᠠᠪᠤᠳᠠᠯ᠂ ᠪᠤᠶᠠᠨᠰᠠᠬ ᠦᠢᠯᠡ ᠬᠢᠬᠦ᠌᠎ᠶ᠋ᠢ ᠳᠠᠮᠵᠢᠨ᠎ᠠ᠂ ᠲᠡᠷᠡ ᠪᠠᠶᠠᠷᠯᠠᠪᠠᠯ ᠪᠢ ᠪᠠᠶᠠᠷᠯᠠᠨ᠎ᠠ!》 ᠭᠡᠵᠦ᠍ ᠡᠳᠡᠭᠡᠷ ᠢᠷᠠᠭᠤ ᠠᠯᠳᠠᠷ᠎ᠤᠨ ᠲᠤᠬᠠᠢ ᠶᠠᠷᠢᠬᠤ ᠳ᠋ᠦ ᠭᠠᠩᠪᠤᠯᠤᠳ᠎ᠤᠨ ᠡᠬᠡᠨᠡᠷ ᠤᠷᠠᠨ᠎ᠠ ᠶᠠᠷᠢᠵᠤ ᠪᠠᠢᠯ᠎ᠠ᠃

ᠢᠷᠠᠭᠤ ᠠᠯᠳᠠᠷ᠎ᠤᠨ ᠡᠮᠦᠨ᠎ᠡ᠂ ᠭᠠᠩᠪᠣᠯᠣᠳ ᠮᠠᠰᠢ ᠳᠠᠷᠤᠤ ᠬᠢᠴᠢᠶᠡᠩᠭᠦᠶ᠃《ᠬᠤᠢᠰᠢᠳᠠ ᠪᠢ ᠵᠠᠮ ᠬᠠᠷᠢᠯᠴᠠᠭᠠᠨ᠎ᠤ ᠠᠪᠤᠷᠠᠨ ᠲᠤᠰᠠᠯᠠᠬᠤ ᠠᠵᠢᠯ᠎ᠢ ᠦᠷᠭᠦᠯᠵᠢᠯᠡᠨ ᠰᠠᠢᠲᠤᠷ ᠬᠢᠵᠦ᠍᠂ ᠨᠠᠩ ᠣᠯᠠᠨ ᠬᠥᠮᠦᠨ᠎ᠦ ᠠᠮᠤᠷ ᠲᠦᠪᠱᠢᠨ᠎ᠢᠶᠡᠷ ᠭᠠᠳᠠᠭ᠍ᠰᠢ ᠭᠠᠷᠬᠤ᠎ᠳᠤ ᠪᠠᠲᠤᠯᠠᠭ᠎ᠠ ᠬᠠᠩᠭᠠᠨ᠎ᠠ; ᠪᠢ ᠭᠠᠴᠠᠭᠠᠨ᠎ᠤ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠠᠵᠢᠯ᠎ᠢ ᠰᠠᠢᠲᠤᠷ ᠬᠢᠵᠦ᠍᠂ ᠮᠠᠯᠴᠢᠳ᠎ᠢᠶᠠᠨ ᠳᠠᠭᠠᠭᠤᠯᠤᠨ ᠪᠦᠯᠬᠦᠮᠳᠡᠨ ᠨᠢᠭ᠍ᠲᠠᠷᠠᠵᠤ᠂ ᠣᠷᠣᠯᠭ᠎ᠠ᠎ᠪᠠᠨ ᠨᠡᠮᠡᠭ᠌ᠳᠡᠭᠦᠯᠦᠨ ᠪᠠᠶᠠᠵᠢᠨ᠎ᠠ; ᠮᠠᠨ᠎ᠤ ᠭᠠᠴᠠᠭ᠎ᠠ ᠬᠢᠯᠢ ᠬᠢᠵᠠᠭᠠᠷ᠎ᠤᠨ ᠭᠠᠴᠠᠭ᠎ᠠ ᠪᠣᠯᠤᠭ᠍ᠰᠠᠨ᠎ᠤ ᠬᠤᠪᠢ᠎ᠳᠤ᠂ ᠬᠢᠯᠢ ᠬᠢᠵᠠᠭᠠᠷ᠎ᠢ ᠰᠠᠬᠢᠨ ᠬᠠᠮᠠᠭᠠᠯᠠᠬᠤ ᠠᠵᠢᠯ ᠮᠠᠰᠢ ᠴᠢᠬᠤᠯᠠ ᠶᠤᠮ᠂ ᠪᠢ ᠨᠠᠩ ᠣᠯᠠᠨ ᠮᠠᠯᠴᠢᠳ᠎ᠢ ᠳᠠᠢᠴᠢᠯᠠᠨ ᠬᠢᠯᠢ ᠬᠢᠵᠠᠭᠠᠷ᠎ᠢ ᠰᠠᠬᠢᠨ ᠬᠠᠮᠠᠭᠠᠯᠠᠬᠤ ᠠᠵᠢᠯ᠎ᠳᠤ ᠣᠷᠣᠯᠴᠠᠭᠤᠯᠵᠤ᠂ ᠡᠬᠡ ᠤᠯᠤᠰ᠎ᠤᠨ ᠤᠮᠠᠷᠠᠲᠤ ᠬᠢᠯᠢ᠎ᠶ᠋ᠢᠨ ᠠᠮᠤᠷ ᠲᠦᠪᠰᠢᠨ ᠲᠣᠭ᠍ᠲᠠᠭᠤᠨ᠎ᠤ ᠬᠠᠯᠬᠠᠪᠴᠢ᠎ᠶ᠋ᠢ ᠪᠠᠲᠤ ᠴᠣᠭ᠍ᠴᠠᠯᠠᠬᠤ᠎ᠳᠤ ᠬᠦᠴᠦᠨ ᠴᠢᠳᠠᠯ᠎ᠢᠶᠠᠨ ᠡᠷᠭᠦᠨ᠎ᠡ!》 ᠭᠡᠵᠦ᠍ ᠭᠠᠩᠪᠦᠯᠤᠳ ᠡᠷᠡᠰ ᠪᠠᠲᠤ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号