《ᠣᠷᠳᠣᠰ ᠬᠦᠷᠦ ᠳᠠᠭᠤᠤ》 ᠪᠣᠯ ᠬᠠᠩᠭᠢᠨ ᠬᠣᠰᠢᠭᠤ᠎ᠪᠠᠷ ᠶᠡᠬᠡᠬᠡᠨ ᠤᠯᠠᠮᠵᠢᠯᠠᠭᠳᠠᠭᠰᠠᠨ ᠳᠠᠭᠤᠤ ᠪᠠᠢᠵᠤ᠂ ᠣᠯᠠᠩᠭᠢ᠎ᠳᠠᠭᠠᠨ ᠣᠷᠲᠣ᠌ᠶᠢᠨ ᠳᠠᠭᠤᠤ᠎ᠶᠢᠨ ᠬᠡᠯᠪᠡᠷᠢ᠎ᠪᠡᠷ ᠳᠠᠭᠤᠯᠠᠭᠳᠠᠳᠠᠭ᠃ 《ᠭᠦᠷᠦ》 ᠭᠡᠳᠡᠭ ᠦᠭᠡ ᠨᠢ 《ᠳᠦᠷᠦ᠂ ᠱᠠᠵᠢᠨ》 ᠭᠡᠰᠡᠨ ᠤᠳᠬ᠎ᠠ ᠲᠠᠢ᠂ 《ᠬᠥᠷᠦ ᠳᠠᠭᠤᠤ》᠎ᠶ᠋ᠢᠨ ᠣᠯᠠᠩᠭᠢ ᠨᠢ ᠱᠠᠰᠢᠨ ᠰᠤᠷᠲᠠᠬᠤᠨ᠎ᠤ ᠤᠳᠤᠷᠢᠳᠤᠭ᠍ᠴᠢ᠎ᠶᠢ ᠮᠠᠭᠳᠠᠨ ᠳᠠᠭᠤᠯᠠᠭᠰᠠᠨ᠂ ᠬᠦᠮᠦᠨ᠎ᠦ ᠠᠮᠢᠳᠤᠷᠠᠯ᠎ᠤᠨ ᠭᠦᠨ ᠤᠬᠠᠭᠠᠨ᠎ᠢ ᠳᠠᠭᠤᠯᠠᠭᠰᠠᠨ ᠪᠠ ᠠᠬᠠᠮᠠᠳ ᠲᠤᠮᠤᠭᠠᠳᠠᠳ᠎ᠢᠶᠠᠨ ᠬᠦᠨᠳᠦᠳᠭᠡᠬᠦ᠎ᠶᠢ ᠰᠤᠷᠳᠠᠯᠴᠢᠯᠠᠭᠰᠠᠨ᠂ ᠴᠠᠢᠯᠭᠠᠨ ᠰᠠᠨᠠᠭ᠎ᠠ ᠲᠠᠢ ᠶᠠᠪᠤᠬᠤ ᠵᠢ ᠬᠢᠴᠢᠶᠡᠨᠭᠬᠦᠢᠯᠡᠭᠰᠡᠨ ᠵᠡᠷᠭᠡ᠎ᠪᠡᠷ ᠠᠭᠤᠯᠭ᠎ᠠ᠎ᠪᠠᠨ ᠪᠣᠯᠭᠠᠵᠤ᠂ ᠬᠥᠭ ᠠᠶᠠᠰ ᠨᠢ ᠢᠷᠠᠭᠤ ᠰᠠᠢᠬᠠᠨ᠂ ᠳᠠᠭᠤᠤ᠎ᠶᠢᠨ ᠦᠭᠡ ᠨᠢ ᠭᠦᠨ ᠤᠳᠬ᠎ᠠ ᠲᠠᠢ ᠪᠠᠢᠵᠤ᠂ ᠮᠣᠩᠭᠤᠯ ᠦᠨᠳᠦᠰᠦᠲᠡᠨ᠎ᠦ ᠣᠨᠴᠠᠯᠢᠭ᠍ᠲᠤ ᠤᠷᠳᠣ᠌ᠶᠢᠨ ᠳᠠᠭᠤᠤ ᠪᠣᠯᠬᠤ ᠶᠤᠮ᠃ ᠪᠤᠰᠤᠳ ᠭᠠᠵᠠᠷ ᠣᠷᠣᠨ᠎ᠤ ᠣᠷᠲᠣ᠌ᠶᠢᠨ ᠳᠠᠭᠤᠤ ᠲᠠᠢ ᠬᠠᠷᠢᠴᠠᠭᠤᠯᠪᠠᠯ ᠠᠶᠠᠰ᠎ᠤᠨ ᠦᠰᠦᠷᠦᠯᠲᠡ ᠪᠠᠭᠠᠲᠠᠢ᠂ ᠨᠤᠭᠤᠯᠤᠭ᠎ᠠ ᠴᠥᠭᠡᠨ᠂ ᠨᠢᠭᠡ ᠶᠠᠩᠵᠤ᠎ᠶᠢᠨ ᠪᠠᠢᠭᠠᠯᠢᠯᠢᠭ᠋ ᠲᠦᠷᠢᠯᠭᠡ ᠲᠠᠢ ᠪᠠᠢᠳᠠᠭ᠎ᠢᠶᠠᠷ᠎ᠢᠶᠠᠨ ᠤᠨᠴᠠᠯᠢᠭ᠍ᠳᠠᠳᠠᠭ᠃

《ᠣᠷᠳᠣᠰ ᠭᠥᠷᠦ ᠳᠠᠭᠤᠤ》 ᠶ᠋ᠢᠨ ᠤᠯᠠᠮᠵᠢᠯᠠᠯ ᠨᠢ ᠦᠨᠳᠦᠰᠦᠲᠡᠨ᠎ᠦ ᠰᠣᠶᠣᠯ᠎ᠤᠨ ᠬᠠᠮᠲᠤ ᠶᠢᠨ ᠲᠠᠨᠢᠯᠲᠠ ᠵᠢ ᠳᠡᠬᠡᠭᠰᠢᠯᠡᠬᠦᠯᠬᠦ᠎ᠳᠤ ᠲᠤᠩ ᠠᠰᠢᠭ᠍ᠲᠠᠢ ᠶᠤᠮ᠃ 2008 ᠣᠨ᠎ᠳᠤ 《ᠣᠷᠳᠣᠰ ᠬᠥᠷᠦ ᠳᠠᠭᠤᠤ》 ᠨᠢ ᠬᠣᠶᠠᠳᠤᠭᠠᠷ ᠪᠦᠯᠦᠭ᠎ᠦᠨ ᠤᠯᠤᠰ᠎ᠤᠨ ᠲᠡᠰ᠎ᠦᠨ ᠪᠤᠳᠠᠰ᠎ᠤᠨ ᠪᠤᠰᠤ ᠰᠣᠶᠤᠯ᠎ᠤᠨ ᠥᠪ ᠦ᠋ᠨ ᠨᠡᠷᠡᠰ᠎ᠲᠦ ᠵᠢᠭ᠍ᠰᠠᠭᠠᠭᠳᠠᠬᠤ ᠶᠢ ᠳᠠᠭᠠᠯᠳᠤᠨ᠂ ᠡᠨᠡ ᠬᠦ᠌ ᠳᠠᠭᠤᠤ ᠤᠷᠠᠯᠢᠭ᠋ ᠨᠢ ᠠᠭᠠᠵᠢᠮ᠎ᠢᠶᠠᠷ ᠨᠡᠩ ᠣᠯᠠᠨ ᠬᠦᠮᠦᠰ᠎ᠦᠨ ᠠᠩᠬᠠᠷᠤᠯ ᠪᠠ ᠬᠠᠮᠠᠭᠠᠯᠠᠯᠲᠠ ᠶ᠋ᠢ ᠭᠥᠷᠳᠡᠭᠰᠡᠨ ᠪᠢᠯᠡ᠃ 2009 ᠣᠨ᠎ᠳᠤ ᠬᠦᠷᠥ ᠳᠠᠭᠤᠤ᠎ᠶᠢᠨ ᠰᠤᠳᠤᠯᠭᠠᠨ᠎ᠤ ᠨᠡᠢᠬᠡᠮᠯᠢᠭ ᠪᠤᠶᠤ《ᠬᠥᠷᠦ ᠳᠠᠭᠤᠤ᠎ᠶᠢᠨ ᠨᠡᠢᠭᠡᠮᠯᠢᠭ》᠂ 《ᠬᠦᠷᠦ ᠳᠠᠭᠤᠤ᠎ᠶᠢᠨ ᠪᠦᠯᠬᠦᠮ》 ᠪᠦᠷᠢᠯᠳᠦᠵᠦ᠂ ᠬᠠᠩᠭᠢᠨ 《ᠬᠦᠷᠦ ᠳᠠᠭᠤᠤ》 ᠶ᠋ᠢ ᠤᠷᠤᠨ ᠲᠠᠶᠠᠭᠠᠷ᠂ ᠴᠢᠨᠠᠭᠰᠢᠯᠠᠪᠠᠯ ᠲᠡᠯᠡᠬᠡᠢ᠎ᠳᠦ ᠲᠠᠨᠢᠭᠤᠯᠵᠤ ᠮᠡᠳᠡᠷᠡᠬᠦᠯᠵᠦ ᠳᠠᠭᠤᠯᠠᠭᠤᠯᠵᠤ ᠶᠠᠪᠤᠭᠰᠠᠨ᠎ᠢᠶᠠᠷ 2013 ᠣᠨ᠎ᠳᠤ ᠬᠠᠩᠭᠢᠨ ᠬᠣᠰᠢᠭᠤ ᠨᠢ 《ᠳᠤᠮᠳᠠᠳᠤ ᠤᠯᠤᠰ᠎ᠤᠨ ᠬᠦᠷᠦ ᠳᠠᠭᠤᠤ᠎ᠶᠢᠨ ᠥᠯᠦᠭᠡᠢ》 ᠬᠡᠮᠡᠭᠳᠡᠵᠦ ᠪᠢᠯᠡ᠃ ᠬᠠᠩᠭᠢᠨ ᠬᠣᠰᠢᠭᠤᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ ᠬᠦᠴᠦᠲᠡᠢ ᠳᠡᠮᠵᠢᠯᠭᠡ ᠪᠠ ᠤᠬᠠᠭᠤᠯᠭ᠎ᠠ ᠳᠣᠣᠷ᠎ᠠ᠂ ᠬᠦᠷᠦ ᠳᠠᠭᠤᠤ ᠨᠢ 2016 ᠣᠨ᠎ᠤ 9 ᠰᠠᠷ᠎ᠠ᠎ᠶᠢᠨ 20 ᠤ᠋ ᠡᠳᠦᠷ ᠤᠯᠤᠰ᠎ᠤᠨ ᠶᠡᠬᠡ ᠲᠢᠶᠠᠲᠷ᠎ᠲᠤ 《ᠳᠤᠮᠳᠠᠳᠤ ᠤᠯᠤᠰ᠎ᠤᠨ ᠠᠵᠢᠯᠴᠢᠨ ᠲᠠᠷᠢᠶᠠᠴᠢᠨ᠎ᠤ ᠤᠯᠠᠭᠠᠨ ᠴᠡᠷᠢᠭ᠎ᠦᠨ ᠣᠷᠳᠣ᠌ ᠵᠠᠮ᠎ᠤᠨ ᠠᠶᠠᠨ ᠲᠡᠶ᠋ᠢᠨ᠎ᠦ ᠢᠯᠠᠯᠲᠠ ᠣᠯᠣᠭᠰᠠᠨ ᠨᠠᠶᠠᠨ ᠵᠢᠯ᠎ᠦᠨ ᠣᠶ᠎ᠶᠢ ᠳᠤᠷᠠᠰᠬᠠᠬᠤ᠂ ᠨᠠᠢᠷᠠᠯ ᠳᠠᠭᠤᠤ ᠶ᠋ᠢᠨ ᠪᠦᠯᠬᠦᠮ ᠪᠠᠢᠭᠤᠯᠤᠭᠳᠠᠭᠰᠠᠨ ᠭᠤᠴᠢᠨ ᠵᠢᠯ᠎ᠦᠨ ᠣᠶ᠎ᠶᠢ ᠪᠡᠯᠭᠡᠯᠡᠬᠦ᠂ ᠤᠯᠤᠰ᠎ᠤᠨ ᠶᠡᠬᠡ ᠲᠢᠶᠠᠲᠷ᠎ᠤᠨ ᠡᠷᠬᠢᠮᠰᠦᠭ ᠰᠠᠢᠬᠠᠨ ᠤᠷᠠᠯᠢᠭ᠋᠎ᠤᠨ ᠣᠷᠳᠣᠨ᠎ᠤ ᠪᠣᠯᠪᠠᠰᠤᠨ᠎ᠤ ᠠᠶᠠᠯᠠᠯ》 ᠭᠡᠬᠦ ᠲᠣᠭᠯᠠᠯᠲᠠ᠎ᠳᠤ ᠤᠷᠤᠯᠴᠠᠵᠤ᠂ 2016 ᠣᠨ᠎ᠳᠤ ᠬᠢᠶ᠎ᠠ ᠪᠠᠭ᠍ᠰᠢ ᠲᠤᠭᠤᠷᠢᠭ᠋᠎ᠲᠤ ᠶᠠᠪᠤᠭᠳᠠᠭᠰᠠᠨ ᠪᠦᠬᠦ ᠤᠯᠤᠰ᠎ᠤᠨ ᠠᠷᠪᠠᠳᠤᠭᠠᠷ ᠬᠤᠭᠤᠴᠠᠭᠠᠨ᠎ᠤ ᠴᠥᠭᠡᠨ ᠲᠤᠭᠠᠲᠤ ᠦᠨᠳᠦᠰᠦᠲᠡᠨ᠎ᠦ ᠠᠷᠠᠳ᠎ᠤᠨ ᠵᠠᠩ ᠦᠢᠯᠡ᠎ᠶᠢᠨ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠲᠡᠭᠦᠰᠬᠦ ᠶᠣᠰᠣᠯᠠᠯ᠎ᠳᠤ ᠤᠷᠤᠯᠴᠠᠨ᠂ 2018 ᠣᠨ᠎ᠳᠤ ᠬᠠᠩᠭᠢᠨ ᠬᠥᠷᠦ ᠳᠠᠭᠤᠤ᠎ᠶᠢᠨ ᠨᠡᠢᠬᠡᠮᠯᠢᠭ᠎ᠦᠨ ᠬᠢᠨ ᠤᠯᠤᠰ᠎ᠤᠨ ᠺᠢᠨᠣ᠋ ᠵᠥᠴᠦᠭᠡ᠎ᠶᠢᠨ ᠲᠢᠶᠠᠲᠷ᠎ᠲᠤ ᠤᠷᠢᠭ᠍ᠲᠠᠨ 《ᠣᠷᠳᠣᠰ ᠬᠥᠷᠦ ᠳᠠᠭᠤᠤ》᠎ᠶ᠋ᠢᠨ ᠦᠵᠡᠬᠦᠯᠭᠡ ᠬᠢᠵᠦ᠂ 2019 ᠣᠨ᠎ᠳᠤ ᠠᠽᠢᠶ᠎ᠠ ᠲᠢᠪ᠎ᠦᠨ ᠵᠠᠩ ᠦᠢᠯᠡ ᠤᠷᠠᠯᠢᠭ᠋᠎ᠤᠨ ᠨᠠᠭᠠᠳᠤᠮ᠎ᠳᠤ ᠮᠥᠩᠭᠦᠨ ᠮᠸᠳᠡᠯ ᠲᠣᠰᠴᠤ᠂ 8 ᠰᠠᠷ᠎ᠠ᠎ᠳᠤ ᠪᠤᠯᠭᠠᠷᠢᠶ᠎ᠠ ᠤᠯᠤᠰ᠎ᠲᠤ ᠪᠤᠯᠤᠭᠰᠠᠨ ᠶᠢᠰᠦᠳᠦᠭᠡᠷ ᠬᠤᠭᠤᠴᠠᠭᠠᠨ᠎ᠤ ᠲᠡᠯᠡᠬᠡᠢ᠎ᠶᠢᠨ ᠵᠠᠩ ᠦᠢᠯᠡ᠂ ᠤᠷᠠᠯᠢᠭ᠋᠎ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳ᠋ᠤ᠌ ᠠᠯᠲᠠᠨ ᠮᠸᠳᠡᠯ ᠲᠤᠰᠴᠤ᠂ 《ᠣᠷᠳᠣᠰ ᠬᠥᠷᠦ ᠳᠠᠭᠤᠤ》᠎ᠶ᠋ᠢ ᠶᠢᠷᠲᠢᠨᠴᠦ᠎ᠶᠢᠨ ᠴᠢᠬᠢᠨ᠎ᠡ ᠰᠤᠨᠤᠷᠳᠠᠭᠤᠯᠵᠤ᠂ ᠲᠡᠯᠡᠬᠡᠢ᠎ᠶᠢᠨ ᠰᠣᠨᠣᠷ᠎ᠲᠤ ᠬᠦᠷᠭᠡᠵᠦ᠂ ᠥᠪᠡᠷᠮᠢᠴᠡ ᠷᠢᠳᠢ ᠰᠢᠳᠢ᠎ᠪᠡᠨ ᠳᠡᠯᠭᠡᠨ ᠦᠵᠡᠭᠦᠯᠵᠦ᠂ ᠰᠣᠶᠣᠯ᠎ᠤᠨ ᠢᠲᠡᠭᠡᠯ᠎ᠢᠶᠡᠨ ᠢᠯᠡᠷᠡᠭᠦᠯᠪᠡ᠃
ᠨᠡᠩ ᠪᠠᠶᠠᠷᠯᠠᠭᠤᠰᠢᠲᠠᠢ ᠨᠢ᠂ ᠬᠠᠩᠭᠢᠨ ᠬᠣᠰᠢᠭᠤ ᠨᠢ ᠭᠦᠷᠦ ᠳᠠᠭᠣᠣ᠎ᠪᠠᠨ ᠤᠯᠠᠮᠵᠢᠯᠠᠨ ᠵᠠᠯᠭᠠᠮᠵᠢᠯᠠᠬᠤ᠎ᠶᠢᠨ ᠲᠥᠯᠦᠭᠡ᠂ ᠲᠤᠰᠬᠠᠢ ᠪᠡᠯᠡ ᠮᠥᠩᠭᠥ ᠤᠷᠤᠭᠤᠯᠵᠤ ᠪᠠᠢᠭᠠᠳ ᠲᠠᠯᠠᠪᠤᠷ ᠣᠷᠳᠣᠨ ᠪᠠᠶ᠋ᠢᠭᠤᠯᠬᠤ᠂ ᠤᠷᠤᠯᠳᠤᠭᠠᠨ ᠥᠷᠨᠢᠬᠦᠯᠬᠦ᠂ ᠰᠤᠳᠤᠯᠤᠨ ᠶᠠᠷᠢᠯᠴᠠᠬᠤ ᠬᠤᠷᠠᠯ ᠬᠢᠬᠦ᠂ ᠪᠣᠯᠪᠠᠰᠤᠷᠠᠯ᠎ᠤᠨ ᠠᠩᠭᠢ ᠡᠷᠭᠢᠯᠡᠬᠦ ᠵᠡᠷᠭᠡ ᠠᠷᠭ᠎ᠠ ᠮᠠᠶᠢᠭ᠋᠎ᠢᠶᠠᠷ ᠳᠠᠮᠵᠢᠭᠤᠯᠤᠨ᠂ ᠣᠯᠠᠨ ᠲᠠᠰ ᠳᠠᠪᠬᠤᠷᠭ᠎ᠠ᠎ᠶᠢᠨ ᠤᠯᠠᠮᠵᠢᠯᠠᠨ ᠵᠠᠯᠭᠠᠮᠵᠢᠯᠠᠬᠤ ᠡᠩᠨᠡᠭᠡ᠎ᠶᠢ ᠪᠠᠢᠭᠤᠯᠵᠤ᠂ ᠢᠷᠠᠭᠤ ᠡᠬᠡᠰᠢᠭᠢ ᠬᠤᠯᠠ᠎ᠶᠢᠨ ᠬᠣᠯᠠ᠎ᠳᠤ ᠴᠤᠤᠷᠢᠶᠠᠳᠤᠭᠤᠯᠵᠦ ᠪᠢᠯᠡ᠃