ᠤᠷᠠᠨ ᠭᠠᠷ ᠵᠢᠡᠷ ᠤᠯᠠᠮᠵᠢᠯᠠᠭᠳᠠᠬᠤ ᠭᠤᠯᠢᠷ ᠱᠤᠭᠤᠮᠠᠯ᠎ᠤᠨ ᠤᠷᠠᠯᠢᠬ
2026-05-20 10:35:00
ᠵᠣᠬᠢᠶᠠᠭ᠍ᠴᠢ᠄
​ ᠯᠢ ᠵᠦᠸᠧ ᠸᠠᠩ ᠱᠢᠶᠣᠤ ᠪᠦᠸᠧ ᠴᠧᠩ ᠶᠢᠩ ᠵᠢᠶᠦ᠋ᠨ ᠥᠷᠭᠡᠨ
ᠣᠩᠱᠢᠭ᠍ᠰᠠᠨ ᠣᠳᠠᠭ᠎ᠠ᠄
★★★☆☆

ᠪᠤᠭᠤᠳᠠᠢ ᠵᠢᠨ ᠭᠤᠯᠢᠷ᠎ᠤᠷᠠᠨ ᠭᠠᠷ ᠵᠢᠡᠷ  ᠳᠠᠮᠵᠢᠨ ᠤᠯᠠᠭᠠᠨ ᠮᠥᠷᠭᠦ᠌ ᠵᠢᠭᠠᠰᠤ᠂ ᠬᠥᠬᠡ ᠲᠣᠭᠤᠰ᠂ ᠶᠠᠭᠠᠨ ᠮᠠᠨᠳᠠᠷᠤ᠎ᠠ ᠵᠡᠷᠭᠡ ᠣᠯᠠᠨ ᠦᠩᠭᠡ ᠲᠠᠢ ᠳᠦᠷᠰᠦ᠎ᠪᠤᠯᠵᠤ ᠬᠤᠪᠢᠷᠠᠨ᠎ᠠ᠂ ᠳᠠᠬᠢᠭᠠᠳ ᠵᠢᠩᠨᠡᠵᠦ ᠪᠤᠯᠭᠤᠬᠰᠠᠨ᠎ᠤ ᠳᠠᠷᠠᠭ᠎ᠠ ᠢᠳᠡᠵᠦ᠍ ᠪᠣᠯᠬᠤ᠂ ᠰᠠᠨᠠᠭ᠎ᠠ ᠰᠡᠳᠬᠢᠯ ᠵᠢᠡᠨ᠎ᠢᠯᠡᠳᠭᠡᠵᠦ᠍ ᠪᠣᠯᠬᠤ ᠤᠷᠠᠨ ᠭᠤᠶᠤ 《ᠳᠣᠷᠣᠨᠠᠳᠠᠬᠢᠨ᠎ᠤ ᠷᠣᠮᠠᠨᠲ᠋ᠢᠭ》 ᠪᠦᠲᠦᠭᠡᠯ ᠪᠤᠯᠴᠢᠬᠠᠨ᠎ᠠ᠂ ᠡᠨᠡ ᠪᠣᠯ ᠳᠠᠷᠤᠢ  ᠭᠤᠯᠢᠷ  ᠱᠤᠭᠤᠮᠠᠯ᠎ᠤᠨ ᠤᠷᠠᠯᠢᠭ ᠪᠤᠯᠤᠨ᠎ᠠ᠃

ᠭᠤᠯᠢᠷ᠎ᠱᠤᠭᠤᠮᠠᠯ᠎ᠢ ᠪᠠᠰᠠ ᠭᠤᠯᠢᠷ᠎ᠤᠨ ᠬᠤᠸᠠᠷ᠂ ᠶᠤᠰᠤᠯᠠᠯ᠎ᠤᠨ ᠪᠤᠤᠪᠤ᠂ ᠬᠤᠸᠠᠷ᠎ᠲᠠᠢ ᠪᠣᠭᠤᠷᠰᠤᠭ ᠭᠡᠬᠦ ᠮᠡᠲᠦ ᠠᠷᠪᠢᠨ ᠵᠦᠢᠯ ᠵᠢᠡᠷ ᠨᠡᠷᠡᠯᠡᠳᠡᠭ᠂ ᠳᠤᠮᠳᠠᠳᠤ ᠤᠯᠤᠰ᠎ᠤᠨ ᠭᠤᠯᠢᠷ ᠱᠣᠭᠤᠮᠠᠯ᠎ᠠᠯᠢ ᠡᠷᠲᠡ ᠬᠠᠨ ᠤᠯᠤᠰ᠎ᠤᠨ ᠦᠶ᠎ᠡ᠎ᠳᠤ ᠦᠰᠦᠭ ᠪᠢᠴᠢᠭ᠎ᠢᠶᠠᠷ ᠲᠡᠮᠳᠡᠭ᠌ᠯᠡᠭᠳᠡᠭᠰᠡᠨ ᠪᠠᠢᠳᠠᠭ᠃ ᠸᠠᠩ ᠯᠢ ᠴᠢᠩ ᠪᠣᠯ ᠭᠤᠯᠢᠷ ᠱᠤᠭᠤᠮᠠᠯ (ᠲᠣᠭ᠍ᠲᠠᠬᠤ ᠵᠢᠨ ᠬᠤᠸᠠᠷ ᠲᠠᠢ ᠪᠤᠤᠪᠤ ᠬᠢᠬᠦ᠌ ᠤᠷ᠎ᠠ ᠮᠡᠷᠭᠡᠵᠢᠯ) ᠤ᠋ᠨ ᠬᠥᠬᠡᠬᠤᠲᠠ᠎ᠶ᠋ᠢᠨ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠤᠨ ᠤᠯᠠᠮᠵᠢᠯᠠᠭ᠍ᠴᠢ ᠪᠤᠯᠤᠨ᠎ᠠ᠃ ᠲᠡᠷᠡ ᠬᠥᠬᠡᠬᠤᠲᠠ᠎ᠶ᠋ᠢᠨ ᠲᠣᠭ᠍ᠲᠠᠬᠤ ᠱᠢᠶᠠᠨ᠎ᠳᠤ ᠦᠰᠦᠨ ᠪᠤᠢᠵᠢᠵᠤ᠂ ᠡᠮᠡᠭᠡ ᠪᠣᠯᠤᠨ ᠡᠵᠢ᠎ᠶ᠋ᠢᠨ᠎ᠢᠶᠠᠨ ᠨᠦᠯᠦᠭᠡ ᠪᠡᠷ ᠬᠠᠷᠠᠬᠠᠨ ᠪᠠᠭ᠎ᠠ᠎ᠠᠴᠠ᠎ᠪᠠᠨ ᠡᠨᠡ ᠬᠦ᠌ ᠤᠷ᠎ᠠ ᠮᠡᠷᠭᠡᠵᠢᠯ᠎ᠳᠤ ᠮᠠᠰᠢ ᠰᠣᠨᠢᠷᠬᠠᠯ᠎ᠲᠠᠢ ᠪᠣᠯᠵᠠᠶ᠃ 《ᠪᠠᠭ᠎ᠠ ᠪᠠᠢᠬᠤ᠎ᠳᠤ ᠪᠢ ᠦᠷᠭᠦᠯᠵᠢ ᠡᠮᠡᠭᠡ ᠡᠵᠢ᠎ᠵᠢᠨ ᠭᠤᠯᠢᠷ ᠵᠢᠡᠷ ᠴᠢᠪᠠᠭ᠎ᠠ ᠲᠠᠢ ᠳᠠᠪᠬᠤᠷᠯᠠᠭᠰᠠᠨ ᠪᠤᠤᠪᠤ᠂ ᠬᠦᠭᠡᠷᠦᠭᠦᠨ ᠬᠦᠦ᠂ ᠬᠠᠪᠤᠷ᠎ᠤᠨ ᠬᠠᠷᠢᠶᠠᠴᠠᠢ ᠵᠡᠷᠭᠡ ᠳᠦᠷᠰᠦ ᠱᠤᠭᠤᠬᠤ ᠶ᠋ᠢ ᠦᠷᠭᠦᠯᠵᠢ ᠬᠠᠷᠠᠳᠠᠭ ᠪᠠᠢᠯ᠎ᠠ᠂ ᠡᠮᠡᠬᠡ ᠡᠵᠢ ᠮᠢᠨᠢ ᠨᠠᠳᠠ᠎ᠳᠤ ᠨᠢᠭᠡ ᠪᠦᠬᠡᠮ ᠭᠤᠯᠢᠷ ᠥᠭ᠌ᠭᠦᠭᠡᠳ ᠬᠠᠵᠠᠭᠤ ᠳ᠋ᠠᠭᠠᠨ ᠪᠠᠷᠢᠵᠦ ᠨᠠᠭᠠᠳᠤᠭᠤᠯᠳᠠᠭ》 ᠭᠡᠵᠦ ᠸᠠᠩ ᠯᠢ ᠴᠢᠩ ᠡᠷᠭᠢᠴᠡᠭᠦᠯᠦᠨ᠎ᠡ᠃

ᠴᠢᠩ ᠤᠯᠤᠰ᠎ᠤᠨ ᠦᠶ᠎ᠡ᠎ᠳᠤ᠂ ᠲᠣᠭ᠍ᠲᠠᠬᠤ ᠱᠢᠶᠠᠨ ᠪᠣᠯ ᠪᠣᠭᠤᠮᠲᠠ᠎ᠶ᠋ᠢᠨ ᠭᠠᠳᠠᠨᠡᠬᠢ ᠠᠯᠳᠠᠷᠲᠠᠢ 《ᠤᠰᠤᠨ ᠵᠠᠮ ᠪᠠ ᠬᠠᠭᠤᠷᠠᠢ ᠵᠠᠮ᠎ᠤᠨ ᠭᠠᠷᠠᠮ》ᠪᠣᠯᠣᠨ᠎ᠠ᠂ ᠨᠡᠭᠦᠳᠡᠯ ᠠᠷᠠᠳ᠎ᠤᠳ ᠱᠠᠨ ᠰᠢ᠂ ᠱᠠᠨᠰᠢ ᠵᠡᠷᠭᠡ ᠭᠠᠵᠠᠷ᠎ᠤᠨ ᠭᠤᠯᠢᠷ ᠱᠤᠭᠤᠮᠠᠯ᠎ᠤᠨ ᠤᠷ᠎ᠠ ᠮᠡᠷᠭᠡᠵᠢᠯ᠎ᠢ ᠲᠣᠭ᠍ᠲᠠᠬᠤ ᠱᠢᠶᠠᠨ᠎ᠳᠤ ᠠᠪᠴᠢᠷᠠᠵᠤ᠂ ᠲᠤᠬᠠᠢ᠎ᠶ᠋ᠢᠨ ᠭᠠᠵᠠᠷ᠎ᠤᠨ ᠰᠣᠶᠣᠯ᠎ᠲᠠᠢ ᠠᠭᠤᠰᠤᠯᠴᠠᠨ ᠲᠤᠭᠲᠠᠨᠢᠭᠠᠳ᠂ ᠥᠪᠡᠷᠮᠢᠴᠡ ᠣᠨᠴᠠᠯᠢᠭ᠎ᠲᠠᠢ ᠲᠣᠭ᠍ᠲᠠᠬᠤ᠎ᠶ᠋ᠢᠨ ᠭᠤᠯᠢᠷ ᠱᠤᠭᠤᠮᠠᠯ ᠪᠣᠢ ᠪᠣᠯᠵᠠᠢ᠃ 2015 ᠣᠨ᠎ᠳᠤ᠂ ᠭᠤᠯᠢᠷ ᠱᠤᠭᠤᠮᠠᠯ (ᠲᠣᠭ᠍ᠲᠠᠬᠤ ᠵᠢᠨ ᠭᠤᠯᠢᠷ᠎ᠱᠤᠭᠤᠮᠠᠯ) ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠤᠨ ᠨᠡᠷᠡᠰ᠎ᠤᠨ ᠵᠢᠭ᠍ᠰᠠᠭᠠᠯᠲᠠ᠎ᠶ᠋ᠢᠨ ᠥᠷᠭᠡᠳᠭᠡᠭ᠌ᠰᠡᠨ ᠲᠥᠷᠥᠯ ᠵᠦᠢᠯ᠎ᠳᠤ ᠰᠣᠩᠭᠤᠭ᠍ᠳᠠᠭᠰᠠᠨ ᠪᠠᠢᠨ᠎ᠠ᠃

ᠲᠤᠬᠠᠢ ᠵᠢᠨ ᠵᠢᠯ ᠸᠠᠩ ᠯᠢ ᠴᠢᠩ ᠨᠤᠲᠤᠭ᠎ᠠᠴᠠ᠎ᠪᠠᠨ ᠰᠠᠯᠵᠤ ᠭᠠᠳᠠᠭ᠍ᠰᠢ ᠶᠠᠪᠤᠭᠠᠳ ᠡᠨᠡ ᠬᠦ᠌ ᠤᠷ᠎ᠠ ᠮᠡᠷᠭᠡᠵᠢᠯ᠎ᠤᠨ ᠲᠤᠬᠠᠢ ᠬᠦᠰᠡᠯ ᠬᠦᠭᠡᠭᠡᠴᠡᠯᠳᠦᠯ ᠵᠢᠡᠨ ᠡᠬᠢᠯᠡᠭᠦᠯᠦᠭᠰᠡᠨ ᠪᠡᠢᠪᠠ᠃ 《ᠪᠢ ᠦᠭᠡᠯᠡᠢ ᠪᠣᠯᠤᠭᠠᠳ ᠭᠤᠯᠢᠷ ᠢᠳᠡᠭᠡᠨ ᠬᠢᠬᠦ ᠵᠢ ᠰᠤᠷᠴᠤ᠂ ᠬᠤᠭᠤᠯᠠᠨ ᠭᠡᠷ᠎ᠪᠠᠰᠠ ᠡᠷᠬᠢᠯᠡᠵᠦ᠍ ᠦᠵᠡᠯ᠎ᠡ ᠂ ᠭᠡᠬᠦ ᠳ᠋ᠡᠭᠡᠨ ᠲᠤᠰᠭᠠᠢ ᠬᠤᠸᠠᠷ ᠲᠠᠢ ᠪᠤᠤᠪᠤ ᠬᠢᠵᠦ᠍ ᠦᠵᠡᠭᠡ ᠦᠭᠡᠢ᠃ ᠬᠤᠵᠢᠮ ᠨᠢ ᠱᠠᠨ ᠰᠢ᠎ᠳᠤ ᠣᠴᠢᠵᠤ᠂ ᠤᠷᠠᠨ ᠭᠤᠶᠤ ᠬᠤᠸᠠᠷ ᠲᠠᠢ ᠪᠤᠤᠪᠤ ᠵᠢ ᠣᠯᠵᠤ ᠦᠵᠡᠭᠡᠳ᠂ ᠮᠢᠨᠦ᠍ ᠰᠡᠳᠭᠢᠯ᠎ᠤᠨ ᠭᠦᠨ᠎ᠳᠡᠬᠢ ᠤᠷᠮ᠎ᠠ ᠪᠠᠬ᠎ᠠ ᠵᠢ ᠨᠢᠭᠡ ᠯᠡ ᠳᠣᠣᠷ᠎ᠠ  ᠬᠥᠭ᠌ᠵᠢᠭᠡᠵᠦ᠍᠂ ᠬᠠᠶᠠᠵᠤ ᠳᠡᠢᠯᠬᠦ ᠦᠭᠡᠢ ᠪᠣᠯᠴᠢᠬᠠᠵᠠᠢ》 ᠭᠡᠵᠤ ᠲᠠᠷᠠ ᠶᠠᠷᠢᠨ᠎ᠠ᠃

7 ᠵᠢᠯ᠎ᠦᠨ ᠡᠮᠦᠨ᠎ᠡ᠂ ᠸᠠᠩ ᠯᠢ ᠴᠢᠩ᠎ᠤᠨ ᠬᠤᠸᠠᠷ ᠲᠠᠢ ᠪᠤᠤᠪᠤ ᠵᠢᠨ ᠳᠡᠯᠭᠡᠭᠦᠷ ᠨᠡᠭᠡᠭᠡᠬᠦ ᠬᠦᠰᠡᠯ ᠨᠢ ᠪᠠᠶᠡᠯᠡᠭᠳᠡᠵᠡᠢ᠃ ᠲᠡᠷᠡ ᠰᠧᠴᠤᠸᠠᠨ᠎ᠳ᠋ᠤ ᠣᠴᠢᠭᠠᠳ ᠵᠢᠵᠢᠭ ᠠᠮᠢᠲᠠᠨ᠎ᠤ᠋ ᠳᠦᠷᠰᠦ ᠪᠦᠲᠦᠭᠡᠬᠦ ᠵᠢ ᠰᠤᠷᠤᠭᠰᠠᠨ ᠪᠦᠭᠡᠳ ᠱᠠᠨᠳᠦ᠋ᠩ᠎ᠳ᠋ᠦ᠍ ᠬᠦᠷᠴᠦ ᠵᠢᠮᠢᠰ ᠨᠣᠭᠣᠭᠠᠨ᠎ᠤ᠋ ᠰᠢᠭᠦᠰᠦ ᠪᠡᠷ ᠪᠤᠳᠤᠭ ᠤᠷᠤᠭᠤᠯᠬᠤ᠎ᠶᠢ ᠰᠤᠷᠤᠭᠠᠳ᠂ ᠶᠠᠷᠦ ᠨᠢ ᠲᠠᠰᠤᠯᠳᠠᠯ ᠦᠭᠡᠢ ᠰᠦᠪᠡᠭᠴᠢᠯᠡᠵᠦ ᠰᠤᠷᠤᠯᠴᠠᠭᠰᠠᠭᠠᠷ ᠢᠷᠡᠪᠠ᠃《ᠮᠢᠨᠦ᠍ ᠣᠳᠣ᠎ᠶ᠋ᠢᠨ ᠬᠡᠪ ᠨᠠᠮᠪᠠ ᠪᠤᠯ ᠠᠭᠤᠰᠤᠯᠴᠠᠭ᠍ᠰᠠᠨ ᠬᠡᠪ ᠨᠠᠮᠪᠠ᠎ᠪᠤᠯᠤᠨ᠎ᠠ᠂ ᠲᠣᠭ᠍ᠲᠠᠬᠤ᠎ᠶ᠋ᠢᠨ ᠰᠢᠪᠠᠷ ᠱᠤᠭᠤᠮᠠᠯ᠎ᠤᠨ ᠰᠠᠭᠤᠷᠢᠨ ᠳᠡᠭᠡᠷ᠎ᠡ ᠣᠯᠠᠨ ᠭᠠᠵᠠᠷ᠎ᠤᠨ ᠰᠢᠯᠢᠳᠡᠭ ᠤᠷ᠎ᠠ ᠮᠡᠷᠭᠡᠵᠢᠯ᠎ᠪᠤᠯᠤᠨ ᠭᠤᠸ᠎ᠠ ᠲᠠᠭᠠᠰᠢᠶᠠᠯ᠎ᠤᠨ ᠡᠯᠧᠮᠧᠨ᠋ᠲ᠎ᠢ ᠠᠭᠤᠰᠤᠯᠴᠠᠭᠤᠯᠵᠠᠢ》 ᠭᠡᠵᠦ ᠸᠠᠩ ᠯᠢ ᠴᠢᠩ ᠬᠠᠨᠤᠮᠵᠢᠲᠠᠢ ᠶᠠᠷᠢᠵᠦ ᠪᠠᠢᠯ᠎ᠠ᠃

ᠤᠯᠠᠭᠠᠨ ᠮᠣᠷᠢᠨ ᠵᠢᠯ᠎ᠤᠨ ᠴᠠᠭᠠᠨ ᠰᠠᠷ᠎ᠠ᠎ᠶ᠋ᠢᠨ ᠡᠮᠦᠨ᠎ᠡ ᠬᠤᠢᠨ᠎ᠠ᠂ ᠥᠯᠵᠡᠢ ᠬᠡᠢᠮᠤᠷᠢ᠎ᠵᠢ ᠪᠡᠯᠭᠡᠳᠡᠭᠰᠡᠨ ᠬᠤᠸᠠᠷ ᠲᠠᠢ ᠪᠤᠤᠪᠤ ᠨᠢ ᠵᠠᠬ᠎ᠠ ᠳᠡᠯᠭᠡᠭᠦᠷ᠎ᠳᠡᠭᠡᠷ᠎ᠡ ᠰᠠᠢᠨ ᠪᠤᠷᠤᠯᠠᠭᠤᠯᠤᠭᠳᠠᠵᠤ᠂ ᠸᠠᠩ ᠯᠢ ᠴᠢᠩ ᠡᠷ᠎ᠡ ᠨᠥᠬᠦᠷ ᠹᠠᠨ ᠫᠢᠩ ᠵᠢᠶᠦ᠋ᠨ ᠲᠠᠢ ᠪᠠᠨ ᠵᠢᠮᠢᠰ ᠨᠣᠭᠤᠭ᠎ᠠ᠎ᠶ᠋ᠢᠨ ᠱᠢᠭᠦᠰᠦ ᠰᠢᠬᠠᠬᠤ᠂ ᠭᠤᠯᠢᠷ ᠨᠤᠬᠤᠬᠤ᠂ ᠳᠦᠷᠰᠦ ᠱᠤᠭᠤᠬᠤ᠂ ᠴᠢᠮᠡᠭᠯᠡᠬᠦ ᠁ ᠵᠡᠷᠭᠡ ᠠᠵᠢᠯ᠎ᠢ ᠶᠠᠭᠠᠷᠠᠯᠲᠠᠶ ᠠᠲᠠᠯ᠎ᠠ ᠤᠷᠮ᠎ᠠ ᠵᠤᠷᠢᠬ ᠲᠠᠢ ᠬᠢᠵᠦ᠂ ᠲᠦᠷᠭᠡᠨ ᠭᠤᠪᠢᠭᠤᠯᠭ᠎ᠠ᠎ᠪᠠᠷ ᠤᠷᠠᠨ ᠭᠤᠶᠤ ᠪᠦᠲᠦᠭᠡᠯ᠎ᠢᠶᠠᠨ ᠪᠥᠬᠦ᠌ ᠤᠯᠤᠰ᠎ᠤᠨ ᠡᠯ᠎ᠡ ᠭᠠᠵᠠᠷ᠎ᠲᠤ ᠢᠯᠡᠭᠡᠵᠡᠢ᠃ ᠰᠤᠷᠪᠤᠯᠵᠢᠯᠠᠭ᠍ᠴᠢ ᠶᠠᠳᠠᠷᠠᠯᠲᠠᠢ ᠰᠠᠨᠠᠭᠳᠠᠵᠤ ᠪᠠᠢᠨ᠎ᠠ ᠤᠤ ᠭᠡᠵᠦ ᠸᠠᠩ ᠯᠢ ᠴᠢᠩ᠎ᠡᠴᠡ ᠠᠰᠠᠭᠤᠬᠤ᠎ᠳᠤ ᠲᠡᠷᠡ᠄ 《ᠪᠢ 20 ᠴᠠᠭ ᠠᠮᠠᠷᠠᠯ ᠦᠭᠡᠢ ᠠᠵᠢᠯᠯᠠᠭᠰᠠᠨ ᠴᠦ᠍ ᠶᠠᠳᠠᠷᠠᠯᠲᠠᠢ ᠰᠠᠨᠠᠭᠳᠠᠬᠤ ᠦᠭᠡᠢ᠃ ᠡᠨᠡ ᠪᠣᠯ ᠮᠢᠨᠦ᠍ ᠰᠡᠳᠭᠢᠯ᠎ᠤᠨ ᠭᠦᠨ᠎ᠠᠴᠠ᠎ᠪᠠᠨ ᠪᠠᠬᠠᠷᠬᠠᠵᠤ ᠬᠢᠳᠡᠭ ᠵᠦᠢᠯ ᠮᠥᠨ᠂ ᠨᠢᠭᠡ ᠰᠡᠳᠭᠢᠯ ᠬᠠᠨᠤᠮᠵᠢᠲᠠᠢ ᠪᠦᠲᠦᠭᠡᠯ᠎ᠭᠠᠷᠭᠠᠭᠰᠠᠨ ᠠᠮᠵᠢᠯᠲᠠ ᠪᠦᠲᠦᠮᠵᠢ᠎ᠶ᠋ᠢ ᠬᠡᠳᠦᠢ ᠵᠣᠭᠤᠰ ᠮᠦᠩᠬᠦ ᠪᠡᠷ ᠴᠦ᠍ ᠣᠷᠣᠯᠠᠭᠤᠯᠵᠤ ᠳᠡᠢᠯᠬᠦ ᠦᠭᠡᠢ》 ᠭᠡᠵᠦ᠍ ᠬᠡᠯᠡᠪᠡ᠃

ᠲᠣᠭ᠍ᠲᠠᠬᠤ ᠵᠢᠨ ᠭᠤᠯᠢᠷ ᠱᠤᠭᠤᠮᠠᠯ᠎ᠢ ᠨᠡᠩ ᠰᠠᠢᠲᠤᠷ ᠤᠯᠠᠮᠵᠢᠯᠠᠬᠤ᠎ᠶ᠋ᠢᠨ ᠲᠥᠯᠥᠭᠡ᠂ ᠸᠠᠩ ᠯᠢ ᠴᠢᠩ ᠤᠢ᠍ᠢᠷ᠎ᠠ᠎ᠶ᠋ᠢᠨ ᠵᠢᠯ᠎ᠤᠳ ᠲᠦ᠍ ᠰᠤᠷᠭᠠᠭᠤᠯᠢ᠂ ᠨᠡᠢᠭᠡᠮ ᠲᠣᠭᠤᠷᠢᠭ᠂ ᠬᠥᠳᠡᠭᠡ ᠲᠣᠰᠭᠤᠨ᠎ᠳᠤ ᠭᠦᠨᠵᠡᠭᠡᠢᠷᠡᠨ᠂ ᠡᠨᠡ ᠬᠦ᠌ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠷ᠎ᠠ ᠮᠡᠷᠭᠡᠵᠢᠯ᠎ᠢ ᠨᠡᠩ ᠤᠯᠠᠨ ᠬᠥᠮᠦᠰ᠎ᠲᠤ ᠦᠵᠡᠭᠦᠯᠵᠦ᠍᠂ ᠲᠠᠨᠢᠭᠤᠯᠵᠤ᠂ ᠣᠢᠯᠠᠭᠠᠭᠤᠯᠵᠤ᠂ ᠰᠤᠷᠭᠠᠵᠠᠢ᠃ ᠲᠡᠷᠡ᠄ 《ᠪᠢ ᠬᠥᠳᠡᠭᠡ ᠪᠠᠭᠤᠬᠤ ᠣᠨᠴᠠᠭᠠᠢ ᠳᠤᠷᠠᠲᠠᠢ᠂ ᠲᠣᠰᠭᠤᠨ᠎ᠤ ᠡᠭᠡᠴᠢ ᠳᠡᠭᠦᠦ ᠨᠠᠷ ᠮᠠᠰᠢ ᠪᠣᠷᠣᠭ᠍ᠵᠢᠭᠤᠨ ᠵᠠᠩ ᠲᠠᠢ᠂ ᠨᠠᠮ᠎ᠠ᠎ᠵᠢ ᠳᠠᠭᠠᠨ ᠰᠤᠷᠤᠯᠴᠠᠬᠤ ᠳᠤᠷᠠᠲᠠᠢ᠂ ᠲᠡᠳᠡᠨ᠎ᠳᠤ ᠬᠢᠴᠢᠶᠡᠯ ᠣᠷᠣᠬᠤ ᠪᠦᠷᠢ  ᠨᠠᠳᠠ᠎ᠳᠤ  ᠪᠠᠶᠠᠷ ᠪᠠᠶᠠᠰᠤᠯ ᠲᠠᠢ ᠰᠠᠨᠠᠭᠳᠠᠨ᠎ᠠ》 ᠭᠡᠵᠦ᠍ ᠪᠠᠢᠯ᠎ᠠ᠃

ᠵᠠᠷᠢᠮ ᠬᠦᠮᠦᠨ᠎ᠦ ᠬᠡᠯᠡᠬᠦ᠌᠎ᠪᠡᠷ ᠥᠪᠡᠷ᠎ᠦᠨ ᠳᠤᠷᠠᠲᠠᠢ ᠪᠠᠬᠠᠲᠠᠢ ᠦᠢᠯᠡᠰ᠎ᠢᠶᠡᠨ ᠡᠷᠢᠵᠦ᠍ ᠣᠯᠤᠭᠠᠳ ᠲᠡᠭᠦᠨ᠎ᠤ ᠪᠠᠨ ᠲᠦᠯᠦᠭᠡ ᠨᠢᠭᠡ ᠨᠠᠰᠤ᠎ᠪᠡᠷ ᠵᠢᠡᠨ ᠬᠦᠭᠡᠭᠡᠴᠡᠯᠳᠦᠬᠦ ᠪᠤᠯ ᠬᠦᠮᠦᠨ᠎ᠦ ᠬᠠᠮᠤᠭ᠎ᠤᠨ ᠰᠠᠢᠬᠠᠨ ᠨᠢᠭᠡ ᠨᠠᠰᠤᠨ᠎ᠤ ᠦᠩᠭᠡᠷᠡᠯᠲᠡ ᠭᠡᠨ᠎ᠡ᠃ ᠳᠤᠷᠠᠲᠠᠢ ᠪᠠᠬᠠᠲᠠᠢ ᠪᠤᠯᠬᠤᠷ ᠸᠠᠩ ᠯᠢ ᠴᠢᠩ᠎ᠤᠨ ᠠᠮᠢᠳᠤᠷᠠᠯ ᠤᠳᠬ᠎ᠠ ᠠᠭᠤᠯᠭ᠎ᠠ ᠲᠠᠢ᠂ ᠦᠨ᠎ᠡ ᠦᠷᠲᠡᠭ ᠲᠠᠢ᠃ ᠮᠦᠨ ᠴᠦ᠍ ᠬᠥᠮᠥᠰ᠎ᠤᠨ ᠦᠶ᠎ᠡ᠎ᠶ᠋ᠢᠨ ᠦᠶ᠎ᠡ᠎ᠳᠤ ᠤᠯᠠᠮᠵᠢᠯᠠᠬᠤ ᠳᠤᠷ᠎ᠠ ᠪᠠᠬ᠎ᠠ᠎ᠠᠴᠠ ᠪᠣᠯᠵᠤ᠂ ᠡᠷᠲᠡᠨ᠎ᠤ ᠭᠤᠯᠢᠷ ᠱᠤᠭᠤᠮᠠᠯ᠎ᠤᠨ ᠤᠷᠠᠯᠢᠭ ᠳᠤᠮᠳᠠᠳᠤ᠎ᠶ᠋ᠢᠨ ᠡᠬᠡ ᠭᠠᠵᠠᠷ᠎ᠲᠤ ᠦᠨᠳᠦᠰᠦᠯᠡᠨ᠂ ᠭᠡᠷᠡᠯ ᠭᠢᠯᠪᠠᠭ᠎ᠠ ᠪᠠᠨ ᠰᠠᠴᠤᠷᠠᠭᠤᠯᠵᠤ ᠪᠠᠢᠨ᠎ᠠ᠃



QQ20260520-100613.png


ᠭᠤᠯᠢᠷ ᠵᠢᠡᠷ ᠰᠠᠷᠭᠠᠢ ᠴᠡᠴᠡᠭ ᠤᠷᠠᠯᠠᠨ᠎ᠠ


QQ20260520-100603.png


ᠬᠤᠸᠠᠷ ᠲᠠᠢ ᠪᠤᠤᠪᠤ ᠪᠡᠷ ᠢᠷᠦᠭᠡᠯ ᠵᠦᠩᠨᠡᠯ ᠎ᠢ ᠢᠯᠡᠳᠭᠡᠨ᠎ᠡ


QQ20260520-100627.png


ᠬᠤᠸᠠᠷ ᠲᠠᠢ ᠪᠤᠤᠪᠤ ᠵᠢ ᠤᠷᠠᠯᠠᠵᠤ ᠨᠡᠢᠯᠡᠭᠦᠯᠦᠨ᠎ᠡ


QQ20260520-100716.png


ᠭᠤᠯᠢᠷ ᠱᠤᠭᠤᠮᠠᠯ


QQ20260520-100732.png


ᠬᠤᠷᠤᠭᠤᠨ ᠡᠷᠳᠡᠮ᠎ᠤᠨ  ᠤᠷᠠᠯᠢᠬ


QQ20260520-100739.png


ᠰᠢᠨ᠎ᠡ ᠰᠣᠷᠭᠤᠭ ᠵᠢᠮᠢᠰ ᠨᠣᠭᠤᠭ᠎ᠠ᠎ᠪᠡᠷ ᠪᠤᠳᠤᠭ ᠤᠷᠤᠭᠤᠯᠤᠨ᠎ᠠ


QQ20260520-100849.png


ᠸᠠᠩ ᠯᠢ ᠴᠢᠩ ᠬᠡᠦᠭᠡᠳ᠎ᠤᠳ᠎ᠲᠤ ᠭᠤᠯᠢᠷ ᠱᠤᠭᠤᠮᠠᠯ ᠬᠢᠬᠦ ᠵᠢ ᠵᠢᠭᠠᠨ᠎ᠠ


QQ20260520-100835.png


ᠱᠠᠪᠢ ᠳ᠋ᠠᠭᠠᠨ ᠬᠤᠸᠠᠷ ᠲᠠᠢ ᠪᠤᠤᠪᠤ ᠬᠢᠬᠦ ᠤᠷ᠎ᠠ ᠮᠡᠷᠭᠡᠵᠢᠯ᠎ᠢ ᠵᠢᠭᠠᠨ᠎ᠠ


QQ20260520-100842.png


ᠤᠷᠠᠯᠠᠵᠤ ᠨᠡᠢᠯᠡᠭᠦᠯᠦᠨ᠎ᠡ


QQ20260520-100849.png


ᠬᠡᠦᠬᠡᠳ᠎ᠤᠳ ᠭᠤᠯᠢᠷ ᠱᠤᠭᠤᠮᠠᠯ ᠬᠢᠬᠦ ᠵᠢ ᠰᠤᠷᠤᠨ᠎ᠠ


QQ20260520-100823.png


ᠰᠡᠳᠬᠢᠯ ᠲᠦᠪᠯᠡᠷᠡᠭᠦᠯᠦᠨ ᠬᠤᠸᠠᠷ ᠲᠠᠢ ᠪᠤᠤᠪᠤ ᠤᠷᠠᠯᠠᠨ᠎ᠡ



ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠭᠦᠮ ᠮᠡᠳᠡᠯᠭᠡ

ᠭᠤᠯᠢᠷ ᠱᠤᠭᠤᠮᠠᠯ (ᠲᠣᠭ᠍ᠲᠠᠬᠤ ᠵᠢᠨ ᠭᠤᠯᠢᠷ᠎ᠱᠤᠭᠤᠮᠠᠯ) 2015 ᠣᠨ᠎ᠳᠤ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠤᠨ ᠨᠡᠷᠡᠰ᠎ᠤᠨ ᠵᠢᠭ᠍ᠰᠠᠭᠠᠯᠲᠠ᠎ᠶ᠋ᠢᠨ ᠥᠷᠭᠡᠳᠭᠡᠭ᠌ᠰᠡᠨ ᠲᠥᠷᠥᠯ ᠵᠦᠢᠯ᠎ᠳᠤ ᠰᠣᠩᠭᠤᠭ᠍ᠳᠠᠪᠠ᠃ ᠲᠣᠭ᠍ᠲᠠᠬᠤ ᠱᠢᠶᠠᠨ᠎ᠤ ᠭᠤᠯᠢᠷ ᠱᠤᠭᠤᠮᠠᠯ ᠭᠤᠣᠯᠳᠠᠭᠤ ᠬᠦᠮᠦᠨ᠎ᠤ ᠱᠤᠭᠤᠮᠠᠯ᠂ ᠴᠢᠪᠠᠭ᠎ᠠ ᠲᠠᠢ ᠳᠠᠪᠬᠤᠷᠯᠠᠭᠰᠠᠨ ᠪᠤᠤᠪᠤ᠂ ᠬᠠᠪᠤᠷ᠎ᠤᠨ ᠬᠠᠷᠢᠶᠠᠴᠠᠢ ᠵᠡᠷᠭᠡ ᠪᠠᠢᠵᠤ᠂ ᠪᠠᠷᠤᠭ 300 ᠵᠢᠯ ᠤᠯᠠᠮᠵᠢᠯᠠᠭᠳᠠᠵᠤ ᠪᠠᠢᠨ᠎ᠠ᠃ ᠲᠣᠭ᠍ᠲᠠᠬᠤ ᠱᠢᠶᠠᠨ᠎ᠤ ᠭᠤᠯᠢᠷ ᠱᠤᠭᠤᠮᠠᠯ ᠭᠤᠣᠯᠳᠠᠭᠤ ᠪᠠᠶᠠᠷ ᠳᠤᠷᠠᠰᠬᠠᠯ᠎ᠤᠨ ᠡᠳᠦᠷ᠎ᠤᠨ ᠭᠤᠯᠢᠷ ᠱᠤᠭᠤᠮᠠᠯ᠂ ᠲᠠᠬᠢᠯᠭ᠎ᠠ᠎ᠶ᠋ᠢᠨ ᠭᠤᠯᠢᠷ ᠱᠤᠭᠤᠮᠠᠯ ᠪᠠ ᠶᠣᠰᠣᠯᠠᠯ᠎ᠤᠨ ᠭᠤᠯᠢᠷ ᠱᠤᠭᠤᠮᠠᠯ ᠵᠡᠷᠭᠡ ᠬᠡᠯᠪᠡᠷᠢ᠎ᠪᠠᠷ ᠳᠡᠯᠭᠡᠷᠡᠵᠦ᠍᠂ ᠲᠤᠬᠠᠢ᠎ᠶ᠋ᠢᠨ ᠭᠠᠵᠠᠷ᠎ᠤᠨ ᠵᠠᠩ ᠦᠢᠯᠡ᠎ᠶ᠋ᠢ ᠰᠤᠳᠤᠯᠬᠤ᠎ᠳᠤ ᠣᠮᠲᠣᠭᠠᠢᠯᠠᠵᠤ ᠪᠣᠯᠣᠰᠢ ᠦᠭᠡᠢ ᠮᠠᠲ᠋ᠧᠷᠢᠶᠠᠯ ᠪᠣᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号