ᠦᠷ᠎ᠤᠨ ᠨᠠᠷᠠᠨ᠎ᠤ ᠰᠠᠴᠤᠷᠠᠭ ᠤᠯᠠᠭᠠᠠᠮᠣᠳᠣ ᠵᠢᠨ ᠲᠠᠯ᠎ᠠ ᠨᠤᠲᠤᠭ᠎ᠢ ᠬᠡᠢᠭᠦᠯᠬᠦᠳᠤ ᠠᠯᠲᠠᠨᠪᠠᠭᠠᠨ᠎ᠠ᠎ᠶ᠋ᠢᠨ ᠡᠮᠡᠭᠡᠯ᠎ᠤᠨ ᠦᠢᠯᠡᠳᠭᠡᠯ ᠶᠠᠭᠠᠷᠠᠵᠤ ᠡᠬᠢᠯᠡᠯ᠎ᠡ᠃ ᠲᠡᠮᠡᠭᠡᠨ ᠶᠠᠰᠤᠨ ᠪᠠᠷᠢᠭᠤᠯ ᠲᠠᠢ ᠬᠢᠲᠤᠭ᠎ᠠ ᠪᠡᠷ ᠤᠯᠢᠶᠠᠰᠤᠨ ᠬᠠᠪᠲᠠᠰᠤ ᠵᠢ ᠵᠦᠰᠦᠬᠦ᠎ᠳᠤ ᠮᠣᠳᠣᠨ ᠦᠷᠦᠪᠳᠡᠰᠦ ᠠᠶᠠᠷ ᠠᠶᠠᠷ ᠭᠠᠵᠠᠷ ᠤᠨᠠᠵᠤ᠂ ᠡᠮᠡᠭᠡᠯ᠎ᠤᠨ ᠪᠦᠬᠦᠷᠭᠡ ᠵᠢᠨ ᠲᠤᠭᠤᠷᠢᠬ ᠬᠡᠯᠪᠡᠷᠢ ᠬᠠᠷᠠᠭᠠᠨ᠎ᠳᠤ ᠲᠤᠳᠤᠷᠠᠨ᠎ᠠ — ᠡᠨᠡ ᠪᠤᠯ ᠵᠠᠰᠠᠭ᠍ᠲᠤ ᠡᠮᠡᠭᠡᠯ ᠦᠨ ᠰᠦᠭ ᠰᠦᠨᠡᠰᠦ ᠪᠢᠯᠡ᠂ 《ᠭᠤᠷᠪᠠᠨ ᠲᠤᠭᠤᠷᠢᠬ ᠬᠤᠶᠠᠷ ᠲᠡᠭᠰᠢ ᠨᠢᠭᠡ ᠠᠪᠴᠠᠯᠳᠤᠯ》 ᠤ᠋ᠨ ᠳᠡᠭᠡᠳᠦᠰ᠎ᠤᠨ ᠰᠤᠷᠭᠠᠯ᠎ᠢ ᠵᠢᠷᠤᠮᠯᠠᠨ᠂ ᠵᠠᠭᠤᠨ ᠵᠢᠯ᠎ᠦᠨ ᠬᠥᠭ᠌ᠰᠢᠨ ᠮᠣᠳᠣ᠎ᠪᠡᠷ ᠡᠮᠡᠬᠡᠯ ᠦᠢᠯᠡᠳᠦᠨ᠎ᠡ᠃

ᠳᠡᠪᠲᠦᠭᠡᠭᠡᠳ ᠵᠦᠰᠦᠭᠰᠡᠨ ᠨᠤᠢᠳᠠᠨ ᠰᠤᠷ
ᠡᠨᠡ ᠬᠦ᠌ ᠠᠭᠤᠳᠠᠮ ᠲᠡᠨᠢᠭᠡᠷ ᠲᠠᠯ᠎ᠠ ᠨᠤᠲᠤᠭᠳᠡᠭᠡᠷᠡ ᠮᠣᠷᠢᠨ ᠡᠮᠡᠭᠡᠯ ᠪᠣᠯ ᠮᠠᠯᠴᠢᠨᠪᠠ ᠠᠭᠲᠠ ᠬᠦᠯᠦᠭ ᠤᠨ ᠬᠣᠭᠣᠷᠣᠨᠳᠣᠬᠢ ᠬᠣᠯᠪᠣᠭᠠᠰᠤ ᠪᠤᠯᠤᠨ᠎ᠠ᠂ ᠠᠯᠲᠠᠨᠪᠠᠭᠠᠨ᠎ᠠ᠎ᠶ᠋ᠢᠨ ᠬᠢᠨ ᠭᠤᠷᠪᠠᠨ ᠦᠶ᠎ᠡ᠎ᠪᠡᠷ᠎ᠢᠶᠡᠨ ᠤᠯᠠᠮᠵᠢᠯᠠᠯᠲᠤ ᠤᠷ᠎ᠠ ᠮᠡᠷᠭᠡᠵᠢᠯ᠎ᠢᠶᠠᠨ ᠤᠯᠠᠮᠵᠢᠯᠠᠵᠤ ᠵᠠᠯᠭᠠᠮᠵᠢᠯᠠᠨ᠂ ᠲᠠᠯ᠎ᠠ ᠨᠤᠲᠤᠭ ᠤᠨ ᠥᠷᠭᠡᠨ ᠠᠭᠤᠳᠠᠮ ᠢ ᠮᠣᠳᠣᠨᠳᠡᠭᠡᠷᠡ ᠰᠡᠢᠯᠵᠦ᠍ ᠢᠯᠡᠳᠭᠡᠨ᠂ ᠮᠠᠯᠴᠢᠨ ᠬᠥᠮᠦᠨ᠎ᠦ ᠣᠮᠣᠭ ᠰᠦᠷ ᠢ ᠰᠤᠷ ᠳᠡᠭᠡᠰᠦᠨ᠎ᠤ ᠡᠷᠴᠢᠮ᠎ᠳᠤ ᠬᠠᠷᠠᠭᠤᠯᠤᠨ᠎ᠠ᠃

ᠭᠠᠩᠭᠠᠩ ᠡᠮᠡᠭᠡᠯ
ᠵᠠᠰᠠᠭ᠍ᠲᠤ ᠡᠮᠡᠭᠡᠯ ᠮᠣᠳᠣᠨ ᠳᠠᠷᠬᠠᠨ᠂ ᠬᠠᠳᠭᠤᠮᠠᠯ ᠪᠠ ᠲᠡᠮᠦᠷᠯᠢᠭ ᠳᠠᠪᠲᠠᠬᠤ ᠵᠡᠷᠭᠡ ᠣᠯᠠᠨ ᠵᠦᠢᠯ᠎ᠤᠨ ᠤᠷ᠎ᠠ ᠮᠡᠷᠭᠡᠵᠢᠯ᠎ᠤᠨ ᠣᠶᠤᠨ ᠤᠬᠠᠭᠠᠨ᠎ᠢ ᠨᠢᠭ᠍ᠲᠠᠷᠠᠭᠤᠯᠤᠭ᠍ᠰᠠᠨ ᠵᠢᠡᠷ ᠮᠠᠲ᠋ᠧᠷᠢᠶᠠᠯ ᠰᠤᠩᠭᠤᠬᠤ ᠵᠢ ᠴᠢᠬᠤᠯᠠᠴᠢᠯᠠᠨ᠂ ᠬᠢᠴᠡ᠎ᠨᠢ ᠨᠠᠷᠢᠯᠢᠬ ᠭᠤᠶᠤ᠂ ᠲᠠᠭᠠᠲᠠᠢ ᠪᠦᠭᠡᠳ ᠪᠥᠬᠡ ᠪᠠᠢᠳᠠᠭ᠃ 2025 ᠣᠨ᠎ᠳᠤ ᠵᠠᠰᠠᠭ᠍ᠲᠤ ᠮᠣᠷᠢᠨ ᠡᠳ᠋ᠯᠡᠯ ᠦᠢᠯᠡᠳᠬᠦ᠌ ᠤᠷ᠎ᠠ ᠮᠡᠷᠭᠡᠵᠢᠯ᠎ᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ ᠤᠨ ᠥᠪ ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠤᠨ ᠨᠡᠷᠡᠰ᠎ᠤᠨ ᠵᠢᠭ᠍ᠰᠠᠭᠠᠯᠲᠠ ᠳᠤ ᠣᠷᠣᠭᠤᠯᠪᠠ᠃ ᠠᠯᠲᠠᠨᠪᠠᠭᠠᠨ᠎ᠠ ᠪᠣᠯ ᠡᠨᠡ ᠬᠦ᠌ ᠤᠷ᠎ᠠ ᠮᠡᠷᠭᠡᠵᠢᠯ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭ᠍ᠴᠢ ᠪᠣᠯᠤᠨ᠎ᠠ᠃ ᠡᠪᠦᠭᠡ᠂ ᠠᠪᠤ᠎ᠶᠢᠨ ᠵᠢᠡᠨ ᠨᠥᠯᠥᠭᠡ ᠬᠢᠭᠡᠳ ᠤᠯᠠᠮᠵᠢᠯᠠᠯ᠎ᠢ ᠬᠦᠷᠲᠡᠵᠦ᠍᠂ ᠲᠡᠷᠡᠬᠠᠷᠠᠬᠠᠨ ᠪᠠᠭᠠᠠ᠋ᠴᠠᠪᠠᠨ ᠡᠮᠡᠭᠡᠯ ᠬᠢᠬᠦ᠌ ᠮᠡᠷᠭᠡᠵᠢᠯ᠎ᠢ᠋ ᠰᠤᠷᠴᠠᠢ᠃ ᠠᠯᠲᠠᠨᠪᠠᠭᠠᠨ᠎ᠠ ᠠᠪᠤ ᠶᠢᠨ ᠵᠢᠡᠨ 30 ᠵᠢᠯ ᠬᠡᠷᠡᠭᠯᠡᠭᠰᠡᠨ ᠡᠮᠡᠭᠡᠯ᠎ᠢ ᠲᠡᠮᠲᠡᠷᠢᠭᠰᠡᠭᠡᠷ ᠄ 《ᠮᠠᠨ᠎ᠤ ᠮᠣᠩᠭᠣᠯ ᠦᠨᠳᠦᠰᠦᠲᠡᠨ ᠪᠣᠯ ᠮᠣᠷᠢᠲᠠᠨ ᠦᠨᠳᠦᠰᠦᠲᠡᠨ᠂ ᠪᠢ ᠡᠮᠡᠭᠡᠯᠳᠦ ᠳᠤᠷᠠᠲᠠᠢ》 ᠭᠡᠵᠦ ᠶᠠᠷᠢᠵᠦ ᠪᠠᠢᠯ᠎ᠠ᠃

ᠠᠯᠲᠠᠨᠪᠠᠭᠠᠨ᠎ᠠ ᠬᠠᠪᠴᠢᠭ ᠳᠡᠭᠡᠷ᠎ᠡ ᠳᠠᠷᠤᠭᠤᠯᠭ᠎ᠠ ᠤᠷᠤᠭᠤᠯᠤᠨ᠎ᠠ
ᠵᠠᠰᠠᠭ᠎ᠲᠤ ᠡᠮᠡᠭᠡᠯ᠎ᠢ ᠡᠯᠡᠰᠦᠨ᠎ᠳᠤ ᠤᠷᠭᠤᠳᠠᠭ ᠤᠳᠠ ᠮᠣᠳᠣ ᠪᠤᠶᠤ ᠬᠠᠢᠯᠠᠰᠤᠨ ᠮᠣᠳᠣ᠎ᠪᠠᠷ ᠬᠢᠵᠦ᠂ 《ᠭᠤᠷᠪᠠᠨ ᠲᠣᠭᠤᠷᠢᠭ ᠬᠤᠶᠠᠷ ᠲᠡᠭ᠌ᠰᠢ ᠨᠢᠭᠡ ᠠᠪᠴᠠᠯᠳᠤᠯ》᠎ᠤ᠋ᠨ ᠵᠠᠷᠴᠢᠮ᠎ᠢ ᠴᠢᠩᠭ᠎ᠠ ᠵᠢᠷᠤᠮᠯᠠᠨ᠂ ᠮᠠᠲ᠋ᠧᠷᠢᠶᠠᠯ ᠰᠣᠩᠭᠤᠬᠤ᠂ ᠵᠢᠩᠨᠡᠵᠦ ᠴᠢᠨᠠᠬᠤ᠂ ᠰᠡᠢᠯᠬᠦ᠌ ᠵᠡᠷᠭᠡ ᠠᠷᠪᠠᠨ ᠬᠤᠶᠠᠷ ᠠᠵᠢᠯ᠎ᠤᠨ ᠭᠤᠭᠴᠤᠭ᠎ᠠ ᠵᠢ ᠳᠠᠮᠵᠢᠳᠠᠭ᠃ ᠡᠮᠡᠭᠡᠯ ᠮᠣᠷᠢᠨ᠎ᠤ ᠵᠤᠳᠤᠡᠪᠲᠡᠢ ᠵᠣᠬᠢᠷᠠᠨ᠂ ᠳᠦᠷᠪᠡᠨ ᠬᠡᠰᠡᠭ ᠨᠢ ᠨᠢᠬᠲᠠ ᠠᠪᠴᠠᠯᠳᠤᠳᠠᠭ᠃ ᠳᠦᠷᠦᠭᠡ᠂ ᠳᠠᠷᠤᠭᠤᠯᠭ᠎ᠠ ᠵᠢ ᠬᠦᠷᠡᠯ ᠪᠤᠶᠤ ᠮᠥᠩᠭᠦᠨ ᠪᠣᠯᠬᠠᠳᠠᠰᠤᠪᠠᠷ ᠬᠢᠵᠦ᠂ ᠡᠭᠦᠯᠡᠨ ᠬᠡ ᠵᠡᠷᠭᠡ ᠬᠡ ᠤᠭᠠᠯᠵᠠ ᠪᠡᠷ ᠴᠢᠮᠡᠭ᠌ᠯᠡᠨᠡ᠂ ᠳᠠᠯᠢᠩᠢ ᠦᠬᠡᠷ᠎ᠤᠨ ᠠᠷᠠᠰᠤ ᠪᠡᠷᠳᠡᠪᠢᠰᠭᠡᠷ ᠪᠣᠯᠭᠠᠨ ᠡᠭᠦᠯᠡᠨ ᠬᠡ ᠵᠡᠷᠭᠡ᠎ᠶ᠋ᠢ ᠤᠷᠠᠯᠠᠵᠤ ᠬᠠᠳᠭᠤᠳᠠᠭ᠃ ᠡᠮᠡᠭᠡᠯ ᠨᠢᠭᠡᠪᠦᠷᠢ᠎ᠨᠢ ᠴᠥᠮ ᠲᠠᠯ᠎ᠠ ᠨᠤᠲᠤᠭ᠎ᠤᠨ ᠰᠣᠶᠣᠯ᠎ᠤᠨ ᠪᠣᠰᠤᠭ᠎ᠠ ᠴᠣᠭ᠍ᠴᠠᠲᠤ ᠵᠢᠷᠤᠭ ᠪᠣᠯᠣᠨ᠎ᠠ᠃

ᠡᠮᠡᠭᠡᠯ ᠦᠨ ᠪᠦᠬᠦᠷᠭᠡ ᠪᠤᠯᠤᠨ ᠬᠠᠪᠲᠠᠰᠤ ᠵᠢ ᠤᠭᠰᠠᠷᠠᠨ᠎ᠠ
《ᠰᠠᠭᠤᠬᠤ᠎ᠳᠤ ᠲᠠᠭᠠᠲᠠᠢ ᠡᠮᠡᠭᠡᠯ ᠦᠢᠯᠡᠳᠬᠦ᠎ᠳᠤ ᠳᠠᠪᠰᠡ ᠵᠢ ᠵᠠᠪᠠᠯ ᠪᠥᠬᠡ ᠬᠢᠬᠦ ᠬᠡᠷᠡᠭᠲᠡᠢ᠂ ᠪᠠᠰᠠ ᠥᠩᠭᠡ ᠵᠢ ᠨᠢ ᠵᠣᠬᠢᠴᠠᠭᠤᠯᠬᠤ ᠵᠢ ᠡᠷᠬᠢᠮᠯᠡᠨ᠎ᠡ》᠃ ᠠᠯᠲᠠᠨᠪᠠᠭᠠᠨ᠎ᠠ᠎ᠶ᠋ᠢᠨ ᠡᠵᠢ ᠨᠢ ᠡᠨᠡ ᠵᠢᠯ 79 ᠨᠠᠰᠤᠲᠠᠶ᠂ ᠵᠡᠯᠮ᠎ᠡ ᠭᠡᠳᠡᠭ᠃ ᠵᠡᠯᠮ᠎ᠡ ᠨᠡᠰᠤᠲᠠᠨ ᠪᠣᠯ ᠵᠠᠰᠠᠭ᠍ᠲᠤ ᠬᠠᠳᠬᠤᠮᠠᠯ ᠤᠨ ᠬᠢᠩᠭᠠᠨ ᠠᠢᠮᠠᠭ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠯᠠᠮᠵᠢᠯᠠᠭ᠍ᠴᠢ ᠪᠤᠯᠤᠨ᠎ᠠ᠂ ᠪᠠᠰᠠ ᠠᠯᠲᠠᠨᠪᠠᠭᠠᠨ᠎ᠠ᠎ᠶ᠋ᠢᠨ ᠬᠠᠮᠤᠭ᠎ᠤᠨ ᠰᠠᠢᠨ ᠬᠠᠪᠰᠤᠷᠤᠭ᠍ᠴᠢ ᠪᠢᠯᠡ᠃ ᠨᠠᠰᠤᠲᠠᠨ ᠮᠥᠩᠭᠥᠨ ᠵᠡᠭᠦᠦ᠍ᠪᠠᠷᠢᠭᠠᠳ᠂ ᠭᠦᠨ ᠬᠦᠬᠡ ᠦᠩᠭᠡ ᠲᠠᠢ ᠲᠡᠪᠰᠡ ᠳᠡᠭᠡᠷ᠎ᠡ ᠬᠠᠳᠬᠤᠮᠠᠯ ᠬᠠᠳᠬᠤᠨ᠎ᠠ᠃ ᠠᠯᠲᠠᠨᠪᠠᠭᠠᠨ᠎ᠠ ᠡᠵᠢ ᠵᠢᠨ ᠵᠢᠡᠨ ᠡᠪᠦᠳᠦᠭᠢ ᠲᠦᠰᠢᠭᠡᠳ᠂ ᠭᠠᠷ᠎ᠲᠠᠬᠢ ᠲᠡᠪᠰᠡ ᠵᠢ ᠨᠢ ᠱᠢᠷᠲᠡᠨ᠄ 《ᠡᠵᠢ᠎ᠶ᠋ᠢᠨ ᠣᠶᠣᠭᠰᠠᠨ ᠳᠡᠪᠰᠡ ᠵᠢ ᠮᠢᠨᠦ᠍ ᠬᠢᠵᠦ᠍ ᠪᠠᠢᠭ᠎ᠠ ᠡᠮᠡᠭᠡᠯᠳᠡᠭᠡᠷᠡ ᠳᠡᠪᠢᠰᠪᠡᠯ ᠯᠠᠪᠲᠡᠢ ᠰᠠᠢᠬᠠᠨ 》 ᠭᠡᠵᠦ ᠶᠠᠷᠢᠨ᠎ᠡ᠃
2019 ᠣᠨ ᠤ ᠡᠪᠦᠯ ᠠᠯᠲᠠᠨᠪᠠᠭᠠᠨ᠎ᠠ ᠪᠦᠬᠦ ᠰᠤᠮᠤᠨ᠎ᠳᠤ ᠤᠯᠠᠮᠵᠢᠯᠠᠯᠲᠤ ᠡᠮᠡᠭᠡᠯ ᠢ ᠪᠦᠷᠢᠨ ᠪᠦᠲᠦᠨ ᠦᠢᠯᠡᠳᠴᠦ ᠴᠢᠳᠠᠬᠤ ᠬᠥᠮᠦᠨ ᠦᠭᠡᠶ ᠪᠣᠯᠣᠭ᠍ᠰᠠᠨ᠎ᠢ ᠦᠵᠡᠭᠡᠳ᠂ ᠰᠤᠮᠤᠨ᠎ᠤ ᠵᠠᠰᠠᠭ ᠤᠨ ᠣᠷᠳᠣᠨ ᠤ ᠳᠡᠮᠵᠢᠯᠭᠡ ᠪᠡᠷ ᠡᠮᠡᠭᠡᠯ ᠤᠨ ᠦᠢᠯᠡᠳᠭᠡᠯ ᠤᠨ ᠭᠠᠵᠠᠷ ᠭᠠᠷᠭᠠᠪᠠ᠃ ᠲᠤᠬᠠᠢ ᠵᠢᠨ ᠦᠶ᠎ᠡ᠎ᠳᠤ ᠮᠠᠯᠴᠢᠳ᠎ᠤᠨ ᠠᠮᠢᠳᠤᠷᠠᠯ᠎ᠤᠨ ᠠᠷᠭ᠎ᠠ ᠬᠡᠯᠪᠡᠷᠢ ᠵᠢᠨ ᠬᠤᠪᠢᠷᠠᠬᠤ᠎ᠶ᠋ᠢ ᠳᠠᠭᠠᠯᠳᠤᠨ᠂ ᠡᠮᠡᠭᠡᠯ ᠨᠢ ᠦᠢᠯᠡᠳᠪᠦᠷᠢᠯᠡᠯ᠎ᠦᠨ ᠪᠠᠭᠠᠵᠢ᠎ᠠᠴᠠ ᠪᠠᠨ ᠰᠤᠶᠤᠯ᠎ᠤᠨ ᠲᠡᠮᠳᠡᠭ ᠪᠣᠯᠵᠤ ᠬᠤᠪᠢᠷᠠᠵᠤ ᠪᠠᠢᠯ᠎ᠠ᠃

ᠡᠮᠡᠭᠡᠯ ᠦᠢᠯᠡᠳᠦᠨ᠎ᠡ
ᠠᠯᠲᠠᠨᠪᠠᠭᠠᠨ᠎ᠠ ᠤᠯᠠᠮᠵᠢᠯᠠᠯ᠎ᠢ ᠴᠠᠭ ᠦᠶ᠎ᠡ᠎ᠲᠠᠢ ᠵᠤᠯᠭᠠᠭᠤᠯᠵᠤ᠂ ᠴᠤᠤᠷᠢᠶ᠎ᠠ᠂ ᠪᠤᠱᠢᠭᠤ ᠭᠠᠷ ᠵᠢᠴᠢ ᠵᠢᠷᠬᠢᠶ᠎ᠡ ᠵᠢᠨ ᠸᠢᠳᠢᠣ᠋ ᠵᠢᠨ ᠳ᠋ᠤᠭᠠᠷ ᠵᠡᠷᠭᠡ ᠲᠠᠪᠴᠠᠩᠳᠡᠭᠡᠷᠡ ᠢᠳᠡᠪᠬᠢᠲᠡᠶ ᠤᠬᠠᠭᠤᠯᠵᠤ᠂ ᠡᠯᠧᠺᠲᠷᠣᠨ ᠬᠤᠳᠠᠯᠳᠤᠭ᠎ᠠ ᠵᠢ ᠠᠰᠢᠬᠯᠠᠨ ᠰᠦᠯᠵᠢᠶᠡᠨ ᠳᠡᠭᠡᠷ᠎ᠡ ᠪᠣᠷᠣᠯᠠᠭᠤᠯᠤᠭᠠᠳ᠂ ᠵᠠᠬᠢᠶᠠᠯᠠᠭ᠎ᠠ ᠶ᠋ᠢ ᠲᠠᠯ᠎ᠠ ᠨᠤᠲᠤᠭ᠎ᠠᠴᠠ ᠬᠤᠲᠠ ᠬᠦᠷᠲᠡᠯ᠎ᠡ ᠦᠷᠭᠡᠳᠭᠡᠪᠡ᠃ ᠣᠳᠣ ᠲᠡᠳᠡᠨ᠎ᠦ ᠡᠮᠡᠭᠡᠯ᠎ᠨᠢ ᠥᠪᠥᠷ ᠮᠣᠩᠭᠣᠯ᠎ᠡᠴᠡ ᠭᠠᠳᠠᠨ᠎ᠠ ᠪᠡᠭᠡᠵᠢᠩ᠂ ᠬᠢᠷᠢᠨ᠂ ᠭᠠᠨᠰᠦ᠂ ᠶᠦᠨᠨᠠᠨ᠎ᠳᠤ ᠪᠤᠷᠤᠯᠠᠭᠤᠯᠤᠭᠳᠠᠵᠤ ᠪᠤᠢ᠃ ᠬᠥᠯᠦᠨ ᠪᠤᠢᠷ ᠬᠣᠲᠠ᠎ᠶ᠋ᠢᠨ ᠪᠦᠷᠭᠦᠳ ᠮᠣᠷᠢᠲᠠᠨ ᠴᠠᠭ᠍ᠳᠠᠭ᠎ᠠ᠎ᠶ᠋ᠢᠨ ᠠᠩᠬᠢ ᠡᠨᠳᠡᠬᠢ ᠡᠮᠡᠭᠡᠯ᠎ᠢ ᠬᠡᠷᠡᠭᠯᠡᠵᠦ ᠪᠤᠢ᠃
2021 ᠣᠨ᠎ᠳᠤ ᠲᠤᠰ ᠦᠢᠯᠡᠳᠭᠡᠯ᠎ᠤᠨ ᠭᠠᠵᠠᠷ ᠪᠣᠯᠪᠠᠰᠤᠷᠠᠯᠡᠷᠬᠢᠯᠡᠬᠦ᠂ ᠵᠠᠬᠢᠶᠠᠯᠠᠭ᠎ᠠ᠎ᠶ᠋ᠢᠨ ᠡᠮᠡᠭᠡᠯ ᠢ ᠡᠭᠡᠭᠦᠯᠦᠨ ᠬᠤᠷᠢᠶᠠᠬᠤ᠎ᠪᠠᠷ ᠳᠠᠮᠵᠢᠨ᠂ 30 ᠲᠦᠮᠡᠨ ᠲᠥᠭᠦᠷᠢᠭ᠎ᠤᠨ ᠣᠷᠣᠯᠭ᠎ᠠ ᠣᠯᠵᠤ᠂ 5 ᠮᠠᠯᠴᠢᠨ ᠲᠠᠷᠢᠶᠠᠴᠢᠨ ᠢ ᠳᠠᠢᠴᠢᠯᠠᠨ ᠠᠵᠢᠯ ᠣᠯᠭᠤᠨ᠂ ᠡᠷᠦᠬᠡ ᠳᠤᠮᠳᠠᠴᠢ ᠪᠡᠷ ᠵᠢᠯ᠎ᠳᠤ 7000 ᠲᠥᠭᠦᠷᠢᠭ᠎ᠤᠨ ᠣᠷᠣᠯᠭ᠎ᠠ ᠤᠯᠵᠠᠢ᠃《 ᠪᠢᠳᠡ ᠲᠣᠭ᠍ᠲᠠᠭ᠍ᠰᠠᠨ ᠬᠤᠭᠤᠴᠠᠭᠠᠲᠠᠢᠱᠠᠪᠢ ᠡᠯᠰᠡᠵᠦ᠍᠂ ᠮᠠᠯᠴᠢᠳ᠎ᠢ ᠬᠠᠪᠰᠤᠷᠤᠨ ᠠᠵᠢᠯ ᠣᠯᠭᠤᠵᠦ ᠪᠠᠢᠬᠤ ᠪᠡᠷ ᠪᠠᠷᠠᠬᠤ ᠦᠭᠡᠢ ᠨᠡᠩ ᠴᠤ᠌ ᠤᠷ᠎ᠠ ᠮᠡᠷᠭᠡᠵᠢᠯ᠎ᠢ ᠤᠯᠠᠮᠵᠢᠯᠠᠵᠦ ᠪᠠᠢᠨ᠎ᠠ》 ᠭᠡᠵᠦ ᠠᠯᠲᠠᠨᠪᠠᠭᠠᠨ᠎ᠠ ᠲᠠᠨᠢᠯᠴᠠᠭᠤᠯᠤᠯ᠎ᠠ᠃ ᠦᠢᠯᠡᠳᠭᠡᠯ᠎ᠤᠨ ᠭᠠᠵᠠᠷ᠎ᠲᠤᠨᠢ ᠣᠲᠣ 4 ᠠᠵᠢᠯᠴᠢᠨ᠂ 2 ᠱᠠᠪᠢ ᠪᠠᠢᠵᠤ᠂《ᠵᠠᠰᠠᠭ᠍ᠲᠤ ᠡᠮᠡᠭᠡᠯ᠎ᠢ ᠬᠦᠮᠦᠰ ᠤᠯᠠᠮ᠎ᠠᠴᠠ ᠤᠯᠠᠮ ᠣᠢᠯᠠᠭᠠᠬᠤ᠎ᠶ᠋ᠢ ᠬᠦᠰᠡᠵᠦ᠍ ᠪᠠᠢᠨ᠎ᠠ》᠃

ᠠᠯᠲᠠᠨᠪᠠᠭᠠᠨ᠎ᠠ (ᠵᠡᠭᠦᠨ ᠡᠴᠡᠬᠣᠶᠠᠳᠤᠭᠠᠷ) ᠱᠠᠪᠢ ᠨᠠᠷ
ᠲᠠᠢ ᠪᠠᠨ ᠭᠠᠨᠵᠤᠭ᠎ᠠ ᠲᠠᠲᠠᠵᠤ ᠪᠠᠢᠭ᠎ᠠ ᠨᠢ
ᠦᠳᠡᠱᠢ᠎ᠶᠢᠨ ᠰᠢᠵᠢᠷ ᠨᠠᠷᠠᠨ ᠤ ᠤᠯᠠᠪᠢᠷ ᠲᠤᠶᠠᠭ᠎ᠠ ᠦᠢᠯᠡᠳᠭᠡᠯᠦ᠋ᠨ ᠭᠠᠵᠠᠷ ᠳᠡᠭᠡᠷ᠎ᠡ ᠲᠤᠰᠬᠤ᠎ᠳᠤ ᠠᠯᠲᠠᠨᠪᠠᠭᠠᠨ᠎ᠠ ᠳᠡᠭᠡᠳᠦ ᠡᠴᠡ ᠤᠯᠠᠮᠵᠢᠯᠠᠵᠤ ᠢᠷᠡᠭᠰᠡᠨ ᠲᠡᠮᠡᠭᠡᠨ ᠶᠠᠰᠤᠨ ᠪᠠᠷᠢᠭᠤᠯ ᠲᠠᠢ ᠬᠢᠲᠤᠭ᠎ᠠ ᠪᠠᠨ ᠰᠠᠢᠬᠠᠨ ᠠᠷᠴᠢᠵᠦ ᠵᠦᠯᠭᠦᠳᠡᠭ᠃ ᠬᠢᠲᠤᠭᠠᠨ ᠪᠠᠷᠢᠭᠤᠯ ᠳᠡᠭᠡᠷ᠎ᠡ ᠤᠷᠢᠶᠠᠭᠰᠠᠨ ᠰᠤᠷ ᠨᠢ ᠤᠳᠠᠭᠠᠨ ᠵᠢᠯ ᠱᠦᠷᠭᠦᠭᠡᠭᠳᠡᠭᠰᠡᠭᠡᠷ ᠭᠦᠯᠲᠡᠭᠡᠨᠡᠬᠦ ᠪᠤᠯᠵᠠᠢ᠃ ᠡᠨᠡ ᠪᠣᠯ ᠵᠠᠭᠤᠨ ᠵᠢᠯ ᠠᠯᠤᠰᠯᠠᠭ᠍ᠰᠠᠨ ᠶᠠᠷᠢᠯᠴᠠᠭ᠎ᠠ ᠪᠤᠯᠬᠤ ᠶᠤᠮ᠂ ᠤᠯᠠᠮᠵᠢᠯᠠᠯ ᠪᠠ ᠰᠢᠨᠡᠴᠢᠯᠡᠯ᠎ᠤᠨ ᠬᠣᠭᠣᠷᠣᠨᠳᠣ ᠲᠡᠷᠡ ᠢᠷᠡᠭᠡᠳᠦᠢ᠎ᠳᠦ ᠨᠡᠪᠲᠡᠷᠡᠬᠦ᠌ ᠵᠠᠮ᠎ᠢ ᠡᠷᠢᠵᠦ᠍ ᠣᠯᠣᠭ᠍ᠰᠠᠨ ᠪᠠᠢᠨ᠎ᠠ᠃

ᠡᠮᠡᠭᠡᠯᠳᠡᠭᠡᠷᠡ ᠳᠡᠪᠰᠡ ᠳᠡᠪᠢᠰᠦᠨ᠎ᠡ
ᠵᠠᠰᠠᠭᠳᠤ ᠮᠤᠷᠢᠨ ᠡᠳ᠋ᠯᠡᠯ ᠭᠢᠭᠦ ᠤᠷ᠎ᠠ ᠮᠡᠷᠭᠡᠵᠢᠯ ᠨᠢ ᠮᠤᠨᠭᠭᠤᠯ ᠦᠨᠳᠦᠰᠦᠳᠡᠨ ᠤ ᠤᠯᠠᠮᠵᠢᠯᠠᠯᠳᠤ ᠮᠡᠷᠭᠡᠵᠢᠯ ᠵᠢᠡᠷ ᠭᠤᠤᠯ ᠴᠢᠮᠦᠭᠡ ᠪᠠᠨ ᠪᠤᠯᠭᠠᠵᠤ᠂ ᠡᠮᠡᠭᠡᠯ ᠂ ᠲᠦᠷᠦᠭᠡ᠂ ᠲᠠᠯᠢᠩ ᠭᠡᠭᠦ ᠮᠡᠳᠦ ᠵᠢᠨ ᠤᠯᠠᠨ ᠡᠳ᠋ᠯᠡᠯ᠎ᠢ ᠦᠢᠯᠡᠳᠴᠦ ᠭᠢᠳᠡᠭ ᠪᠠᠢᠨ᠎ᠠ᠃ ᠶᠡᠷᠦᠨᠭᠭᠡᠢ ᠳᠡᠭᠡᠨ ᠬᠠᠳᠬᠤᠮᠠᠯ᠂ᠠᠷᠠᠰᠤ ᠨᠤᠤᠰᠤ ᠪᠤᠯᠪᠠᠰᠤᠷᠠᠭᠤᠯᠬᠤ ᠂ ᠲᠡᠮᠦᠷᠯᠢᠭ᠎ᠢ ᠲᠠᠪᠳᠠᠬᠤ ᠵᠡᠷᠭᠡ ᠤᠯᠠᠨ ᠵᠦᠢᠯ᠎ᠤᠨ ᠮᠡᠷᠭᠡᠵᠢᠯ᠎ᠢ ᠤᠶᠠᠯᠳᠤᠭᠤᠯᠤᠨ ᠭᠢᠵᠤ ᠂ ᠭᠡᠷᠡᠭᠯᠡᠭᠦ᠎ᠳᠤ ᠲᠠᠭᠠᠳᠠᠢ ᠮᠦᠷᠳᠡᠭᠡᠨ ᠭᠤᠶᠤ ᠰᠠᠢᠬᠠᠨ ᠪᠠᠢᠬᠤ ᠵᠢ ᠡᠷᠭᠢᠮᠯᠡᠳᠡᠭ ᠃ 2025 ᠤᠨ ᠳᠤ ᠂ ᠵᠠᠰᠠᠭᠳᠤ ᠮᠤᠷᠢᠨ ᠡᠳ᠋ᠯᠡᠯ ᠭᠢᠭᠦ ᠤᠷ᠎ᠠ ᠮᠡᠷᠭᠡᠵᠢᠯ ᠨᠢ ᠦᠪᠡᠷᠳᠡᠭᠡᠨ ᠵᠠᠰᠠᠬᠤ ᠤᠷᠤᠨ ᠤ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯ᠎ᠤᠨ ᠨᠡᠷᠡᠰ ᠲᠤ᠌ ᠵᠢᠭᠰᠠᠭᠠᠭᠳᠠᠵᠠᠢ᠃