ᠦᠨᠳᠦᠰᠦᠲᠡᠨ᠎ᠤ ᠬᠥᠭ᠌ᠵᠢᠮ᠎ᠤᠨ ᠵᠢᠮᠰᠡᠭ ᠬᠢᠬᠦ ᠤᠷ᠎ᠠ ᠮᠡᠷᠭᠡᠵᠢᠯ (ᠮᠣᠩᠭᠤᠯ ᠦᠨᠳᠦᠰᠦᠲᠡᠨ᠎ᠤ ᠬᠤᠭᠤᠷᠳᠠᠬᠤ ᠬᠥᠭ᠌ᠵᠢᠮ᠎ᠤᠨ ᠵᠢᠮᠰᠡᠭ ᠦᠢᠯᠡᠳᠬᠦ ᠤᠷ᠎ᠠ ᠮᠡᠷᠭᠡᠵᠢᠯ) ᠤ᠋ᠨ ᠳᠠᠷᠬᠠᠨ ᠮᠡᠳᠡᠯᠲᠦ ᠵᠢᠨ ᠲᠦᠷᠦᠭᠰᠡᠨ ᠨᠤᠲᠤᠭ ᠤᠯᠠᠭᠠᠨᠬᠠᠳᠠ ᠬᠤᠲᠠ᠎ᠶ᠋ᠢᠨ ᠪᠠᠭᠠᠷᠢᠨ ᠪᠠᠷᠠᠭᠤᠨ ᠬᠤᠱᠢᠭᠤ ᠨᠢ 《ᠳᠤᠮᠳᠠᠳᠤ ᠤᠯᠤᠰ᠎ᠤᠨ ᠭᠡᠰᠡᠷ ᠰᠣᠶᠣᠯ᠎ᠤᠨ ᠨᠤᠲᠤᠭ》 ᠭᠡᠭᠦ ᠰᠠᠢᠬᠠᠨ ᠠᠯᠳᠠᠷ ᠲᠠᠢ᠃ ᠭᠡᠰᠡᠷ ᠬᠠᠢᠯᠠᠬᠤ ᠬᠢᠭᠡᠳ ᠮᠣᠷᠢᠨ ᠬᠤᠭᠤᠷ᠎ᠤᠨ ᠠᠶᠠᠯᠭᠤᠨ᠎ᠳᠤ ᠪᠦᠤᠪᠠᠢᠯᠡᠭᠳᠡᠨ ᠦᠰᠦᠭᠰᠡᠨ ᠲᠠᠷᠠᠪᠠᠷ ᠤᠢ ᠰᠠᠭᠤᠭᠳᠠᠯ᠎ᠳᠠᠭᠠᠨ ᠬᠦᠲᠦᠯᠦᠭᠳᠡᠨ᠂ ᠮᠤᠷᠢᠨ ᠬᠤᠭᠤᠷ ᠬᠦᠭᠵᠢᠮᠳᠡᠭᠦ ᠵᠢ ᠰᠤᠷᠤᠭᠰᠠᠨ᠎ᠢᠶᠠᠷ ᠪᠠᠷᠠᠬᠤ ᠦᠭᠡᠢ ᠨᠡᠩ ᠴᠤ᠌ ᠬᠦᠴᠦ ᠬᠦᠳᠡᠯᠮᠦᠷᠢ ᠵᠠᠷᠤᠴᠠᠭᠤᠯᠤᠨ᠂ ᠤᠶᠤᠨ ᠤᠬᠠᠭᠠᠨ ᠵᠢᠡᠨ ᠰᠢᠪᠬᠠᠵᠤ᠂ ᠮᠤᠷᠢᠨ ᠬᠤᠭᠤᠷ ᠦᠢᠯᠡᠳᠭᠦ ᠮᠡᠷᠭᠡᠵᠢᠯ᠎ᠢ ᠰᠤᠷᠤᠭᠰᠠᠨ ᠪᠠᠢᠨ᠎ᠠ᠃

ᠮᠤᠷᠢᠨ ᠬᠤᠭᠤᠷ ᠭᠦᠭᠵᠢᠮᠳᠡᠨᠠ
ᠮᠣᠷᠢᠨ ᠬᠤᠭᠤᠷ ᠪᠣᠯ ᠮᠣᠩᠭᠣᠯ ᠦᠨᠳᠦᠰᠦᠲᠡᠨ᠎ᠦ ᠬᠠᠮᠤᠭ᠎ᠤᠨ ᠲᠥᠯᠥᠭᠡᠯᠡᠬᠦ᠌ ᠴᠢᠨᠠᠷᠲᠠᠢ ᠬᠤᠭᠤᠷᠳᠠᠬᠤ ᠬᠦᠭᠵᠢᠮ᠎ᠤᠨ ᠵᠢᠮᠰᠡᠭ᠎ᠤᠨ ᠨᠢᠭᠡ ᠪᠣᠯᠤᠨ᠎ᠠ᠃ ᠬᠤᠭᠤᠷ᠎ᠤᠨ ᠠᠷᠠᠯ᠎ᠤᠨ ᠦᠵᠦᠭᠦᠷ᠎ᠲᠦ ᠮᠤᠷᠢᠨ᠎ᠤ ᠲᠣᠯᠣᠭᠠᠢ᠎ᠶ᠋ᠢ ᠰᠡᠢᠯᠦᠭ᠌ᠰᠡᠨ ᠪᠤᠯᠬᠤᠷ ᠮᠤᠷᠢᠨ ᠬᠤᠭᠤᠷ ᠭᠡᠵᠦ ᠨᠡᠷᠡᠯᠡᠵᠡᠢ᠃ ᠮᠤᠷᠢᠨ ᠬᠤᠭᠤᠷ᠎ᠤᠨ ᠳᠠᠭᠤ ᠵᠢᠨ ᠥᠩᠭᠡ ᠨᠢ ᠤᠶᠠᠷᠠᠭᠤᠨ ᠴᠢᠬᠢᠮᠠᠢ ᠪᠠᠢᠵᠤ᠂ ᠲᠦᠮᠡᠨ ᠠᠭ᠍ᠲᠠ᠎ᠶ᠋ᠢᠨ ᠲᠦᠪᠡᠷᠭᠡᠨᠤ ᠰᠦᠷᠯᠢᠭ ᠳᠠᠯᠠᠢᠴᠠ ᠵᠢ ᠢᠯᠡᠳᠭᠡᠵᠦ ᠳᠡᠢᠯᠬᠦ ᠪᠦᠭᠡᠳ ᠲᠠᠯ᠎ᠠ ᠨᠤᠲᠤᠭ᠎ᠤᠨ ᠮᠠᠯᠵᠢᠬᠤ ᠠᠮᠢᠳᠤᠷᠠᠯ᠎ᠤᠨ ᠦᠦᠭᠡ ᠲᠡᠦᠬᠡ ᠵᠢ ᠴᠦ᠍ ᠬᠦᠦᠷᠨᠢᠵᠦ ᠳᠡᠢᠯᠦᠨ᠎ᠡ᠃ ᠡᠨᠡ ᠬᠦ᠌ ᠡᠷᠲᠡᠨ᠎ᠦ ᠬᠥᠭ᠌ᠵᠢᠮ᠎ᠦᠨ ᠵᠢᠮᠰᠡᠭ ᠨᠡᠭᠦᠳᠡᠯ ᠦᠨᠳᠦᠰᠦᠲᠡᠨ᠎ᠦ ᠪᠤᠳᠤᠯ ᠰᠡᠳᠭᠢᠯᠭᠡ ᠪᠣᠯᠤᠨ ᠤᠶᠤᠨ ᠤᠬᠠᠭᠠᠨ᠎ᠢ ᠠᠴᠢᠶᠠᠯᠠᠵᠤ᠂ ᠬᠢᠬᠦ᠌ ᠤᠷ᠎ᠠ ᠮᠡᠷᠭᠡᠵᠢᠯ ᠨᠢ ᠮᠦᠨ ᠴᠦ᠍ ᠭᠦᠨ ᠵᠤᠵᠠᠭᠠᠨ ᠠᠭᠤᠯᠤᠭᠳᠠᠬᠤᠨ ᠲᠠᠢ ᠪᠠᠢᠳᠠᠭ᠃ 2011 ᠣᠨ᠎ᠳᠤ ᠦᠨᠳᠦᠰᠦᠲᠡᠨ᠎ᠦ ᠬᠥᠭ᠌ᠵᠢᠮ᠎ᠤᠨ ᠵᠢᠮᠰᠡᠭ ᠦᠢᠯᠡᠳᠬᠦ᠌ ᠤᠷ᠎ᠠ ᠮᠡᠷᠭᠡᠵᠢᠯ (ᠮᠣᠩᠭᠤᠯ ᠦᠨᠳᠦᠰᠦᠲᠡᠨ᠎ᠤ ᠬᠤᠭᠤᠷᠳᠠᠬᠤ ᠬᠥᠭ᠌ᠵᠢᠮ᠎ᠤᠨ ᠵᠢᠮᠰᠡᠭ ᠦᠢᠯᠡᠳᠬᠦ ᠤᠷ᠎ᠠ ᠮᠡᠷᠭᠡᠵᠢᠯ) ᠤᠯᠤᠰ᠎ᠤᠨ ᠳᠡᠰ᠎ᠦᠨ ᠪᠤᠳᠠᠰ᠎ᠤᠨ ᠪᠤᠰᠤ ᠰᠤᠶᠤᠯ᠎ᠤᠨ ᠥᠪ᠎ᠦᠨ ᠨᠡᠷᠡᠰ᠎ᠤᠨ ᠵᠢᠭ᠍ᠰᠠᠭᠠᠯᠲᠠ᠎ᠶ᠋ᠢᠨ ᠦᠷᠭᠡᠳᠭᠡᠭ᠌ᠰᠡᠨ ᠲᠥᠷᠥᠯ ᠵᠦᠢᠯ᠎ᠦᠨ ᠨᠡᠷᠡᠰ᠎ᠲᠦ ᠰᠤᠩᠭᠤᠭᠳᠠᠨ᠂ ᠡᠨᠡ ᠬᠦ᠌ ᠤᠷᠠᠨ ᠭᠠᠷᠤᠨ ᠤᠷ᠎ᠠ ᠮᠡᠷᠭᠡᠵᠢᠯ ᠵᠢᠩᠬᠢᠨᠢ ᠪᠡᠷ ᠴᠠᠭ ᠦᠶ᠎ᠡ᠎ᠳᠤ ᠲᠡᠮᠲᠡᠭᠯᠡᠭᠳᠡᠬᠰᠡᠨ ᠪᠡᠶ᠎ᠡ ᠵᠢᠨ ᠭᠠᠷᠤᠯ ᠲᠠᠢ ᠪᠤᠯᠤᠭᠰᠠᠨ ᠪᠠᠢᠨ᠎ᠠ᠃

ᠬᠤᠭᠤᠷ᠎ᠤᠨ ᠠᠷᠠᠯ᠎ᠢ ᠤᠷᠠᠯᠠᠨ᠎ᠠ

ᠰᠢᠷᠳᠡᠵᠤ ᠪᠤᠳᠤᠨ᠎ᠠ
ᠬᠤᠭᠤᠷᠳᠠᠬᠤ᠎ᠡᠴᠡ ᠦᠢᠯᠡᠳᠬᠦ᠌ ᠬᠦᠷᠲᠡᠯ᠎ᠡ᠂ ᠮᠡᠳᠡᠯ᠎ᠲᠤ ᠵᠢᠨ ᠪᠣᠷᠣᠭ᠍ᠵᠢᠭᠤᠨ ᠬᠦᠰᠡᠯ ᠨᠢ ᠲᠡᠭᠦᠨ᠎ᠤ ᠠᠮᠢᠳᠤᠷᠠᠯ᠎ᠤ᠋ᠨ ᠭᠣᠣᠯᠳᠠᠯᠭ᠎ᠠ᠎ᠵᠢ ᠬᠤᠪᠢᠷᠠᠭᠤᠯᠵᠠᠢ᠃ 20 ᠭᠠᠷᠤᠢ ᠵᠢᠯ᠎ᠦ᠋ᠨ ᠡᠮᠦᠨ᠎ᠡ ᠲᠡᠷᠡ ᠠᠪᠤᠶᠢᠨᠵᠢᠡᠨ ᠬᠢᠭ᠌ᠰᠡᠨ ᠬᠤᠭᠤᠷ᠎ᠢ ᠠᠪᠤᠭᠠᠳ ᠬᠥᠬᠡᠬᠣᠲᠠ᠎ᠳ᠋ᠤ ᠰᠤᠷᠤᠯᠴᠠᠬᠤ ᠪᠡᠷ ᠢᠷᠡᠪᠡ᠃ ᠲᠡᠭᠡᠭᠡᠳ ᠨᠡᠩ ᠤᠷᠠᠨ ᠨᠠᠷᠢᠯᠢᠭ ᠮᠤᠷᠢᠨ ᠬᠤᠭᠤᠷᠬᠢᠬᠦ ᠤᠷ᠎ᠠ ᠮᠡᠷᠭᠡᠵᠢᠯ᠎ᠢ᠋ ᠣᠯᠵᠤ ᠦᠵᠡᠭᠡᠳ᠂ ᠥᠪᠡᠷ᠎ᠦ᠋ᠨ ᠭᠠᠷ᠎ᠢᠶᠠᠷ᠎ᠢᠶᠠᠨ ᠰᠠᠢᠨ ᠮᠤᠷᠢᠨ ᠬᠤᠭᠤᠷ ᠬᠢᠬᠦ ᠬᠦᠰᠡᠯ ᠬᠦᠪᠦᠷᠡᠭᠰᠡᠨ ᠪᠠᠢᠯ᠎ᠠ᠃ ᠮᠣᠷᠢᠨ ᠬᠤᠭᠤᠷ᠎ᠤᠨ ᠠᠶᠠᠯᠭᠤ ᠲᠠᠯ᠎ᠠ ᠨᠤᠲᠤᠭ᠎ᠲᠤ ᠬᠦᠩᠬᠢᠨᠡᠬᠦᠪᠠᠷ ᠪᠠᠷᠠᠬᠤ ᠦᠭᠡᠶ᠂ ᠨᠡᠩ ᠠᠭᠤᠳᠠᠮ ᠬᠤᠯᠠ ᠭᠠᠵᠠᠷ ᠳᠠᠭᠤᠷᠢᠰᠬᠤ ᠵᠢ ᠲᠡᠷᠡ ᠬᠦᠰᠡᠨ᠎ᠡ᠃ ᠶᠠᠭ ᠡᠨᠡ ᠬᠦ᠌ ᠢᠲᠡᠭᠡᠯ ᠪᠢᠱᠢᠷᠡᠯ᠎ᠠᠴᠠ ᠪᠠᠨ ᠪᠤᠯᠵᠤ᠂ ᠮᠡᠳᠡᠯᠲᠦ ᠮᠤᠷᠢᠨ ᠬᠤᠭᠤᠷᠬᠤᠭᠤᠷᠳᠠᠬᠤ ᠡᠴᠡ ᠪᠠᠨ ᠮᠤᠷᠢᠨ ᠬᠤᠭᠤᠷ ᠬᠢᠬᠦ ᠪᠤᠯᠵᠤ᠂ ᠥᠪᠥᠷ ᠮᠣᠩᠭᠤᠯ᠎ᠤᠨ ᠰᠦᠬᠡ᠎ᠶ᠋ᠢᠨ ᠰᠡᠷᠡᠯ ᠭᠡᠬᠦ ᠦᠨᠳᠦᠰᠦᠲᠡᠨ᠎ᠤ ᠬᠥᠭ᠌ᠵᠢᠮ᠎ᠤᠨ ᠵᠢᠮᠰᠡᠭ ᠦᠢᠯᠡᠳᠬᠦ᠌ ᠺᠣᠮᠫᠠᠨᠢ ᠪᠠᠢᠭᠤᠯᠵᠤ᠂ ᠮᠤᠷᠢᠨ ᠬᠤᠭᠤᠷ ᠬᠢᠬᠦ᠌ ᠠᠶᠠᠨ᠎ᠳᠤ ᠬᠠᠲᠠᠭᠤ ᠪᠡᠷᠬᠡ ᠵᠢ ᠬᠠᠢᠬᠤᠷᠤᠯ ᠦᠭᠡᠢ ᠴᠢᠷᠮᠡᠢᠵᠦ ᠵᠢᠳᠭᠦᠵᠦ ᠢᠷᠡᠭᠰᠡᠨ ᠪᠠᠢᠨ᠎ᠠ᠃

ᠲᠦᠷᠭᠡᠨ ᠭᠤᠪᠢᠭᠤᠯᠭ᠎ᠠ ᠪᠡᠷ ᠢᠯᠡᠭᠡᠬᠦ ᠲᠤᠬᠠᠢ ᠵᠥᠪᠳᠡᠨ ᠶᠠᠷᠢᠯᠴᠠᠨ᠎ᠠ
ᠮᠣᠷᠢᠨ ᠬᠤᠭᠤᠷ ᠬᠢᠬᠦ᠌ ᠨᠢ ᠬᠥᠭ᠌ᠵᠢᠮ᠂ ᠮᠣᠳᠣᠨ ᠳᠠᠷᠬᠠᠨ ᠪᠣᠯᠤᠨ ᠵᠢᠷᠤᠵᠤ ᠲᠥᠯᠥᠪᠯᠡᠭ᠌ᠦ ᠠᠵᠢᠯ᠎ᠢ ᠤᠶᠠᠯᠳᠤᠭᠤᠯᠤᠭ᠍ᠰᠠᠨ ᠶᠡᠷᠦᠩᠬᠡᠢᠯᠡᠭ᠌ᠰᠡᠨ ᠤᠷ᠎ᠠ ᠮᠡᠷᠭᠡᠵᠢᠯ ᠪᠣᠯᠤᠨ᠎ᠠ᠃ ᠮᠣᠳᠣᠨ ᠮᠠᠲ᠋ᠸᠷᠢᠶᠠᠯ᠎ᠠᠴᠠ ᠮᠤᠷᠢᠨ ᠬᠤᠭᠤᠷ ᠪᠤᠯᠲᠠᠯ᠎ᠠ ᠵᠠᠭᠤ ᠭᠠᠷᠤᠢ ᠠᠵᠢᠯ᠎ᠤᠨ ᠶᠠᠪᠤᠴᠠ ᠬᠠᠷᠢᠯᠴᠠᠨ ᠠᠪᠴᠠᠯᠳᠤᠵᠤ᠂ ᠶᠠᠪᠤᠴᠠ ᠪᠦᠷᠢ᠎ᠨᠢ ᠤᠷᠠᠨ ᠲᠠᠷᠬᠠᠨ᠎ᠤ ᠲᠡᠰᠪᠦᠷᠢ ᠲᠡᠪᠴᠢᠶᠡᠷᠢ ᠪᠠ ᠡᠷᠳᠡᠮ ᠴᠢᠳᠠᠪᠤᠷᠢ᠎ᠶ᠋ᠢ ᠱᠢᠯᠭᠠᠵᠤ ᠪᠠᠢᠳᠠᠭ᠃ 《ᠮᠤᠷᠢᠨ ᠬᠤᠭᠤᠷ᠎ᠢ ᠰᠠᠢᠨ ᠬᠢᠶ᠎ᠡ ᠭᠡᠪᠡᠯ ᠶᠠᠭᠤᠨ᠎ᠤ ᠡᠮᠦᠨ᠎ᠡ ᠬᠥᠭ᠌ᠵᠢᠮ ᠮᠡᠳᠡᠬᠦ ᠬᠡᠷᠡᠭᠲᠡᠢ᠂ ᠬᠦᠭ᠌ᠵᠢᠮ᠎ᠤᠨ ᠵᠢᠮᠰᠡᠭ᠎ᠢ ᠮᠡᠳᠡᠬᠦ ᠬᠡᠷᠡᠭᠲᠡᠢ᠂ ᠳᠠᠷᠠᠭ᠎ᠠ᠎ᠨᠢ ᠰᠡᠢᠯᠦᠮᠡᠯ᠎ᠤᠨ ᠤᠷ᠎ᠠ ᠮᠡᠷᠭᠡᠵᠢᠯ᠎ᠢ ᠡᠵᠡᠮᠰᠢᠨ᠂ ᠤᠷᠠᠨ ᠵᠢᠷᠤᠭ᠎ᠤᠨ ᠰᠠᠭᠤᠷᠢ ᠪᠠᠢᠪᠠᠯ ᠰᠠᠶᠢ ᠬᠤᠭᠤᠷᠳᠡᠭᠡᠷᠡᠬᠢ ᠮᠤᠷᠢᠨ ᠲᠤᠯᠤᠭᠠᠢ ᠵᠢ ᠤᠷᠠᠨ ᠳᠦᠷᠰᠦᠯᠢᠭ ᠰᠡᠢᠯᠵᠦ᠍ ᠳᠡᠢᠯᠦᠨ᠎ᠡ᠂ ᠡᠭᠦᠨ᠎ᠠᠴᠠ ᠭᠠᠳᠠᠨ᠎ᠠ ᠪᠠᠰᠠ ᠮᠠᠰᠢ ᠰᠠᠢᠨ ᠮᠣᠳᠣᠨ ᠳᠠᠷᠬᠠᠨ᠎ᠤ ᠠᠵᠢᠯ᠎ᠤᠨ ᠰᠠᠭᠤᠷᠢ ᠪᠠᠢᠬᠤ ᠬᠡᠷᠡᠭᠲᠡᠢ᠂ ᠡᠰᠡᠪᠡᠯ ᠬᠤᠭᠤᠷ᠎ᠤᠨ ᠳᠠᠭᠤ ᠨᠢ ᠬᠡᠳᠦᠢ ᠰᠠᠢᠨ ᠭᠠᠷᠴᠤ᠂ ᠳᠦᠷᠰᠦ᠎ᠨᠢ ᠬᠡᠳᠦᠢ ᠰᠠᠢᠬᠠᠨ ᠪᠠᠢᠯ᠎ᠠ ᠴᠦ᠍ ᠭᠡᠰᠡᠨ ᠬᠡᠰᠡᠭ ᠬᠤᠭᠤᠴᠠᠭ᠎ᠠ ᠬᠡᠷᠡᠭᠯᠡᠭᠡᠳ ᠡᠭᠡᠰᠢᠭ᠎ᠤᠨ ᠬᠠᠢᠷᠴᠠᠭ᠎ᠨᠢ ᠬᠠᠭᠠᠷᠠᠴᠢᠬᠠᠪᠠᠯ ᠲᠠᠯᠠᠭᠠᠷ ᠪᠤᠯᠤᠨ᠎ᠠ》 ᠭᠡᠵᠦ᠍ ᠮᠡᠳᠡᠯᠲᠦ ᠬᠡᠯᠡᠨ᠎ᠠ᠃ ᠵᠢᠩᠬᠢᠨᠢ ᠰᠠᠢ᠌ᠠ ᠬᠤᠭᠤᠷ ᠪᠤᠯ ᠬᠡᠲᠣᠠ ᠰᠠᠷ᠎ᠠ ᠴᠢᠨᠠᠬ᠍ᠰᠢᠯᠠᠨ ᠨᠠᠩ ᠣᠷᠲᠤ ᠬᠤᠭᠤᠴᠠᠭ᠎ᠠ ᠵᠢ ᠲᠠᠮᠵᠢᠪᠡᠯ ᠰᠠᠶᠢ ᠦᠪᠡᠷ᠎ᠤᠨ ᠰᠦᠭ ᠰᠦᠨᠡᠰᠦ ᠲᠠᠢ ᠪᠤᠯᠵᠤ ᠴᠢᠳᠠᠨ᠎ᠠ᠃

ᠥᠪᠥᠷ ᠮᠣᠩᠭᠤᠯ᠎ᠤᠨ ᠦᠵᠡᠰᠭᠦᠯᠡᠩ᠎ᠤᠨ ᠣᠷᠳᠣᠨ᠎ᠳᠤ ᠥᠷᠨᠢᠭᠦᠯᠦᠭ᠌ᠰᠡᠨ 《ᠤᠯᠠᠮᠵᠢᠯᠠᠯᠲᠤ ᠭᠠᠷ ᠤᠷᠠᠯᠠᠯ᠎ᠤᠨ ᠬᠢᠴᠢᠶᠡᠯ᠎ᠤᠨ ᠲᠠᠩᠬᠢᠮ》 ᠳᠡᠭᠡᠷ᠎ᠡ ᠮᠡᠳᠡᠯᠲᠦ ᠦᠵᠡᠭ᠌ᠴᠢᠳ᠎ᠤᠨ ᠮᠣᠷᠢᠨ ᠬᠤᠭᠤᠷ᠎ᠤᠨ ᠵᠢᠵᠢᠭ ᠦᠯᠢᠭᠡᠷ ᠶᠠᠨᠭᠵᠤ ᠬᠢᠬᠦ ᠵᠢ ᠵᠢᠯᠤᠭᠤᠳᠴᠤ ᠪᠠᠢᠭ᠎ᠠ ᠨᠢ
ᠤᠯᠠᠮᠵᠢᠯᠠᠯ᠎ᠤᠨ ᠠᠶᠠᠨ ᠦᠢᠯᠡᠳᠭᠡᠯ᠎ᠤᠨ ᠲᠠᠰᠤᠭ᠎ᠲᠦ ᠯᠡ ᠦᠷᠭᠦᠯᠵᠢᠯᠡᠬᠦ ᠪᠢᠰᠢ᠃ ᠮᠡᠳᠡᠯᠲᠦ ᠡᠳᠡᠭᠡᠷ ᠵᠢᠯ᠎ᠤᠳ ᠲᠦ᠍ ᠮᠣᠷᠢᠨ ᠬᠤᠭᠤᠷ᠎ᠢᠶᠠᠨ ᠠᠪᠤᠭᠠᠳ ᠰᠤᠷᠭᠠᠭᠤᠯᠢ᠎ᠨᠤᠭᠤᠳ ᠵᠢᠡᠷᠶᠠᠪᠤᠵᠤ᠂ ᠬᠡᠦᠬᠡᠳ᠎ᠤᠳ᠎ᠤᠨ ᠤᠷᠤᠯᠳᠤᠬᠤ᠎ᠳᠤ ᠲᠣᠬᠢᠷᠠᠬᠤ ᠵᠢᠭᠠᠬᠤ ᠮᠠᠲ᠋ᠧᠷᠢᠶᠠᠯ᠎ᠢ ᠰᠤᠳᠤᠯᠤᠨ ᠭᠠᠷᠭᠠᠵᠤ᠂ ᠬᠢᠴᠢᠶᠡᠯ᠎ᠤᠨ ᠭᠡᠷ ᠲᠡᠬᠢ ᠰᠤᠷᠤᠭ᠍ᠴᠢᠳᠴᠦ ᠮᠣᠳᠤ ᠤᠷᠤᠯᠳᠤᠬᠤ ᠳᠤᠬᠢᠶᠠᠯ ᠲᠠᠢ ᠪᠤᠯᠵᠠᠢ᠃ ᠲᠡᠷᠡ ᠪᠠᠰᠠ ᠣᠬᠤᠷ ᠸᠢᠳᠢᠣ᠋᠎ᠶ᠋ᠢᠨ ᠲᠠᠪᠴᠠᠩ᠎ᠢ ᠠᠱᠢᠭ᠍ᠯᠠᠨ᠂ ᠰᠦᠯᠵᠢᠶᠡᠨ ᠳᠡᠭᠡᠷ᠎ᠡ ᠵᠢᠭᠠᠨ ᠰᠤᠷᠭᠠᠬᠤ ᠪᠠ ᠰᠣᠶᠣᠯ᠎ᠢ ᠳᠡᠯᠭᠡᠷᠡᠭᠦᠯᠬᠦ᠌ ᠠᠵᠢᠯ ᠥᠷᠨᠢᠭᠦᠯᠪᠡ᠃ ᠣᠳᠣ ᠵᠢᠯ ᠪᠦᠷᠢ ᠵᠢᠨ ᠵᠤᠨ ᠪᠤᠯᠬᠤ᠎ᠳᠤ ᠪᠦᠬᠦ᠌ ᠤᠯᠤᠰ᠎ᠤᠨ ᠡᠯ᠎ᠡ ᠭᠠᠵᠠᠷ᠎ᠤᠨ ᠳᠤᠷ᠎ᠠ ᠪᠠᠬᠠᠲᠠᠨ ᠬᠥᠬᠡᠬᠣᠲᠠ᠎ᠳᠤ ᠢᠷᠡᠭᠡᠳ ᠮᠣᠷᠢᠨ ᠬᠤᠭᠤᠷ᠎ᠤᠨ ᠵᠤᠰᠠᠯᠠᠩ᠎ᠳᠤ ᠣᠷᠣᠯᠴᠠᠵᠤ ᠪᠤᠢ᠂ ᠵᠠᠷᠢᠮ ᠨᠢ ᠮᠤᠷᠢᠨ ᠬᠤᠭᠤᠷ ᠬᠤᠭᠤᠷᠳᠠᠬᠤ ᠵᠢ ᠰᠤᠷᠬᠤ ᠵᠢᠨ ᠲᠦᠯᠦᠭᠡ ᠡᠨᠳᠡ ᠰᠠᠭᠤᠷᠢᠱᠢᠭ᠍ᠰᠠᠨ ᠪᠠᠢᠨ᠎ᠠ᠃

ᠮᠣᠷᠢᠨ ᠬᠤᠭᠤᠷ ᠬᠢᠵᠦ ᠪᠠᠢ᠌ᠭ᠎ᠠ ᠨᠢ
ᠦᠢᠯᠡᠳᠪᠦᠷᠢ᠎ᠶ᠋ᠢᠨ ᠱᠠᠯᠠᠨ ᠳᠡᠭᠡᠷ᠎ᠡ ᠮᠣᠳᠣᠨ ᠦᠷᠦᠪᠳᠡᠰᠦ ᠤᠪᠤᠭᠠᠷᠠᠭᠰᠠᠭᠠᠷ ᠨᠢᠭᠡᠨ ᠭᠦᠨ ᠪᠤᠷᠤ ᠥᠩᠭᠡ᠎ᠲᠠᠢ ᠮᠣᠷᠢᠨ ᠬᠤᠭᠤᠷ᠎ᠢ ᠦᠢᠯᠡᠳᠴᠦ ᠳᠠᠭᠤᠰᠭᠠᠪᠠ᠃ ᠮᠡᠳᠡᠯᠲᠦ ᠬᠤᠭᠤᠷᠳᠡᠭᠡᠷᠡᠬᠢ ᠲᠣᠭᠣᠰᠣ᠎ᠶ᠋ᠢ ᠦᠯᠢᠶᠡᠭᠡᠳ᠂ ᠵᠡᠭᠦᠨ ᠭᠠᠷ᠎ᠢᠶᠠᠷ᠎ᠢᠶᠠᠨ ᠡᠭᠡᠰᠢᠭ᠎ᠤᠨ ᠬᠠᠢᠷᠴᠠᠭ᠎ᠢ ᠡᠷᠭᠦᠨ᠂ ᠪᠠᠷᠠᠭᠤᠨ ᠭᠠᠷ᠎ᠢᠶᠠᠷ᠎ᠢᠶᠠᠨ ᠠᠶᠠᠷᠬᠠᠨ ᠬᠤᠭᠤᠷᠳᠠᠵᠤ ᠡᠬᠢᠯᠡᠪᠡ᠃ ᠡᠭᠡᠰᠢᠭ ᠢᠷᠠᠭᠤ ᠮᠤᠷᠢᠨ ᠬᠤᠭᠤᠷ᠎ᠤᠨ ᠠᠶᠠᠯᠭᠤ ᠰᠤᠨᠤᠷ᠎ᠢ ᠬᠦᠨᠳᠡᠨ᠂ ᠲᠠᠯ᠎ᠠ ᠨᠤᠲᠤᠭ᠎ᠤᠨ ᠦᠦᠬᠡ ᠲᠡᠦᠬᠡ ᠵᠢ ᠬᠦᠦᠷᠨᠢᠭᠦ ᠴᠤ᠌ ᠶᠤᠮᠰᠢᠭ᠂ ᠢᠷᠡᠭᠡᠳᠦᠢ᠎ᠶ᠋ᠢᠨ ᠱᠢᠨ᠎ᠡ ᠠᠶᠠᠯᠭᠤ᠎ᠶ᠋ᠢ ᠴᠢᠪᠬᠠᠳᠠᠭᠠ ᠴᠤ᠌ ᠶᠤᠮᠰᠢᠭ ᠪᠠᠢᠯ᠎ᠠ ᠁

ᠤᠷᠠᠯᠠᠨ ᠰᠡᠢ᠌ᠯᠦᠭᠰᠡᠨ ᠮᠣᠷᠢᠨ ᠬᠤᠭᠤᠷ
ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠭᠦᠮ ᠮᠡᠳᠡᠯᠭᠡ
ᠮᠣᠩᠭᠣᠯ ᠦᠨᠳᠦᠰᠦᠲᠡᠨ᠎ᠦ ᠬᠤᠭᠤᠷᠳᠠᠬᠤ ᠬᠥᠭ᠌ᠵᠢᠮ᠎ᠦᠨ ᠵᠢᠮᠰᠡᠭ ᠲᠦ᠍ ᠴᠤᠭᠤᠷ᠂ ᠮᠣᠷᠢᠨ ᠬᠤᠭᠤᠷ᠂ ᠳᠥᠷᠪᠡᠨ ᠤᠲᠠᠰᠤᠲᠤ ᠬᠤᠭᠤᠷ᠎ᠢ ᠪᠠᠭᠲᠠᠭᠠᠵᠤ ᠪᠤᠢ᠃ ᠴᠤᠭᠤᠷ᠎ᠤᠨ ᠬᠡᠯᠪᠡᠷᠢ ᠬᠢᠴᠡ ᠨᠢ ᠮᠣᠷᠢᠨ ᠬᠤᠭᠤᠷ ᠲᠠᠢ ᠲᠦᠰᠦᠭᠡᠲᠡᠢ᠃ ᠮᠤᠷᠢᠨ ᠬᠤᠭᠤᠷ᠎ᠢ ᠤᠯᠠᠩᠬᠢ᠎ᠳᠠᠭᠠᠨ ᠭᠤᠴᠤᠯᠠᠯ (ᠳᠠᠭᠠᠭᠤᠯᠬᠤ) ᠬᠦᠭ᠌ᠵᠢᠮ᠂ ᠬᠤᠤᠰᠯᠠᠯ ᠬᠦᠭ᠌ᠵᠢᠮ᠂ ᠬᠠᠮᠲᠤ ᠵᠢᠨ ᠬᠦᠭ᠌ᠵᠢᠮᠢ ᠬᠦᠭᠵᠢᠮᠳᠡᠬᠦ ᠵᠢᠴᠢ ᠨᠠᠢᠷᠠᠯ ᠬᠦᠭ᠌ᠵᠢᠮ᠎ᠤᠨ ᠠᠩᠬᠢ᠂ᠦᠯᠢᠶᠡᠬᠦ ᠴᠢᠪᠬᠠᠳᠠᠬᠤ ᠬᠦᠭᠵᠢᠮ᠎ᠤᠨ ᠠᠩᠬᠢ ᠲᠠᠢ ᠬᠠᠮᠵᠢᠨ ᠬᠦᠭᠵᠢᠮᠳᠡᠬᠦ᠎ᠳᠤ ᠬᠡᠷᠡᠭᠯᠡᠳᠡᠭ᠃ ᠲᠤᠤᠯᠢ ᠬᠠᠢᠯᠠᠬᠤ᠎ᠳᠤ ᠮᠣᠷᠢᠨ ᠬᠤᠭᠤᠷ ᠦᠷᠭᠦᠯᠵᠢ ᠲᠣᠭ᠍ᠯᠠᠭ᠍ᠴᠢᠳ᠎ᠤᠨ ᠪᠠᠭᠠᠵᠢ ᠪᠣᠯᠳᠠᠭ᠃ ᠮᠣᠩᠭᠤᠯ ᠦᠨᠳᠦᠰᠦᠲᠡᠨ᠎ᠤ ᠬᠤᠭᠤᠷᠳᠠᠬᠤ ᠬᠥᠭ᠌ᠵᠢᠮ᠎ᠤᠨ ᠵᠢᠮᠰᠡᠭ ᠦᠢᠯᠡᠳᠬᠦ ᠤᠷ᠎ᠠ ᠮᠡᠷᠭᠡᠵᠢᠯ ᠬᠥᠳᠡᠯᠮᠦᠷᠢᠴᠢᠨ ᠠᠷᠠᠳ ᠲᠦᠮᠡᠨ᠎ᠦ᠌ ᠣᠶᠤᠨ ᠤᠬᠠᠭᠠᠨ᠂ ᠪᠦᠲᠦᠭᠡᠯᠴᠢ ᠴᠢᠳᠠᠪᠤᠷᠢ ᠪᠣᠯᠤᠨ ᠦᠢᠯᠡᠰ ᠵᠢᠡᠨ ᠳᠡᠭᠡᠳᠦᠯᠡᠬᠦ᠌ ᠵᠣᠷᠢᠭ ᠰᠠᠨᠠᠭ᠎ᠠ ᠵᠢ ᠨᠢᠭᠲᠠᠷᠠᠭᠤᠯᠵᠤ᠂ ᠲᠡᠦᠬᠡ᠎ᠶᠢᠨ ᠦᠨ᠎ᠡ ᠦᠷᠲᠡᠭᠪᠤᠯᠤᠨ ᠡᠷᠳᠡᠮ ᠱᠢᠨᠵᠢᠯᠡᠭᠡᠨᠦ᠌ ᠦᠨ᠎ᠡ ᠴᠠᠨ᠎ᠠ᠎ᠲᠠᠢ ᠲᠡᠳᠦᠢ ᠦᠭᠡᠢ ᠪᠠᠰᠠ ᠪᠣᠳᠠᠲᠤ ᠠᠬᠤᠢ ᠵᠢᠨ ᠡᠳᠦᠷ ᠳᠣᠳᠣᠮ᠎ᠤ᠋ᠨ ᠬᠡᠷᠡᠭ᠌ᠯᠡᠭᠡᠨᠦ᠌ ᠦᠨ᠎ᠡ ᠦᠷᠲᠡᠭ᠂ ᠤᠷᠠᠯᠢᠬ᠎ᠤᠨ ᠦᠨ᠎ᠡ ᠦᠷᠲᠡᠭ᠂ ᠬᠦᠮᠦᠨ ᠰᠤᠶᠤᠯ᠎ᠤᠨ ᠦᠨ᠎ᠡ ᠦᠷᠲᠡᠭ ᠪᠤᠯᠤᠨ ᠠᠵᠤ ᠠᠬᠤᠢ ᠵᠢᠨ ᠦᠨ᠎ᠡ ᠦᠷᠲᠡᠭ᠎ᠲᠠᠢ ᠪᠠᠢᠳᠠᠭ᠃