ᠪᠤᠭᠤᠳᠠᠢ᠎ᠶ᠋ᠢᠨ ᠡᠰᠢ ᠰᠦᠷᠡᠯ ᠪᠤᠮᠠᠨ ᠳᠦᠷᠰᠦ ᠵᠢ ᠪᠦᠲᠦᠭᠡᠨ᠎ᠡ
2026-04-09 10:34:43
ᠵᠣᠬᠢᠶᠠᠭ᠍ᠴᠢ᠄
ᠯᠢ ᠵᠦᠸᠧ ᠸᠠᠩ ᠱᠢᠶᠤᠤ ᠪᠦᠸᠸ ᠸᠠᠩ ᠫᠸᠩ
ᠣᠩᠱᠢᠭ᠍ᠰᠠᠨ ᠣᠳᠠᠭ᠎ᠠ᠄
★★★☆☆

ᠲᠠᠷᠢᠶᠠᠨ ᠭᠠᠵᠠᠷ᠎ᠲᠦ ᠳᠠᠩᠳᠠ ᠬᠠᠷᠠᠭᠳᠠᠳᠠᠭ ᠪᠤᠭᠤᠳᠠᠢ᠎ᠶ᠋ᠢᠨ ᠡᠰᠢ ᠰᠦᠷᠡᠯ᠎ᠤᠷᠠᠴᠤᠳ᠎ᠤᠨ ᠭᠠᠷ᠎ᠢᠶᠠᠷ ᠳᠠᠮᠵᠢᠭᠠᠳ᠂ ᠨᠠᠷᠢᠯᠢᠭ ᠭᠤᠢᠳᠠ ᠤᠷᠠᠯᠢᠭ᠎ᠤᠨ ᠵᠢᠷᠤᠭ ᠪᠣᠯᠵᠤ ᠬᠤᠪᠢᠷᠠᠨ᠎ᠠ᠃ ᠡᠨᠡ ᠪᠤᠯ ᠳᠠᠷᠤᠶ 《ᠳᠤᠮᠳᠠᠳᠤ ᠤᠯᠤᠰ᠎ᠤᠨ ᠠᠷᠠᠳ᠎ᠤᠨ ᠤᠷᠠᠯᠢᠭ᠎ᠤᠨ ᠭᠠᠢᠬᠠᠮᠰᠢᠬ᠎ᠤᠨ ᠨᠢᠭᠡ》 ᠬᠡᠮᠡᠭᠳᠡᠭᠰᠡᠨ ᠪᠤᠭᠤᠳᠠᠶ᠎ᠶ᠋ᠢᠨ ᠡᠰᠢ ᠰᠦᠷᠡᠯ᠎ᠤᠨ ᠵᠢᠷᠤᠭ ᠪᠤᠯᠤᠨ᠎ᠠ᠃

ᠪᠤᠭᠤᠳᠠᠶ᠎ᠶ᠋ᠢᠨ ᠡᠰᠢ ᠰᠦᠷᠡᠯ᠎ᠤᠨ ᠵᠢᠷᠤᠭ᠎ᠢ ᠪᠦᠲᠦᠭᠡᠬᠦ᠎ᠳᠤ ᠪᠤᠭᠤᠳᠠᠶ᠎ᠶ᠋ᠢᠨ ᠡᠰᠢ ᠰᠦᠷᠡᠯ᠎ᠢᠶᠡᠷ ᠲᠦᠭᠦᠬᠡᠶ ᠮᠠᠲ᠋ᠧᠷᠢᠶᠠᠯ ᠪᠣᠯᠭᠠᠵᠤ᠂ ᠲᠡᠭᠦᠨ᠎ᠦ ᠪᠠᠢᠭᠠᠯᠢ᠎ᠶ᠋ᠢᠨ ᠥᠩᠭᠡ᠂ ᠬᠡ ᠵᠢᠷᠤᠭᠠᠰᠤ ᠪᠠ ᠴᠢᠨᠠᠷ ᠤᠨᠴᠠᠯᠢᠬ᠎ᠢ ᠨᠢ ᠠᠰᠢᠬᠯᠠᠭᠠᠳ᠂ ᠣᠯᠠᠨ ᠶᠠᠪᠤᠴᠠ ᠪᠡᠷ ᠳᠠᠮᠵᠢᠨ᠂ ᠡᠯ᠎ᠡ ᠲᠥᠷᠥᠯ᠎ᠦᠨ ᠵᠣᠬᠢᠶᠠᠨ ᠪᠦᠲᠦᠭᠡᠬᠦ᠌ ᠰᠡᠳᠦᠪ᠎ᠢ ᠠᠮᠢᠳᠤᠯᠢᠭ᠎ᠢᠶᠠᠷ ᠢᠯᠡᠷᠡᠭᠦᠯᠳᠡᠭ᠃ 2025 ᠣᠨ᠎ᠳᠤ᠂ ᠪᠤᠭᠤᠳᠠᠶ᠎ᠶ᠋ᠢᠨ ᠡᠰᠢ ᠰᠦᠷᠡᠯ᠎ᠤᠨ ᠵᠢᠷᠤᠭ᠎ᠢ ᠨᠠᠢ᠍ᠮᠠᠳᠤᠭᠠᠷ ᠪᠦᠯᠦᠭ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠳᠤ ᠣᠷᠣᠭᠤᠯᠪᠠ᠃


QQ截图20260409104248.png


ᠪᠤᠭᠤᠳᠠᠢ᠎ᠶᠢᠨ ᠡᠰᠢ ᠰᠦᠷᠡᠯ ᠵᠢᠡᠷ ᠬᠢᠭᠰᠡᠨ ᠵᠢᠷᠤᠭ᠎ᠦ᠋ᠨ ᠦᠵᠡᠭᠦᠯᠭᠡ


ᠪᠤᠭᠤᠳᠠᠢ ᠵᠢᠨ ᠡᠰᠢ ᠰᠦᠷᠡᠯ᠎ᠤᠨ ᠵᠢᠷᠤᠭ᠎ᠤᠨ ᠭᠠᠷ ᠤᠷᠠᠯᠠᠯ᠎ᠤᠨ ᠪᠦᠲᠦᠭᠡᠭ᠌ᠳᠡᠬᠦᠨ᠎ᠤ ᠰᠤᠷᠪᠤᠯᠵᠢᠲᠤ ᠭᠡᠷ ᠪᠦᠯᠢ᠎ᠳᠤ ᠵᠠᠶᠠᠭᠠᠭᠰᠠᠨ ᠯᠢ ᠯᠢᠩ ᠪᠣᠯ ᠲᠤᠰ ᠲᠦᠷᠦᠯ ᠵᠦᠢᠯ᠎ᠤᠨ ᠵᠠᠯᠠᠨ ᠠᠢᠯ ᠬᠤᠳᠠ᠎ᠶ᠋ᠢᠨ ᠬᠤᠲᠠ ᠵᠢᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠢ ᠤᠯᠠᠮᠵᠢᠯᠠᠭ᠍ᠴᠢ ᠪᠣᠯᠤᠨ᠎ᠠ᠃ ᠤᠯᠠᠨ ᠵᠢᠯ᠎ᠤᠨ ᠲᠤᠷᠰᠢ᠂ ᠲᠡᠷᠡ ᠤᠯᠠᠮᠵᠢᠯᠠᠬᠤ ᠵᠢ ᠡᠭᠦᠷᠭᠡ᠎ᠪᠠᠨ ᠪᠣᠯᠭᠠᠵᠤ᠂ ᠪᠤᠭᠤᠳᠠᠢ᠎ᠶ᠋ᠢᠨ ᠡᠰᠢ ᠰᠦᠷᠡᠯ᠎ᠤᠨ ᠵᠢᠷᠤᠭ᠎ᠢ ᠵᠢᠭᠠᠨ ᠰᠤᠷᠭᠠᠬᠤ ᠪᠠ ᠳᠡᠯᠭᠡᠷᠡᠭᠦᠯᠬᠦ᠌ ᠠᠵᠢᠯ᠎ᠳᠤ ᠵᠢᠳᠬᠦᠭ᠌ᠰᠡᠭᠡᠷ ᠢᠷᠡᠪᠡ᠃ ᠲᠡᠷᠡ ᠵᠠᠯᠠᠨ ᠠᠢᠯ ᠠᠵᠢᠯ ᠮᠡᠷᠭᠡᠵᠢᠯ᠎ᠤᠨ ᠳᠡᠭᠡᠳᠦ ᠰᠤᠷᠭᠠᠭᠤᠯᠢ᠎ᠳᠤ ᠬᠤᠯᠪᠣᠭ᠍ᠳᠠᠯ ᠪᠦᠬᠦᠢ ᠬᠢᠴᠢᠶᠡᠯ ᠨᠡᠭᠡᠭᠡᠵᠦ᠍᠂ ᠪᠣᠳᠠᠰ᠎ᠤᠨ ᠪᠤᠰᠤ ᠰᠣᠶᠣᠯ᠎ᠤᠨ ᠥᠪ᠎ᠢ ᠰᠤᠷᠭᠠᠭᠤᠯᠢ᠎ᠳᠤ ᠣᠷᠣᠭᠤᠯᠵᠡᠢ᠃ ᠯᠢ ᠯᠢᠩ᠄ 《ᠰᠤᠷᠭᠠᠭᠤᠯᠢ ᠵᠢᠨ ᠨᠠᠰᠤᠨ᠎ᠠᠴᠠ ᠡᠮᠦᠨᠡᠬᠢ ᠰᠤᠷᠭᠠᠨ ᠬᠥᠮᠦᠵᠢᠯ᠎ᠤᠨ ᠲᠤᠰᠭᠠᠶ ᠮᠡᠷᠭᠡᠵᠢᠯ᠎ᠤᠨ ᠰᠤᠷᠤᠭ᠍ᠴᠢᠳ ᠪᠤᠭᠤᠳᠠᠶ᠎ᠶ᠋ᠢᠨ ᠡᠰᠢ ᠰᠦᠷᠡᠯ᠎ᠤᠨ ᠵᠢᠷᠤᠭ ᠪᠦᠲᠦᠭᠡᠬᠦ ᠤᠷ᠎ᠠ ᠮᠡᠷᠭᠡᠵᠢᠯ᠎ᠢ ᠡᠵᠡᠮᠱᠢᠵᠦ᠍᠂ ᠬᠤᠢᠱᠢᠳᠠ ᠬᠡᠤᠬᠡᠳ᠎ᠤᠨ ᠴᠡᠴᠡᠷᠯᠢᠭ᠎ᠲᠤ ᠲᠡᠭᠦᠨ᠎ᠢ ᠭᠤᠸ᠎ᠠ ᠰᠠᠢᠬᠠᠨ᠎ᠤ ᠬᠥᠮᠦᠵᠢᠯ᠎ᠤᠨ ᠰᠤᠷᠭᠠᠨ ᠬᠥᠮᠦᠵᠢᠯ᠎ᠳᠤ ᠠᠭᠤᠰᠭᠠᠨ᠂ ᠨᠠᠩ ᠣᠯᠠᠨ ᠪᠢᠴᠢᠬᠠᠨ ᠨᠠᠢᠵᠠ ᠨᠠᠷ᠎ᠲᠤ ᠪᠣᠳᠠᠰ᠎ᠤᠨ ᠪᠤᠰᠤ ᠰᠣᠶᠣᠯ᠎ᠤᠨ ᠥᠪ ᠲᠠᠢ ᠣᠢᠷᠠᠲᠤᠭᠤᠯᠵᠤ᠂ ᠤᠯᠠᠮᠵᠢᠯᠠᠯᠲᠤ ᠰᠣᠶᠣᠯ᠎ᠢ ᠣᠢᠯᠠᠭᠠᠭᠤᠯᠵᠤ ᠪᠣᠯᠤᠨ᠎ᠠ》 ᠭᠡᠵᠦ ᠲᠠᠨᠢᠯᠴᠠᠭᠤᠯᠤᠭᠰᠠᠨ ᠪᠠᠢᠨ᠎ᠠ᠃


QQ截图20260409104157.png


ᠰᠤᠷᠭᠠᠭᠤᠯᠢ᠎ᠶ᠋ᠢᠨ ᠬᠦᠷᠢᠶᠡᠨ᠎ᠳᠤ ᠬᠢᠴᠢᠶᠡᠯ ᠨᠡᠭᠡᠭᠡᠭ᠌ᠰᠡᠨ᠎ᠢᠶᠠᠷ ᠪᠠᠷᠠᠬᠤ ᠦᠭᠡᠢ᠂ ᠯᠢ ᠯᠢᠩ ᠪᠠᠰᠠ ᠤᠷᠳᠤ ᠬᠤᠭᠤᠴᠠᠭ᠎ᠠ᠎ᠦᠨᠳᠦᠰᠦᠨ ᠱᠠᠲᠤᠨ᠎ᠳᠤ ᠭᠦᠨᠵᠡᠭᠡᠢᠷᠡᠨ᠂ ᠲᠤᠬᠠᠢ᠎ᠶ᠋ᠢᠨ ᠭᠠᠵᠠᠷ᠎ᠤᠨ ᠨᠡᠢᠭᠡᠮ ᠲᠣᠭᠤᠷᠢᠭ᠂ ᠰᠣᠶᠣᠯ᠎ᠤᠨ ᠣᠷᠳᠣᠨ ᠵᠡᠷᠭᠡ᠎ᠳᠤ ᠬᠦᠷᠴᠦ᠍᠂ ᠢᠳᠡᠪᠬᠢᠲᠡᠢ ᠵᠢᠭᠠᠨ ᠰᠤᠷᠭᠠᠵᠤ᠂ ᠪᠤᠭᠤᠳᠠᠢ᠎ᠶ᠋ᠢᠨ ᠡᠰᠢ ᠰᠦᠷᠡᠯ᠎ᠤᠨ ᠵᠢᠷᠤᠭ᠎ᠢ ᠥᠷᠭᠡᠨ᠎ᠢᠶᠠᠷ ᠤᠯᠠᠮᠵᠢᠯᠠᠨ ᠬᠦᠭᠵᠢᠭᠦᠯᠵᠦ᠂ ᠡᠨᠡ ᠬᠦ᠌ ᠡᠷᠲᠡᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠷ᠎ᠠ ᠮᠡᠷᠭᠡᠵᠢᠯ᠎ᠳᠤ ᠲᠠᠰᠤᠷᠠᠯᠲᠠ ᠦᠭᠡᠢ ᠱᠢᠨ᠎ᠡ ᠠᠮᠢᠵᠢᠷᠠᠯ᠎ᠤᠨ ᠬᠦᠴᠦᠨ ᠨᠡᠮᠡᠷᠢᠯᠡᠪᠡ᠃ 《ᠵᠠᠯᠠᠨ ᠠᠢᠯ ᠬᠤᠲᠠ᠎ᠶ᠋ᠢᠨ ᠰᠣᠶᠣᠯ᠎ᠤᠨ ᠣᠷᠳᠣᠨ᠎ᠳᠡᠬᠢ ᠮᠢᠨᠦ᠍ ᠰᠤᠷᠤᠭ᠍ᠴᠢᠳ᠎ᠤᠨ ᠳᠤᠲᠤᠷ᠎ᠠ ᠠᠬᠠᠮᠠᠳ ᠢᠳᠡᠷ ᠵᠠᠯᠠᠭᠤ ᠠᠳᠠᠯᠢ ᠪᠤᠰᠤ ᠨᠠᠰᠤᠨ᠎ᠤ ᠬᠦᠮᠦᠰ ᠪᠦᠷ ᠪᠠᠢᠨ᠎ᠠ᠃ ᠠᠵᠢᠯ᠎ᠠᠴᠠ᠎ᠪᠠᠨ ᠠᠮᠠᠷᠠᠭ᠍ᠰᠠᠨ ᠠᠨᠢᠶ᠎ᠠ ᠨᠠᠳᠠ᠎ᠡᠴᠡ ᠪᠤᠭᠤᠳᠠᠢ᠎ᠶ᠋ᠢᠨ ᠡᠰᠢ ᠰᠦᠷᠡᠯ᠎ᠤᠨ ᠵᠢᠷᠤᠭ ᠬᠢᠬᠦ ᠵᠢ ᠰᠤᠷᠤᠯᠴᠠᠬᠤ ᠪᠠᠷ ᠢᠷᠡᠭᠡᠳ᠂ ᠥᠲᠡᠯᠦᠭᠡ ᠨᠠᠰᠤᠨ᠎ᠤ ᠠᠮᠢᠳᠤᠷᠠᠯ᠎ᠵᠢᠡᠨ ᠪᠠᠶᠠᠯᠢᠭ᠍ᠵᠢᠭᠤᠯᠵᠡᠢ᠃ ᠵᠠᠯᠠᠭᠤᠴᠤᠳ ᠠᠵᠢᠯ᠎ᠠᠴᠠ᠎ᠪᠠᠨ ᠪᠠᠭᠤᠭ᠍ᠰᠠᠨ᠎ᠤ ᠳᠠᠷᠠᠭ᠎ᠠ ᠪᠤᠭᠤᠳᠠᠢ᠎ᠶ᠋ᠢᠨ ᠡᠰᠢ ᠰᠦᠷᠡᠯ᠎ᠤᠨ ᠵᠢᠷᠤᠭ ᠬᠢᠬᠦ ᠵᠢ ᠰᠤᠷᠤᠯᠴᠠᠵᠤ᠂ ᠠᠵᠢᠯ᠎ᠤᠨ ᠴᠢᠯᠡᠭᠡ ᠪᠠᠨ ᠭᠠᠷᠭᠠᠬᠤ ᠶᠠᠪᠤᠴᠠ᠎ᠳᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠷᠢᠳᠢ ᠱᠢᠳᠢ᠎ᠶ᠋ᠢ ᠮᠡᠳᠡᠷᠡᠵᠦ᠍ ᠪᠠᠢᠨ᠎ᠠ》 ᠭᠡᠵᠦ᠍ ᠯᠢ ᠯᠢᠩ ᠢᠯᠡᠷᠬᠡᠢᠯᠡᠭᠰᠡᠨ ᠪᠠᠢᠨ᠎ᠠ᠃


QQ截图20260207120745.png


ᠯᠢ ᠯᠢᠩ ᠰᠡᠳᠭᠢᠯ ᠲᠠᠯᠪᠢᠨ ᠵᠣᠬᠢᠶᠠᠨ ᠪᠦᠲᠦᠭᠡᠨ᠎ᠡ


QQ截图20251001104448.png


ᠪᠤᠭᠤᠳᠠᠢ᠎ᠶ᠋ᠢᠨ ᠡᠰᠢ ᠰᠦᠷᠡᠯ᠎ᠵᠢᠡᠷ ᠵᠢᠷᠤᠭ ᠬᠢᠬᠦ᠌ ᠎ᠳᠤ ᠢᠯᠡᠦᠷᠳᠡᠬᠦ ᠶᠠᠪᠤᠴᠠ


ᠲᠡᠷᠡ ᠪᠠᠰᠠ ᠦᠪᠡᠷ᠎ᠤᠨ ᠰᠠᠭᠤᠵᠤ ᠪᠠᠢᠭ᠎ᠠ ᠨᠡᠢᠭᠡᠮ ᠲᠣᠭᠤᠷᠢᠭ᠎ᠲᠠᠢ ᠪᠠᠨ ᠬᠠᠮᠲᠤᠷᠠᠨ ᠠᠵᠢᠯᠯᠠᠵᠤ᠂ ᠲᠤᠬᠠᠢ᠎ᠶ᠋ᠢᠨ ᠭᠠᠵᠠᠷ᠎ᠤᠨ ᠡᠮᠡᠭ᠌ᠲᠡᠢᠴᠦᠳ᠎ᠤᠨ ᠪᠤᠭᠤᠳᠠᠢ᠎ᠶ᠋ᠢᠨ ᠡᠰᠢ ᠰᠦᠷᠡᠯ ᠵᠢᠡᠷ ᠵᠢᠷᠤᠭ ᠬᠢᠬᠦ ᠤᠷ᠎ᠠ ᠮᠡᠷᠭᠡᠵᠢᠯ᠎ᠢ ᠰᠤᠷᠤᠯᠴᠠᠬᠤ᠎ᠳᠤ ᠠᠯᠪᠠᠨ ᠵᠢᠷᠤᠮ᠎ᠤᠨ ᠵᠢᠭᠠᠨ ᠰᠤᠷᠭᠠᠯᠲᠠ ᠬᠢᠵᠦ᠂ ᠡᠮᠡᠭ᠌ᠲᠡᠢᠴᠦᠳ᠎ᠤᠨ ᠦᠢᠯᠡᠰ ᠪᠤᠰᠭᠠᠬᠤ᠂ ᠠᠵᠢᠯ ᠤᠯᠬᠤ᠎ᠶ᠋ᠢ ᠠᠬᠢᠭᠤᠯᠪᠠ᠃ 《10 ᠵᠢᠯ᠎ᠳᠤ ᠪᠢ ᠨᠡᠢᠲᠡ 3000 ᠰᠤᠷᠤᠭ᠍ᠴᠢ ᠬᠥᠮᠦᠵᠢᠭᠦᠯᠵᠠᠢ᠃ ᠪᠠᠶᠠᠷᠯᠠᠭᠤᠱᠢᠲᠠᠢ᠎ᠨᠢ᠂ ᠥᠪᠡᠷ᠎ᠤᠨ ᠥᠴᠦᠬᠡᠨ ᠬᠦᠴᠦ ᠴᠢᠳᠠᠯ᠎ᠢᠶᠠᠷ᠎ᠢᠶᠠᠨ ᠵᠠᠷᠢᠮ ᠵᠡᠮᠳᠡᠭ ᠬᠥᠮᠦᠨ᠎ᠢ ᠬᠠᠪᠰᠤᠷᠤᠨ᠂ ᠪᠤᠭᠤᠳᠠᠢ᠎ᠶ᠋ᠢᠨ ᠡᠰᠢ ᠰᠦᠷᠡᠯ ᠵᠢᠡᠷ ᠵᠢᠷᠤᠭ ᠬᠢᠬᠦ ᠮᠡᠷᠭᠡᠵᠢᠯ᠎ᠢ ᠡᠵᠡᠮᠱᠢᠭᠦᠯᠦᠭᠡᠳ᠂ ᠲᠡᠳᠡᠨ᠎ᠤ ᠦᠢᠯᠡᠰ ᠪᠤᠰᠬᠠᠬᠤ ᠪᠠ ᠠᠵᠢᠯ ᠤᠯᠬᠤ᠎ᠶ᠋ᠢ ᠪᠡᠶᠡᠯᠡᠭᠦᠯᠵᠡᠶ》 ᠭᠡᠵᠦ ᠯᠢ ᠯᠢᠩ ᠤᠮᠤᠭ ᠲᠠᠢ ᠶᠠᠷᠢᠯ᠎ᠠ᠃


QQ截图20260209113408.png


ᠲᠤᠷᠱᠢᠯᠭ᠎ᠠ ᠪᠠᠨ ᠰᠣᠯᠢᠯᠴᠠᠨ᠎ᠠ


QQ截图20250224163936.png


2019 ᠣᠨ᠎ᠳᠤ ᠯᠢ ᠯᠢᠩ ᠪᠤᠭᠤᠳᠠᠢ᠎ᠶ᠋ᠢᠨ ᠡᠰᠢ ᠰᠦᠷᠡᠯ᠎ᠵᠢᠡᠷ ᠵᠢᠷᠤᠭ᠎ᠬᠢᠬᠦ ᠤᠷ᠎ᠠ ᠮᠡᠷᠭᠡᠵᠢᠯ᠎ᠢ ᠤᠯᠠᠮᠵᠢᠯᠠᠬᠤ ᠠᠵᠢᠯ᠎ᠤᠨ ᠦᠷᠦᠭᠡ ᠪᠠᠨ ᠪᠠᠢᠭᠤᠯᠪᠠ᠃ 2024 ᠣᠨ᠎ᠳᠤ᠂ ᠲᠡᠷᠡ ᠥᠪᠥᠷ ᠮᠣᠩᠭᠤᠯ᠎ᠤᠨ ᠪᠤᠭᠤᠳᠠᠢ᠎ᠶ᠋ᠢᠨ ᠡᠰᠢ ᠰᠦᠷᠡᠯ᠎ᠤᠨ ᠵᠢᠷᠤᠭ᠎ᠤᠨ ᠭᠠᠷ ᠤᠷᠠᠯᠠᠯ᠎ᠤᠨ ᠪᠦᠲᠦᠭᠡᠭ᠌ᠳᠡᠬᠦᠨ᠎ᠤ ᠬᠢᠵᠠᠭᠠᠷᠲᠤ ᠺᠣᠮᠫᠠᠨᠢ᠎ᠶ᠋ᠢ ᠪᠠᠢᠭᠤᠯᠤᠭ᠍ᠰᠠᠨ ᠪᠥᠭᠡᠳ ᠲᠤᠰ ᠵᠢᠯ᠎ᠳᠤ ᠬᠥᠯᠥᠨ ᠪᠤᠢᠷ ᠬᠤᠳᠠ᠎ᠶ᠋ᠢᠨ ᠲᠡᠰ᠎ᠤᠨ ᠲᠦᠷᠦᠬᠦᠦ ᠪᠦᠯᠦᠭ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠦᠢᠯᠡᠳᠭᠡᠯ᠎ᠤᠨ ᠭᠠᠵᠠᠷ ᠵᠢᠡᠷ ᠰᠣᠩᠭᠤᠭ᠍ᠳᠠᠪᠠ᠃ ᠵᠢᠶᠠᠩᠰᠢ᠎ᠶ᠋ᠢᠨ ᠦᠶᠤᠸᠠᠨ᠎ᠳᠤ ᠶᠠᠪᠤᠭ᠍ᠳᠠᠭ᠍ᠰᠠᠨ 《2025 ᠪᠣᠳᠠᠰ᠎ᠤᠨ ᠪᠤᠰᠤ ᠰᠣᠶᠣᠯ᠎ᠤᠨ ᠥᠪ᠎ᠤᠨ ᠸᠢᠳᠢᠣ᠋᠎ᠵᠢᠨ ᠵᠣᠬᠢᠶᠠᠨ ᠪᠦᠲᠦᠭᠡᠯᠭᠡ ᠵᠢᠨ ᠶᠡᠭᠡ ᠬᠤᠷᠠᠯ》 ᠳᠡᠭᠡᠷ᠎ᠡ᠂ ᠯᠢ ᠯᠢᠩ ᠳᠤᠮᠳᠠᠳᠤ ᠤᠯᠤᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠬᠤ ᠨᠡᠢᠭᠡᠮᠯᠢᠭ᠎ᠤᠨ ᠣᠯᠭᠤᠭ᠍ᠰᠠᠨ ᠲᠦᠷᠦᠬᠦᠦ ᠪᠦᠯᠦᠭ᠎ᠤᠨ 《ᠵᠠᠯᠠᠭᠤᠴᠤᠳ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠸᠢᠳᠢᠣ᠋ ᠵᠣᠬᠢᠶᠠᠨ ᠪᠦᠲᠦᠭᠡᠬᠦ᠌  ᠵᠢ ᠪᠤᠢᠵᠢᠭᠤᠯᠬᠤ ᠨᠡᠷᠡᠰ》 ᠲᠦ᠍ ᠰᠣᠩᠭᠤᠭ᠍ᠳᠠᠵᠠᠢ᠃


QQ截图20260409104534.png


ᠵᠢᠷᠤᠭ ᠪᠦᠲᠦᠭᠡᠬᠦ ᠰᠡᠳᠦᠪ ᠬᠠᠢᠨ᠎ᠡ


ᠡᠨᠡ ᠬᠦ᠌ ᠪᠣᠳᠠᠰ᠎ᠤᠨ ᠪᠤᠰᠤ ᠰᠣᠶᠣᠯ᠎ᠤᠨ ᠥᠪ᠎ᠤᠨ ᠵᠠᠯᠠᠭᠤ ᠤᠯᠠᠮᠵᠢᠯᠠᠭᠴᠢ ᠴᠤᠤᠷᠢᠶ᠎ᠠ ᠵᠡᠷᠭᠡ ᠰᠦᠯᠵᠢᠶᠡᠨ ᠲᠠᠪᠴᠠᠩ᠎ᠢ᠎ᠢᠳᠡᠪᠬᠢᠲᠡᠢ ᠠᠰᠢᠬᠯᠠᠨ᠂ ᠣᠬᠤᠷ ᠸᠢᠳᠢᠣ᠋᠂ ᠱᠢᠭᠤᠳ ᠨᠡᠪᠲᠡᠷᠡᠭᠦᠯᠭᠡ ᠵᠡᠷᠭᠡ ᠬᠡᠯᠪᠡᠷᠢ᠎ᠪᠠᠷ ᠪᠤᠭᠤᠳᠠᠢ᠎ᠶ᠋ᠢᠨ ᠡᠰᠢ ᠰᠦᠷᠡᠯ᠎ᠤᠨ ᠵᠢᠷᠤᠭ᠎ᠢ ᠳᠡᠯᠭᠡᠨ ᠦᠵᠡᠭᠦᠯᠵᠦ᠍ ᠳᠡᠯᠭᠡᠷᠡᠭᠦᠯᠵᠦ ᠪᠠᠢᠨ᠎ᠠ᠃ ᠲᠡᠷᠡ ᠪᠠᠰᠠ ᠶᠢᠰᠦᠳᠦᠭᠡᠷ ᠬᠤᠭᠤᠴᠠᠭᠠᠨ᠎ᠤ ᠥᠪᠥᠷ ᠮᠣᠩᠭᠤᠯ᠎ᠤᠨ ᠰᠣᠶᠣᠯ᠎ᠤᠨ ᠦᠵᠡᠰᠭᠦᠯᠡᠩ᠎ᠤᠨ ᠴᠤᠭ᠍ᠯᠠᠭᠠᠨ᠂ 《ᠤᠷᠲᠤ ᠴᠠᠭᠠᠨ ᠬᠡᠷᠡᠮ᠎ᠤᠨ ᠬᠤᠷᠮᠤᠢ᠎ᠳᠤ ᠪᠣᠳᠠᠰ᠎ᠤᠨ ᠪᠤᠰᠤ ᠰᠣᠶᠣᠯ᠎ᠤᠨ ᠥᠪ᠎ᠢ ᠰᠤᠨᠢᠷᠬᠠᠨ᠎ᠠ》 ᠵᠡᠷᠭᠡ ᠡᠯ᠎ᠡ ᠲᠥᠷᠥᠯ᠎ᠤᠨ ᠠᠵᠢᠯᠯᠠᠭ᠎ᠠ᠎ᠳᠤ ᠢᠳᠡᠪᠬᠢᠲᠡᠶ ᠣᠷᠣᠯᠴᠠᠵᠤ᠂ ᠨᠠᠩ ᠣᠯᠠᠨ ᠬᠥᠮᠦᠨ᠎ᠳᠤ ᠪᠤᠭᠤᠳᠠᠶ᠎ᠶ᠋ᠢᠨ ᠡᠰᠢ ᠰᠦᠷᠡᠯ᠎ᠤᠨ ᠵᠢᠷᠤᠭ᠎ᠢ ᠣᠢᠯᠠᠭᠠᠭᠤᠯᠵᠤ᠂ ᠲᠡᠳᠡᠨ᠎ᠤ ᠪᠠᠭ᠍ᠠᠷᠬᠠᠯ᠎ᠢ ᠲᠠᠲᠠᠵᠠᠢ᠃ ᠯᠢ ᠯᠢᠩ᠄ 《ᠪᠢ ᠮᠣᠩᠭᠤᠯ ᠮᠣᠷᠢᠨ᠎ᠤ ᠵᠣᠷᠢᠭ ᠰᠠᠨᠠᠭ᠎ᠠ᠂ ᠬᠤᠷᠴᠠ ᠤᠯᠠᠭᠠᠨ ᠴᠡᠴᠡᠭ᠂ ᠳᠤᠮᠳᠠᠳᠤ ᠳᠣᠷᠤᠨᠠᠳᠤ᠎ᠶ᠋ᠢᠨ ᠲᠡᠮᠦᠷ ᠵᠠᠮ ᠵᠡᠷᠭᠡ᠎ᠪᠠᠷ ᠭᠤᠤᠯ ᠰᠡᠳᠦᠪ ᠪᠣᠯᠭᠠᠭᠠᠳ᠂ ᠰᠢᠷᠢᠰ ᠪᠤᠭᠤᠳᠠᠶ᠎ᠶ᠋ᠢᠨ ᠡᠰᠢ ᠰᠦᠷᠡᠯ᠎ᠤᠨ ᠵᠢᠷᠤᠭ ᠵᠣᠬᠢᠶᠠᠵᠤ᠂ ᠣᠯᠠᠨ᠎ᠳᠤ ᠨᠤᠲᠤᠭ ᠤᠰᠤᠨ᠎ᠤ᠎ᠪᠠᠨ ᠴᠤᠭ ᠵᠢᠪᠬᠤᠭ᠎ᠠ᠎ᠵᠢ ᠳᠡᠯᠭᠡᠨ ᠦᠵᠡᠭᠦᠯᠵᠡᠢ》 ᠭᠡᠵᠦ᠍ ᠲᠠᠨᠢᠯᠴᠠᠭᠤᠯᠤᠯ᠎ᠠ᠃

ᠠᠯᠲᠠᠨ ᠱᠢᠷᠭᠠᠯ ᠪᠤᠭᠤᠳᠠᠢ᠎ᠶ᠋ᠢᠨ ᠲᠠᠷᠢᠶᠠᠨ ᠡᠴᠡ ᠥᠩᠭᠡ ᠢᠯᠭᠠᠷᠠᠭ᠍ᠰᠠᠨ ᠵᠢᠷᠤᠭ᠎ᠤᠨ ᠪᠦᠲᠦᠭᠡᠯ ᠬᠦᠷᠲᠡᠯ᠎ᠡ᠂ ᠯᠢ ᠯᠢᠩ ᠤᠷᠠᠨ ᠭᠠᠷ᠎ᠢᠶᠠᠷ ᠵᠢᠡᠨ ᠪᠤᠭᠤᠳᠠᠢ᠎ᠶ᠋ᠢᠨ ᠡᠰᠢ  ᠰᠦᠷᠡᠯ᠎ᠢ ᠬᠡᠭᠡᠷ᠎ᠡ ᠲᠠᠯ᠎ᠠ᠎ᠡᠴᠡ ᠭᠤᠢᠳᠠ ᠰᠠᠢᠬᠠᠨ ᠠᠮᠢᠳᠤᠷᠠᠯ ᠪᠣᠯᠤᠨ ᠥᠷᠭᠡᠨ ᠠᠭᠤᠳᠠᠮ ᠳᠡᠯᠡᠬᠡᠢ ᠶᠢᠷᠲᠢᠨᠴᠦ᠍᠎ᠳᠤ ᠠᠭᠤᠰᠬᠠᠨ᠂ ᠤᠯᠠᠮᠵᠢᠯᠠᠯ᠎ᠤᠨ ᠳᠤᠮᠳᠠ ᠱᠢᠨ᠎ᠡ᠎ᠶ᠋ᠢ ᠡᠭᠦᠳᠴᠦ᠍᠂ ᠲᠠᠰᠤᠷᠠᠯᠲᠠ ᠦᠭᠡᠢ ᠠᠮᠢᠵᠢᠷᠠᠯ᠎ᠤᠨ ᠬᠦᠴᠦᠨ᠎ᠲᠠᠢ ᠪᠣᠯᠭᠠᠭᠰᠠᠨ ᠪᠠᠢᠨ᠎ᠠ᠃


QQ截图20260409105009.png


ᠮᠥᠰᠥ᠍ ᠴᠠᠰᠤ ᠪᠡᠷ ᠰᠡᠳᠦᠪᠯᠡᠭᠰᠡᠨ ᠪᠦᠲᠦᠭᠡᠯ ᠤᠷᠠᠯᠠᠨ᠎ᠠ


ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠭᠦᠮ ᠮᠡᠳᠡᠯᠭᠡ

ᠪᠤᠭᠤᠳᠠᠢ᠎ᠶᠢᠨ ᠡᠰᠢ ᠰᠦᠷᠡᠯ᠎ᠦ᠋ᠨ ᠵᠢᠷᠤᠭ ᠪᠤᠭᠤᠳᠠᠢ᠎ᠶᠢᠨ ᠰᠦᠷᠡᠯ᠎ᠢ᠋ᠢᠡᠷ ᠲᠦᠭᠦᠬᠡᠢ ᠮᠠᠲ᠋ᠸᠷᠢᠶᠠᠯ ᠪᠣᠯᠭᠠᠵᠤ᠂ ᠲᠡᠭᠦᠨ᠎ᠦ᠌ ᠪᠠᠢᠭᠠᠯᠢ᠎ᠶᠢᠨ ᠥᠩᠭᠡ᠂ ᠬᠡ ᠵᠢᠷᠤᠭᠠᠰᠤ᠂ ᠴᠢᠨᠠᠷ ᠤᠨᠴᠠᠯᠢᠬ᠎ᠢ ᠨᠢ ᠠᠰᠢᠬᠯᠠᠭᠠᠳ᠂ ᠮᠠᠲ᠋ᠸᠷᠢᠶᠠᠯ ᠰᠤᠩᠭᠤᠬᠤ᠂ ᠳᠡᠪᠲᠦᠭᠡᠬᠦ᠂ ᠴᠢᠨᠠᠬᠤ᠂ ᠵᠢᠩᠨᠡᠬᠦ᠌᠂ ᠪᠣᠳᠣᠬᠤ᠂ ᠬᠤᠰᠤᠬᠤ᠂ ᠬᠠᠢᠴᠢᠯᠠᠬᠤ᠂ ᠭᠦᠷᠦᠬᠦ᠂ ᠰᠡᠢᠯᠬᠦ᠌᠂ ᠢᠯᠡᠦᠷᠳᠡᠬᠦ᠂ ᠬᠠᠯᠠᠭᠠᠬᠤ᠂ ᠨᠠᠭᠠᠬᠤ ᠵᠡᠷᠭᠡ ᠠᠷᠪᠠᠨ ᠬᠡᠳᠦᠨ ᠭᠠᠷ ᠤᠷᠠᠯᠠᠯ᠎ᠤ᠋ᠨ ᠶᠠᠪᠤᠴᠠ᠎ᠪᠠᠷ ᠳᠠᠮᠵᠢᠭᠤᠯᠵᠤ᠂ ᠬᠢᠲᠠᠳ ᠵᠢᠷᠤᠭ᠂ ᠴᠠᠭᠠᠰᠤᠨ ᠬᠠᠢᠴᠢᠯᠠᠮᠠᠯ᠂ ᠪᠣᠷᠣ ᠵᠢᠷᠤᠭ ᠵᠡᠷᠭᠡ ᠵᠢᠨ ᠠᠷᠪᠢᠨ ᠠᠷᠭ᠎ᠠ᠎ᠮᠡᠷᠭᠡᠵᠢᠯ᠎ᠢ ᠲᠤᠯᠢᠳᠠᠨ᠂ ᠤᠯᠠᠮᠵᠢᠯᠠᠯᠲᠤ ᠴᠡᠴᠡᠭ ᠬᠤᠸᠠᠷ᠂ ᠦᠵᠡᠮᠵᠢ᠂ ᠪᠠᠷᠢᠯᠭ᠎ᠠ᠂ ᠬᠥᠮᠦᠨ᠂ ᠠᠮᠢᠲᠠᠨ ᠵᠡᠷᠭᠡ ᠵᠢ ᠪᠤᠭᠤᠳᠠᠢ᠎ᠶᠢᠨ ᠡᠰᠢ ᠰᠦᠷᠡᠯ᠎ᠵᠢᠡᠷ ᠴᠠᠭᠠᠰᠤᠨ ᠬᠠᠪᠲᠠᠰᠤᠨ ᠳᠡᠭᠡᠷ᠎ᠡ ᠠᠮᠢᠳᠤᠯᠢᠭ ᠢᠯᠡᠷᠡᠭᠦᠯᠳᠡᠭ᠃ ᠪᠤᠭᠤᠳᠠᠢ᠎ᠶᠢᠨ ᠡᠰᠢ ᠰᠦᠷᠡᠯ᠎ᠦ᠋ᠨ ᠵᠢᠷᠤᠭ ᠬᠥᠭ᠌ᠵᠢᠯᠲᠡ ᠵᠢᠨ ᠶᠠᠪᠤᠴᠠ ᠳ᠋ᠤ ᠦᠪᠡᠷᠮᠢᠴᠡ ᠤᠷᠠᠯᠢᠭ᠎ᠦᠨ ᠲᠠᠲᠠᠬᠤ ᠬᠦᠴᠦᠨ᠎ᠢ  ᠪᠦᠷᠢᠯᠳᠦᠭᠦᠯᠵᠡᠶ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号