ᠮᠤᠨᠭᠭᠤᠯ ᠠᠷᠠᠰᠤᠨ ᠤᠷᠠᠯᠠᠯ ᠲᠡᠦᠭᠡ ᠵᠢᠨ ᠰᠢᠨ᠎ᠠ ᠬᠠᠭᠤᠳᠠᠰᠤ ᠵᠢ ᠪᠢᠴᠢᠭᠯᠡᠨ᠎ᠠ
2026-04-22 11:38:28
ᠵᠣᠬᠢᠶᠠᠭ᠍ᠴᠢ᠄
​ ᠯᠢ ᠵᠦᠸᠸ ᠸᠠᠩ ᠰᠢᠶᠤᠤ ᠪᠦᠸᠸ ᠸᠠᠩ ᠫᠸᠩ
ᠣᠩᠱᠢᠭ᠍ᠰᠠᠨ ᠣᠳᠠᠭ᠎ᠠ᠄
★★★☆☆

ᠬᠦᠯᠦᠨ ᠪᠤᠢᠷ ᠬᠤᠳᠠ ᠵᠢᠨ ᠬᠠᠢᠯᠠᠷ ᠲᠤᠭᠤᠷᠢᠭ᠎ᠤᠨ ᠭᠦᠯᠦᠨ ᠪᠤᠢᠷ ᠬᠠᠭᠤᠴᠢᠨ ᠬᠤᠳᠠ ᠵᠢᠨ ᠲᠤᠳᠤᠷ᠎ᠠ 《ᠲᠠᠷᠭᠤᠨᠭᠦᠦ ᠦᠨᠳᠦᠰᠦᠳᠡᠨ ᠎ᠤ ᠠᠷᠠᠰᠤᠨ ᠤᠷᠠᠯᠠᠯ》 ᠭᠡᠭᠦ ᠲᠡᠯᠭᠡᠭᠦᠷ ᠪᠠᠢᠳᠠᠭ᠃ ᠡᠪᠦᠯ᠎ᠤᠨ ᠨᠢᠭᠡᠨ ᠦᠷᠯᠦᠭᠡ ᠰᠤᠷᠪᠤᠯᠵᠢᠯᠠᠭᠴᠢ ᠲᠤᠰ ᠲᠡᠯᠭᠡᠭᠦᠷ ᠲᠤ᠌ ᠬᠦᠷᠪᠡᠯ ᠦᠪᠡᠷᠳᠡᠭᠡᠨ ᠵᠠᠰᠠᠬᠤ ᠤᠷᠤᠨ ᠎ᠤ ᠵᠢᠷᠤᠭ ᠤᠷᠠᠯᠢᠭ᠎ᠤᠨ ᠶᠡᠭᠡ ᠪᠠᠭᠰᠢ ᠰᠦᠯᠳᠡ ᠪᠡᠷ ᠰᠤᠷᠤᠭᠴᠢ ᠴᠡᠨᠭᠭᠡᠷ ᠵᠢᠡᠨ ᠵᠢᠭᠠᠨ ᠵᠢᠯᠤᠭᠤᠳᠴᠦ ᠠᠷᠠᠰᠤᠨ ᠤᠷᠠᠯᠠᠯ ᠲᠡᠭᠡᠷ᠎ᠠ ᠪᠤᠳᠤᠭ ᠤᠷᠤᠭᠤᠯᠵᠤ ᠪᠠᠢᠪᠠ᠃

《ᠡᠨᠡ ᠪᠤᠯ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠷᠦᠯ ᠵᠦᠢᠯ ᠪᠤᠯᠬᠤ ᠤᠷᠴᠤᠨ ᠦᠨᠳᠦᠰᠦᠳᠡᠨ᠎ᠤ ᠪᠤᠭᠤ ᠵᠢᠨ ᠠᠷᠠᠰᠤᠨ ᠪᠦᠳᠦᠭᠡᠯ᠎ᠤᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠮᠠᠨ ᠭᠦ ᠮᠸᠢ ᠵᠢᠨ ᠵᠢᠷᠤᠭ  ᠪᠠᠢᠵᠤ᠂ ᠪᠢᠳᠡᠡ ᠪ ᠵᠤᠭᠢᠶᠠᠨ ᠪᠦᠳᠦᠭᠡᠵᠤ ᠪᠠᠢᠭ᠎ᠠ ᠰᠢᠷᠢᠰ ᠵᠢᠷᠤᠭ 〈 ᠭᠦᠯᠦᠨ ᠪᠤᠢᠷ᠎ᠤᠨ ᠲᠤᠷᠠᠳᠬᠠᠯ 〉 ᠭᠡᠮᠡᠭᠦ ᠪᠦᠳᠦᠭᠡᠯ᠎ᠤᠨ ᠲᠤᠮᠳᠠᠭᠢ ᠨᠢᠭᠡᠨ ᠵᠢᠷᠤᠭ ᠪᠤᠯᠤᠨ᠎ᠠ᠃ ᠭᠦᠯᠦᠨ ᠪᠤᠢᠷ ᠲᠤ᠌ 48 ᠦᠨᠳᠦᠰᠦᠳᠡᠨ ᠠᠵᠤ ᠲᠦᠷᠦᠨ ᠠᠮᠢᠳᠤᠷᠠᠵᠤ ᠪᠠᠢᠳᠠᠭ᠃ ᠲᠤᠰ ᠰᠢᠷᠢᠰ ᠵᠢᠷᠤᠭ ᠪᠤᠯ ᠦᠨᠳᠦᠰᠦᠳᠡᠨ ᠎ᠤ ᠤᠨᠴᠠᠯᠢᠭ ᠪᠦᠭᠦᠢ ᠭᠡᠳᠦᠨ ᠨᠠᠰᠤᠳᠠᠨ᠎ᠤ ᠵᠢᠷᠤᠭ᠎ᠢ ᠰᠤᠨᠭᠭᠤᠵᠤ᠂ ᠲᠠᠳᠠᠨ ᠪ ᠨᠢᠭᠤᠷ ᠴᠢᠷᠠᠢ᠂ ᠬᠤᠪᠴᠠᠰᠤ ᠵᠠᠰᠠᠯ ᠵᠢᠡᠷ ᠲᠠᠮᠵᠢᠭᠤᠯᠤᠨ ᠴᠠᠭ ᠦᠶ᠎ᠡ ᠵᠢᠨ ᠲᠤᠷᠠᠳᠬᠠᠯ᠎ᠢ ᠲᠡᠮᠳᠡᠭᠯᠡᠭᠦ  ᠭᠡᠰᠡᠨ ᠶᠤᠮ 》 ᠭᠡᠵᠤ ᠰᠦᠯᠳᠡ ᠲᠠᠨᠢᠯᠴᠠᠭᠤᠯᠤᠨ᠎ᠠ᠃


QQ20260422-104958.png


ᠠᠷᠠᠰᠤᠨ ᠵᠢᠷᠤᠭ ᠲᠤ᠌ ᠪᠤᠳᠤᠭ ᠤᠷᠤᠭᠤᠯᠤᠨ᠎ᠠ


QQ20260422-105006.png


ᠰᠦᠯᠳᠡ ᠵᠤᠭᠢᠶᠠᠨ ᠪᠦᠳᠦᠭᠡᠯᠭᠡ ᠭᠢᠨ᠎ᠠ


QQ20260422-105017.png


ᠠᠷᠠᠰᠤᠨ ᠲᠡᠭᠡᠷ᠎ᠠ ᠵᠢᠷᠤᠭ  ᠵᠢᠷᠤᠨ᠎ᠠ


QQ20260422-105030.png


ᠰᠡᠢᠯᠦᠨ᠎ᠠ


QQ20260422-105100.png


ᠵᠢᠭᠤᠯᠴᠢᠯᠠᠭᠴᠢ ᠭᠦᠯᠦᠨ ᠪᠤᠢᠷ ᠡᠷᠳᠡᠨ ᠎ᠤ ᠬᠤᠳᠠ ᠵᠢᠨ ᠨᠢᠭᠡᠨ ᠠᠷᠠᠰᠤᠨ ᠵᠢᠷᠤᠭ᠎ᠤᠨ ᠤᠷᠳᠤᠨ᠎ᠳᠤ ᠲᠤᠭᠤᠷᠢᠵᠤ ᠪᠠᠢᠭ᠎ᠠ ᠨᠢ


QQ20260422-105146.png


ᠠᠷᠠᠰᠤᠨ ᠤᠷᠠᠯᠠᠯ᠎ᠤᠨ ᠪᠠᠶᠠᠨᠨᠠᠭᠤᠷ ᠬᠤᠳᠠ ᠵᠢᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠰᠢᠦᠢ ᠷᠦᠩ ᠠᠷᠠᠰᠤᠨ ᠤᠷᠠᠯᠠᠯ᠎ᠤᠨ ᠲᠡᠯᠭᠡᠭᠦᠷ ᠲᠡᠭᠡᠨ


QQ20260422-105140.png


ᠰᠦᠯᠳᠡ ᠠᠷᠠᠰᠤᠨ ᠵᠢᠷᠤᠭ ᠵᠢᠡᠨ ᠪᠠᠢᠴᠠᠭᠠᠨ ᠦᠵᠡᠨ᠎ᠠ


QQ20260422-105128.png


ᠰᠦᠯᠳᠡ ᠰᠤᠷᠤᠭᠴᠢᠳ ᠲᠠᠭᠠᠨ ᠮᠤᠨᠭᠭᠤᠯ ᠦᠨᠳᠦᠰᠦᠳᠡᠨ᠎ᠤ ᠠᠷᠠᠰᠤᠨ ᠤᠷᠠᠯᠠᠯ᠎ᠤᠨ ᠮᠡᠷᠭᠡᠵᠢᠯ ᠎ᠢ  ᠵᠢᠭᠠᠨ᠎ᠠ


QQ20260422-105119.png


ᠤᠶᠤᠵᠤ ᠪᠦᠳᠦᠭᠡᠨ᠎ᠠ


ᠤᠭᠠᠯᠵᠠ ᠰᠡᠢᠯᠦᠭᠰᠡᠨ ᠡᠮᠡᠭᠡᠯ᠂ ᠦᠤᠷᠰᠡᠨ ᠲᠠᠪᠭᠢᠬᠤ ᠠᠳᠤᠭᠤ᠂ ᠤᠭᠳᠠᠷᠭᠤᠢ᠎ᠳᠤ ᠬᠠᠯᠢᠬᠤ ᠪᠦᠷᠭᠦᠳ᠂ ᠮᠠᠯᠴᠢᠳ᠎ᠤᠨ ᠴᠢᠷᠠᠢ ᠁ ᠰᠦᠯᠳᠡ ᠵᠢᠨ ᠠᠷᠠᠰᠤᠨ ᠤᠷᠠᠯᠠᠯ᠎ᠤᠨ ᠪᠦᠳᠦᠭᠡᠯ ᠪᠤᠯᠭᠠᠨ᠎ᠳᠤ ᠭᠦᠯᠦᠨ ᠪᠤᠢᠷ᠎ᠤᠨ ᠲᠠᠯ᠎ᠠ ᠨᠤᠳᠤᠭ᠎ᠤᠨ ᠪᠠᠷ᠎ᠠ ᠬᠠᠷᠠᠭᠳᠠᠵᠤ᠂ ᠭᠦᠮᠦᠨ ᠪᠤᠯᠤᠨ ᠪᠠᠢᠭᠠᠯᠢ ᠡᠶ᠎ᠠ ᠨᠠᠢᠷᠠᠮᠳᠠᠭᠤ ᠤᠷᠤᠰᠢᠭᠰᠠᠨ ᠮᠠᠯᠵᠢᠬᠤ ᠠᠮᠢᠳᠤᠷᠠᠯ᠎ᠢ ᠰᠠᠢᠯᠵᠤ ᠵᠢᠷᠤᠭᠯᠠᠭᠰᠠᠨ ᠪᠠᠢᠳᠠᠭ᠃

2016 ᠤᠨ ᠎ᠳᠤ ᠰᠦᠯᠳᠡ ᠦᠪᠦᠷ ᠮᠤᠨᠭᠭᠤᠯ᠎ᠤᠨ ᠲᠠᠷᠭᠤᠨᠭᠦᠦ ᠦᠨᠳᠦᠰᠦᠳᠡᠨ ᠪ ᠤᠷᠠᠯᠢᠭ᠎ᠤᠨ ᠵᠢᠷᠤᠵᠤ ᠲᠦᠯᠦᠪᠯᠡᠭᠦ ᠭᠢᠵᠠᠭᠠᠷᠳᠤ ᠺᠤᠮᠫᠠᠨᠢ  ᠵᠢ ᠪᠠᠢᠭᠤᠯᠵᠤ᠂ ᠡᠮᠦᠨᠡᠭᠡᠨ ᠲᠤᠰ ᠺᠤᠮᠫᠠᠨᠢ ᠨᠢ ᠦᠪᠦᠷ ᠮᠤᠨᠭᠭᠤᠯ᠎ᠤᠨ ᠦᠪᠡᠷᠳᠡᠭᠡᠨ ᠵᠠᠰᠠᠬᠤ ᠤᠷᠤᠨ ᠎ᠤ ᠰᠤᠶᠤᠯ᠎ᠤᠨ ᠠᠵᠤ ᠦᠢᠯᠡᠰ᠎ᠤᠨ ᠵᠢᠱ᠌ᠢᠶ᠎ᠠ ᠦᠵᠡᠭᠦᠯᠭᠦ ᠰᠠᠭᠤᠷᠢᠨ ᠵᠢᠡᠷ ᠰᠤᠨᠭᠭᠤᠭᠳᠠᠵᠠᠢ᠃ ᠤᠢᠷ᠎ᠠ ᠵᠢᠨ 10 ᠵᠢᠯ᠎ᠤᠨ ᠲᠤᠷᠰᠢ᠂ ᠰᠦᠯᠳᠡ 50 ᠭᠠᠷᠤᠢ ᠤᠳᠠᠭ᠎ᠠ ᠰᠦᠢᠳᠭᠡᠯ ᠬᠤᠷᠢᠶᠠᠬᠤ ᠦᠭᠡᠢ ᠪᠤᠯᠪᠠᠰᠤᠷᠠᠯ᠎ᠤᠨ ᠠᠩᠭᠢ ᠡᠷᠭᠢᠯᠡᠵᠤ᠂  ᠪᠦᠰᠡᠭᠦᠢ ᠪᠠᠢ  ᠶᠦᠩ ᠵᠢᠶᠸ ᠲᠠᠢ ᠪᠠᠨ  ᠡᠯ᠎ᠠ ᠠᠵᠢᠯ ᠲᠦᠷᠦᠯ ᠡᠴᠡ ᠢᠷᠡᠭᠰᠡᠨ 2300 ᠭᠠᠷᠤᠢ ᠰᠤᠷᠤᠭᠴᠢ ᠵᠢ ᠪᠤᠯᠪᠠᠰᠤᠷᠠᠭᠤᠯᠵᠤ᠂ ᠭᠦᠯᠦᠨ ᠪᠤᠢᠷ ᠲᠤ᠌ ᠨᠠᠢᠳᠠ 7 ᠠᠵᠢᠯᠯᠠᠬᠤ ᠦᠷᠦᠭᠡ ᠪᠠᠢᠭᠤᠯᠪᠠ᠃ ᠲᠠᠳᠠ ᠪᠠᠰᠠ ᠭᠦᠯᠦᠨ ᠪᠤᠢᠷ᠎ᠤᠨ ᠠᠵᠢᠯ ᠮᠡᠷᠭᠡᠵᠢᠯ᠎ᠤᠨ ᠲᠡᠭᠡᠳᠦ ᠰᠤᠷᠭᠠᠭᠤᠯᠢ᠎ᠳᠤ ᠵᠤᠴᠢᠮᠠᠳ ᠫᠷᠤᠹᠸᠰᠰᠤᠷ ᠵᠢᠡᠷ ᠤᠷᠢᠭᠳᠠᠵᠤ᠂ ᠠᠷᠠᠰᠤᠨ ᠤᠷᠠᠯᠠᠯ ᠠᠷᠠᠰᠤᠨ ᠰᠡᠢᠯᠦᠮᠡᠯ᠎ᠤᠨ ᠭᠢᠴᠢᠶᠠᠯᠯᠡᠭᠡ  ᠭᠢᠵᠤ  ᠪᠤᠢ᠃

《ᠪᠤᠯᠪᠠᠰᠤᠷᠠᠯ ᠵᠢᠡᠷ ᠲᠠᠮᠵᠢᠭᠠᠳ ᠰᠤᠷᠤᠭᠴᠢᠳ ᠪᠦᠷ ᠪᠠᠶ᠎ᠠ ᠪᠠᠨ ᠲᠠᠭᠠᠭᠠᠵᠤ ᠤᠷᠠᠯᠠᠵᠤ ᠴᠢᠳᠠᠬᠤ ᠪᠤᠯᠪᠠ᠃ ᠪᠦᠷᠢᠨ ᠪᠤᠰᠤ ᠪᠦᠷᠢᠳᠭᠡᠯ᠎ᠢ ᠦᠨᠳᠦᠰᠦᠯᠡᠪᠠᠯ᠂ ᠪᠢᠳᠡᠨ᠎ᠤ ᠰᠤᠷᠤᠭᠴᠢ ᠡᠴᠡ 900 ᠭᠠᠷᠤᠢ ᠨᠢ ᠮᠠᠯᠴᠢᠨ ᠪᠠᠢᠵᠤ᠂ ᠠᠵᠢᠯ᠎ᠤᠨ ᠵᠢᠡᠨ ᠵᠠᠪ ᠴᠢᠯᠦᠭᠡ ᠪᠡᠷ ᠠᠷᠠᠰᠤᠨ ᠤᠷᠠᠯᠠᠯ᠎ᠤᠨ ᠪᠦᠳᠦᠭᠡᠭᠳᠡᠭᠦᠨ ᠵᠢᠡᠨ ᠵᠠᠬ᠎ᠠ ᠲᠡᠯᠭᠡᠭᠦᠷ ᠲᠤ᠌ ᠠᠪᠠᠴᠢᠨ ᠪᠤᠷᠤᠯᠠᠭᠤᠯᠵᠤ ᠤᠷᠤᠯᠭ᠎ᠠ ᠪᠠᠨ ᠨᠡᠮᠡᠭᠳᠡᠭᠦᠯᠵᠤ ᠪᠤᠢ᠃ ᠪᠠᠰᠠ 600 ᠭᠠᠷᠤᠢ ᠨᠢ ᠰᠤᠷᠤᠭᠴᠢ ᠪᠠᠢᠵᠤ᠂  ᠨᠢᠭᠡ ᠪᠦᠯᠦᠭ ᠨᠢ ᠲᠡᠭᠦᠰᠦᠭᠰᠡᠨ ᠎ᠤ ᠲᠠᠷᠠᠭ᠎ᠠ ᠬᠠᠮᠢᠶ᠎ᠠ ᠪᠦᠭᠦᠢ ᠭᠦᠷᠢᠶ᠎ᠠ ᠴᠠᠷᠠᠭᠠᠨ᠎ᠳᠤ ᠠᠵᠢᠯ ᠤᠯᠤᠭᠰᠠᠨ ᠪᠠᠢᠨ᠎ᠠ》 ᠭᠡᠵᠤ ᠰᠦᠯᠳᠡ ᠲᠠᠨᠢᠯᠴᠠᠭᠤᠯᠤᠨ᠎ᠠ᠃ ᠭᠦᠯᠦᠨ ᠪᠤᠢᠷ ᠎ᠤᠨ ᠠᠷᠠᠰᠤᠨ ᠤᠷᠠᠯᠠᠯ᠎ᠤᠨ ᠪᠦᠳᠦᠭᠡᠭᠳᠡᠭᠦᠨ ᠎ᠤ 80% ᠵᠢᠨ ᠭᠡᠷᠡᠭᠯᠡᠭᠴᠢ ᠨᠢ ᠪᠦᠷ ᠲᠤᠮᠳᠠᠳᠤ ᠭᠠᠳᠠᠭᠠᠳᠤ ᠵᠢᠨ ᠵᠢᠭᠤᠯᠴᠢᠯᠠᠭᠴᠢ ᠪᠠᠢᠵᠤ᠂ ᠭᠦᠭᠵᠢᠯᠳᠡ ᠵᠢᠨ ᠢᠷᠡᠭᠡᠳᠦᠢ ᠮᠠᠰᠢ ᠰᠠᠷᠠᠭᠤᠯ ᠠᠵᠤ ᠦᠢᠯᠡᠰ ᠪᠤᠯᠤᠨ᠎ᠠ ᠭᠡᠵᠤ ᠲᠠᠷᠠ ᠭᠡᠯᠡᠨ᠎ᠠ᠃

ᠤᠯᠠᠨ ᠵᠢᠯ᠎ᠤᠨ ᠲᠤᠷᠰᠢ ᠰᠦᠯᠳᠡ ᠲᠤᠰ ᠮᠡᠷᠭᠡᠵᠢᠯ᠎ᠢ ᠤᠯᠠᠮᠵᠢᠯᠠᠨ ᠵᠠᠯᠭᠠᠮᠵᠢᠯᠠᠬᠤ ᠪᠠ ᠭᠦᠭᠵᠢᠭᠦᠯᠦᠨ ᠪᠠᠳᠠᠷᠠᠭᠤᠯᠬᠤ ᠲᠠᠯ᠎ᠠ ᠪᠡᠷ ᠴᠢᠷᠮᠠᠢᠨ ᠠᠵᠢᠯᠯᠠᠵᠤ᠂ ᠪᠦᠳᠦᠭᠡᠯ᠎ᠳᠡᠭᠡᠨ ᠴᠠᠭ ᠦᠶ᠎ᠠ  ᠵᠢᠨ ᠠᠭᠤᠯᠬᠤᠨ᠎ᠢ  ᠠᠭᠤᠰᠬᠠᠵᠠᠢ᠃ 《ᠤᠭᠠᠯᠵᠠ ᠰᠡᠢᠯᠦᠭᠰᠡᠨ ᠡᠮᠡᠭᠡᠯ》 ᠭᠡᠭᠦ ᠲᠠᠭᠤᠤ ᠡᠴᠡ ᠰᠡᠨᠭᠭᠡᠷᠡᠭᠦᠯᠦᠯ ᠤᠯᠵᠤ᠂ 2022 ᠤᠨ ᠎ᠳᠤ ᠰᠦᠯᠳᠡ ᠠᠳᠠᠯᠢ ᠨᠠᠷ᠎ᠠ ᠲᠠᠢ ᠪᠦᠳᠦᠭᠡᠯ ᠵᠢᠡᠨ ᠤᠷᠠᠯᠠᠵᠤ᠂ ᠬᠤᠶᠠᠳᠤᠭᠠᠷ ᠬᠤᠭᠤᠴᠠᠭᠠᠨ ᠎ᠤ ᠲᠤᠮᠳᠠᠳᠤ ᠤᠯᠤᠰ᠎ᠤᠨ ᠤᠷᠠᠯᠢᠭ ᠤᠷᠠᠨ ᠵᠢᠷᠤᠭ᠎ᠤᠨ ᠦᠵᠡᠰᠭᠦᠯᠡᠩ᠎ᠳᠤ ᠤᠷᠤᠯᠴᠠᠭᠠᠳ ᠱᠠᠨᠭᠨᠠᠯ ᠤᠯᠤᠭᠰᠠᠨ ᠪᠠᠢᠨ᠎ᠠ᠃ 《ᠪᠢᠳᠡ ᠡᠮᠡᠭᠡᠯ ᠎ᠤᠨ ᠭᠡᠯᠪᠠᠷᠢ ᠲᠠᠢ  ᠲᠦᠯᠭᠢᠭᠦᠷ᠎ᠤᠨ ᠵᠡᠭᠦᠯᠳᠡ᠂ ᠭᠦᠯᠳᠡᠭᠡᠭᠦᠷ᠎ᠤᠨ ᠨᠠᠭᠠᠯᠳᠠ᠂ ᠴᠢᠮᠡᠭᠯᠡᠯ᠎ᠤᠨ ᠡᠳ᠋ ᠵᠡᠷᠭᠡ 200 ᠭᠠᠷᠤᠢ ᠲᠦᠷᠦᠯ ᠵᠦᠢᠯ᠎ᠤᠨ ᠪᠦᠳᠦᠭᠡᠭᠳᠡᠭᠦᠨ᠎ᠢ ᠦᠢᠯᠡᠳᠴᠦ᠂ ᠬᠠᠮᠢᠶ᠎ᠠ ᠪᠦᠭᠦᠢ ᠵᠢᠭᠤᠯᠴᠢᠯᠠᠯ᠎ᠤᠨ ᠠᠵᠤ ᠠᠬᠤᠢᠯᠠᠯ ᠲᠠᠢ ᠬᠠᠮᠳᠤᠷᠠᠨ ᠠᠵᠢᠯᠯᠠᠵᠤ᠂ ᠨᠡᠩ ᠤᠯᠠᠨ ᠭᠦᠮᠦᠨ ᠎ᠳᠤ ᠮᠤᠨᠭᠭᠤᠯ ᠰᠤᠶᠤᠯ᠎ᠢ ᠤᠬᠠᠭᠤᠯᠤᠨ ᠲᠠᠨᠢᠭᠤᠯᠤᠭᠰᠠᠨ》 ᠭᠡᠵᠤ ᠰᠦᠯᠳᠡ ᠶᠠᠷᠢᠨ᠎ᠠ᠃

ᠠᠵᠢᠯᠯᠠᠬᠤ ᠦᠷᠦᠭᠡᠨ᠎ᠳᠡᠭᠡᠨ ᠰᠦᠯᠳᠡ ᠠᠷᠠᠰᠤᠨ ᠭᠠᠳᠠᠷ ᠲᠠᠢ ᠴᠤᠮᠤ ᠵᠢ ᠰᠤᠷᠪᠤᠯᠵᠢᠯᠠᠭᠴᠢ᠎ᠳᠤ ᠲᠠᠨᠢᠯᠴᠠᠭᠤᠯᠪᠠ᠃ 《ᠡᠨᠡ ᠴᠤᠮᠤ ᠵᠢᠨ ᠠᠷᠠᠰᠤᠨ ᠭᠠᠳᠠᠷ ᠪᠤᠯ ᠮᠢᠨᠦ ᠠᠨᠭᠬ᠎ᠠ ᠭᠢᠭᠰᠡᠨ ᠭᠡᠷᠡᠭᠯᠡᠭᠡᠨᠳᠦ  ᠴᠢᠨᠠᠷ ᠲᠠᠢ ᠪᠦᠳᠦᠭᠡᠯ ᠪᠤᠯᠤᠨ᠎ᠠ᠃ ᠤᠳᠤ ᠨᠢᠭᠡᠨᠳᠡ ᠵᠢᠭᠠᠬᠤ ᠮᠠᠲᠸᠷᠢᠶᠠᠯ ᠪᠤᠯᠴᠢᠬᠠᠵᠠᠢ᠃ ᠪᠢᠳᠡ ᠴᠠᠭ ᠦᠶ᠎ᠠ ᠵᠢᠨ ᠠᠯᠬᠤᠭ᠎ᠠ ᠵᠢ ᠲᠠᠭᠠᠵᠤ᠂ ᠲᠠᠰᠤᠷᠠᠯᠳᠠ ᠦᠭᠡᠢ ᠰᠢᠨ᠎ᠠ ᠵᠢ ᠡᠭᠦᠳᠴᠦ᠂ ᠰᠢᠨᠵᠢᠯᠡᠭᠡ ᠮᠡᠷᠭᠡᠵᠢᠯ ᠎ᠢ ᠠᠰᠢᠭᠯᠠᠨ ᠰᠢᠨ᠎ᠠ ᠪᠦᠳᠦᠭᠡᠯ ᠤᠷᠠᠯᠠᠬᠤ ᠪᠤᠯᠤᠨ᠎ᠠ》 ᠭᠡᠵᠤ ᠰᠦᠯᠳᠡ ᠶᠠᠷᠢᠨ᠎ᠠ᠃

《ᠡᠳᠡᠭᠡᠷ ᠵᠢᠯ᠎ᠤᠳ ᠲᠤ᠌ ᠮᠢᠨᠦ ᠰᠤᠷᠤᠭᠴᠢᠳ ᠤᠯᠤᠰ᠎ᠤᠨ ᠲᠡᠰ᠎ᠤᠨ ᠱᠠᠨᠭᠨᠠᠯ᠎ᠢ 10 ᠭᠠᠷᠤᠢ ᠭᠦᠷᠳᠡᠵᠤ᠂ ᠦᠪᠡᠷᠳᠡᠭᠡᠨ ᠵᠠᠰᠠᠬᠤ ᠤᠷᠤᠨ ᠪ ᠲᠡᠰ᠎ᠤᠨ ᠱᠠᠨᠭᠨᠠᠯ᠎ᠢ 40 ᠭᠠᠷᠤᠢ ᠤᠳᠠᠭ᠎ᠠ ᠭᠦᠷᠳᠡᠵᠡᠢ᠃ ᠱᠠᠪᠢ ᠴᠢᠨᠢ ᠪᠠᠭᠰᠢ ᠡᠴᠡ ᠪᠠᠨ ᠲᠠᠪᠠᠵᠠᠢ ᠭᠡᠵᠤ ᠵᠠᠷᠢᠮ ᠭᠦᠮᠦᠰ ᠨᠠᠳᠠ ᠵᠢ ᠱᠤᠤᠯᠠᠵᠤ ᠪᠠᠢᠳᠠᠭ᠃ ᠬᠠᠷᠢᠨ ᠡᠭᠦᠨ᠎ᠳᠤ ᠪᠢ ᠤᠮᠤᠭᠰᠢᠳᠠᠭ᠃ ᠠᠷᠠᠰᠤᠨ ᠤᠷᠠᠯᠠᠯ᠎ᠤᠨ ᠮᠡᠷᠭᠡᠵᠢᠯ᠎ᠢ ᠤᠯᠠᠮᠵᠢᠯᠠᠵᠤ᠂ ᠨᠡᠩ ᠤᠯᠠᠨ ᠭᠦᠮᠦᠨ᠎ᠳᠤ ᠠᠷᠠᠰᠤᠨ ᠤᠷᠠᠯᠠᠯ᠎ᠢ ᠲᠠᠨᠢᠭᠤᠯᠬᠤ ᠪᠤᠯ ᠮᠢᠨᠦ ᠭᠦᠰᠡᠯ ᠮᠦᠷᠦᠭᠡᠳᠦᠯ ᠮᠦᠨ》 ᠭᠡᠵᠤ ᠰᠦᠯᠳᠡ ᠶᠠᠷᠢᠨ᠎ᠠ᠃

ᠤᠷᠠᠨ ᠲᠠᠷᠬᠠᠨ ᠎ᠤ ᠵᠤᠷᠢᠭ ᠰᠠᠨᠠᠭ᠎ᠠ᠂ ᠴᠠᠭ ᠦᠶ᠎ᠠ ᠲᠠᠢ ᠵᠠᠷᠭᠡᠪᠠᠷ ᠤᠷᠤᠭᠰᠢᠯᠠᠨ᠎ᠠ᠃ ᠦᠨᠢ ᠡᠷᠳᠡᠨ ᠎ᠤ ᠤᠷ᠎ᠠ ᠮᠠᠷᠭᠡᠵᠢᠯ  ᠰᠢᠨ᠎ᠠ ᠴᠠᠭ ᠦᠶ᠎ᠠ᠎ᠳᠤ ᠰᠢᠨ᠎ᠠ ᠠᠮᠢᠵᠢᠷᠠᠯ ᠵᠢᠡᠷ ᠪᠢᠯᠬᠠᠵᠤ᠂ ᠰᠠᠢᠨ ᠰᠠᠢᠬᠠᠨ ᠠᠮᠢᠳᠤᠷᠠᠯ᠎ᠢ ᠴᠢᠮᠡᠭᠯᠡᠨ᠎ᠠ ᠃


ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠭᠦᠮ ᠮᠡᠳᠡᠯᠭᠡ

ᠠᠷᠠᠰᠤᠨ ᠤᠷᠠᠯᠠᠯ (ᠮᠤᠨᠭᠭᠤᠯ ᠦᠨᠳᠦᠰᠦᠳᠡᠨ᠎ᠤ ᠠᠷᠠᠰᠤᠨ ᠤᠷᠠᠯᠠᠯ) ᠢ᠋ ᠪᠠᠰᠠ ᠠᠷᠠᠰᠤᠨ ᠰᠠᠢᠯᠦᠮᠠᠯ ᠵᠢᠷᠤᠭ ᠭᠡᠳᠡᠭ᠃ ᠲᠠᠷᠠ ᠨᠢ ᠮᠤᠨᠭᠭᠤᠯ ᠦᠨᠳᠦᠰᠦᠳᠡᠨ᠎ᠤ ᠤᠯᠠᠮᠵᠢᠯᠠᠯᠳᠤ ᠤᠷ᠎ᠠ ᠮᠠᠷᠭᠡᠵᠢᠯ ᠪᠠᠢᠵᠤ᠂ ᠮᠠᠯᠵᠢᠬᠤ ᠰᠤᠶᠤᠯ᠎ᠤᠨ ᠢᠮ ᠲᠠᠮᠠᠭ᠎ᠠ ᠵᠢ ᠠᠴᠢᠶᠠᠯᠠᠵᠤ ᠪᠠᠢᠳᠠᠭ᠃ ᠮᠤᠨᠭᠭᠤᠯ ᠦᠨᠳᠦᠰᠦᠳᠡᠨ ᠎ᠤ ᠠᠷᠠᠰᠤᠨ ᠤᠷᠠᠯᠠᠯ᠎ᠤᠨ ᠰᠡᠳᠦᠪ ᠰᠤᠨᠭᠭᠤᠯᠳᠠ ᠴᠢᠨᠭᠭ᠎ᠠ᠂ ᠤᠷᠠᠯᠠᠯ ᠨᠢ ᠨᠠᠷᠢᠨ ᠨᠢᠮᠪᠠᠢ᠂ ᠦᠢᠯᠡᠳᠭᠦ ᠶᠠᠪᠤᠴᠠ ᠨᠢ ᠪᠤᠳᠤᠯᠢᠶᠠᠨᠳᠠᠢ ᠪᠠᠢᠵᠤ᠂ ᠲᠦᠯᠦᠭᠡᠯᠡᠭᠦ ᠴᠢᠨᠠᠷᠳᠠᠢ ᠪᠦᠳᠦᠭᠡᠯ᠎ᠤᠨ ᠲᠦᠷᠦᠯ ᠵᠦᠢᠯ ᠤᠯᠠᠨ ᠪᠠᠢᠵᠤ᠂ ᠪᠦᠷ ᠠᠮᠢᠳᠤᠷᠠᠯ ᠡᠴᠡ ᠢᠷᠡᠯᠳᠡᠢ᠃ ᠠᠷᠠᠰᠤ ᠨᠤᠤᠰᠤᠨ ᠬᠤᠪᠴᠠᠰᠤ ᠵᠠᠰᠠᠯ᠂ ᠠᠷᠠᠰᠤᠨ ᠬᠠᠪᠳᠠᠭ᠎ᠠ᠂ ᠠᠷᠠᠰᠤᠨ ᠤᠷᠠᠯᠠᠯ ᠲᠠᠢ ᠡᠮᠡᠭᠡᠯ᠂ ᠵᠤᠭᠤᠰ᠎ᠤᠨ ᠴᠦᠨᠭᠭᠦ᠂ ᠠᠷᠠᠰᠤᠨ ᠠᠪᠳᠠᠷ᠎ᠠ᠂ ᠠᠷᠠᠰᠤᠨ ᠵᠢᠷᠤᠭ ᠵᠡᠷᠭᠡ ᠪᠠᠢᠳᠠᠭ᠃ ᠮᠤᠨᠭᠭᠤᠯ ᠦᠨᠳᠦᠰᠦᠳᠡᠨ ᠎ᠤ ᠠᠷᠠᠰᠤᠨ ᠤᠷᠠᠯᠠᠯ ᠨᠢ ᠪᠠᠭᠰᠢ ᠱᠠᠪᠢ ᠵᠢᠨ ᠭᠡᠯᠪᠠᠷᠢ ᠪᠡᠷ ᠤᠯᠠᠮᠵᠢᠯᠠᠭᠳᠠᠵᠤ᠂ ᠤᠳᠤᠬᠠᠨ᠎ᠳᠤ ᠨᠠᠯᠢᠶᠠᠳ ᠰᠠᠢᠨ ᠪᠠᠢᠵᠤ᠂ ᠱᠠᠪᠢ ᠪᠤᠯᠤᠨ ᠲᠤᠰ ᠠᠵᠢᠯ ᠲᠦᠷᠦᠯ᠎ᠢ ᠡᠷᠭᠢᠯᠡᠭᠴᠢ ᠲᠦᠮᠡ ᠭᠠᠷᠤᠢ ᠭᠦᠮᠦᠨ ᠪᠤᠢ᠃  2001 ᠤᠨ ᠎ᠳᠤ ᠠᠷᠠᠰᠤᠨ ᠤᠷᠠᠯᠠᠯ (ᠮᠤᠨᠭᠭᠤᠯ ᠦᠨᠳᠦᠰᠦᠳᠡᠨ ᠎ᠤ ᠠᠷᠠᠰᠤᠨ ᠤᠷᠠᠯᠠᠯ) ᠨᠢ ᠤᠯᠤᠰ᠎ᠤᠨ ᠲᠡᠰ᠎ᠤᠨ ᠪᠤᠳᠠᠰ᠎ᠤᠨ  ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯ᠎ᠤᠨ ᠨᠡᠷᠡᠰ᠎ᠤᠨ ᠵᠢᠭᠰᠠᠭᠠᠯ᠎ᠳᠤ  ᠪᠦᠷᠢᠳᠭᠡᠭᠳᠡᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号