ᠱᠢᠭᠤᠳ ᠨᠡᠪᠳᠡᠷᠡᠬᠦᠯᠬᠡ᠎ᠪᠠᠷ ᠲᠡᠯᠡᠬᠡᠢ ᠶ᠋ᠢᠨ ᠵᠠᠬ᠎ᠠ ᠲᠡᠯᠬᠡᠬᠦᠷ ᠲᠤ᠌ ᠭᠠᠷᠤᠭᠰᠠᠠ 《ᠠᠮᠲᠠᠲᠤ ᠢᠲᠡᠭᠡᠨ》
2026-07-10 10:45:19
ᠵᠣᠬᠢᠶᠠᠭ᠍ᠴᠢ᠄
ᠬᠤᠷᠸ᠎ᠠ ᠡᠷᠳᠡᠨᠢᠬᠡᠷᠡᠯ
ᠣᠩᠱᠢᠭ᠍ᠰᠠᠨ ᠣᠳᠠᠭ᠎ᠠ᠄
★★★☆☆

ᠪᠠᠶᠠᠨᠨᠠᠭᠤᠷ ᠬᠤᠲᠠ ᠵᠢᠨ ᠤᠷᠠᠳ᠎ᠤᠨ ᠳᠤᠮᠳᠠᠳᠤ ᠬᠤᠱᠢᠭᠤᠨ᠎ᠤ ᠱᠢᠶᠠᠩ ᠭᠧ ᠪᠤᠭᠤᠷᠰᠤᠭ᠎ᠤᠨ ᠥᠷᠥᠭᠡ ᠲᠠᠯ᠎ᠠ ᠨᠤᠲᠤᠭ᠎ᠤᠨ ᠴᠠᠭᠠᠨ ᠢᠳᠡᠭᠡᠨ ᠵᠢᠡᠷ ᠬᠢᠭ᠌ᠰᠡᠨ ᠪᠤᠭᠤᠷᠰᠤᠭ᠎ᠢᠶᠠᠨ ᠱᠢᠭᠤᠳ ᠨᠡᠪᠳᠡᠷᠡᠬᠦᠯᠬᠡ᠎ᠪᠠᠷ ᠪᠤᠷᠤᠯᠠᠭᠤᠯᠵᠤ᠂ ᠤᠷᠤᠨ ᠨᠤᠲᠤᠭ᠎ᠤᠨ ᠠᠮᠲᠠᠲᠤ ᠢᠳᠡᠭᠡᠨ ᠵᠢᠡᠨ ᠵᠠᠬ᠎ᠠ ᠳᠡᠯᠭᠡᠭᠦᠷ᠎ᠲᠤ ᠠᠮᠵᠢᠯᠲᠠ ᠲᠠᠢ ᠭᠠᠷᠭᠠᠭ᠍ᠰᠠᠨ ᠲᠠᠭᠤᠷᠢᠶᠠᠯ ᠪᠣᠯᠵᠤ᠂ ᠤᠯᠤᠰ᠎ᠤᠨ ᠲᠤᠲᠤᠭᠠᠲᠤ ᠭᠠᠲᠠᠭᠠᠲᠤ᠎ᠶ᠋ᠢᠨ ᠬᠡᠷᠡᠭ᠌ᠯᠡᠭ᠌ᠴᠢᠳ᠎ᠤᠨ ᠲᠠᠭᠠᠰᠢᠶᠠᠯ᠎ᠳᠤ ᠬᠦᠷᠴᠦ ᠪᠤᠢ᠃


QQ截图20260710155340.png


ᠰᠢᠭᠤᠳ ᠨᠡᠪᠳᠡᠷᠡᠬᠦᠯᠬᠡ ᠬᠢᠨ᠎ᠠ


ᠱᠢᠶᠠᠩ ᠭᠧ ᠪᠤᠭᠤᠷᠰᠤᠭ᠎ᠤᠨ ᠥᠷᠥᠭᠡ᠎ᠶ᠋ᠢᠨ ᠡᠵᠡᠨ ᠵᠠᠢ ᠾᠦᠢ ᠪᠣᠯ ᠭᠠᠭ᠍ᠴᠠᠮᠣᠳᠣ ᠪᠠᠯᠭᠠᠰᠣᠨ᠎ᠤ ᠲᠦᠬᠦᠷᠢᠭ ᠭᠠᠴᠠᠭᠠᠨ᠎ᠤ ᠮᠠᠯᠴᠢᠨ ᠪᠣᠯᠣᠨ᠎ᠡ᠃ ᠮᠠᠯ ᠪᠡᠯᠴᠢᠬᠡᠷ᠎ᠤᠨ ᠲᠠᠩᠴᠡᠬᠦᠷᠢ ᠵᠢ ᠪᠠᠳᠤᠯᠠᠵᠤ ᠪᠡᠯᠴᠢᠬᠡᠷᠯᠡᠬᠦᠯᠬᠦ ᠵᠢ ᠵᠤᠭ᠍ᠰᠤᠭᠠᠭ᠍ᠰᠠᠨ᠎ᠤ ᠲᠠᠷᠠᠭ᠎ᠠ᠂ 2018 ᠤᠨ᠎ᠳᠤ ᠬᠤᠱᠢᠭᠤᠨ ᠲᠦᠪ ᠬᠠᠯᠢᠭᠤᠲᠤ ᠪᠠᠯᠭᠠᠰᠤᠨ᠎ᠳᠤ ᠪᠤᠭᠤᠷᠰᠤᠭ᠎ᠤᠨ ᠳᠡᠯᠬᠡᠬᠦᠷ᠎ᠡᠷᠬᠢᠯᠡᠵᠡᠢ᠃ 2023 ᠤᠨ᠎ᠠᠴᠠ ᠡᠬᠢᠯᠡᠨ ᠱᠢᠶᠠᠩ ᠭᠧ ᠪᠤᠭᠤᠷᠰᠤᠭ᠎ᠤᠨ ᠥᠷᠥᠭᠡ ᠤᠷᠠᠳ᠎ᠤᠨ ᠳᠤᠮᠳᠠᠳᠤ ᠬᠤᠱᠢᠭᠤᠨ᠎ᠤ ᠪᠥᠬᠦ᠌ ᠬᠤᠲᠠ᠎ᠶ᠋ᠢᠨ ᠬᠢᠯᠢ ᠠᠯᠤᠰᠯᠠᠭ᠍ᠰᠠᠨ ᠡᠯᠧᠺᠲᠷᠣᠨ ᠬᠤᠳᠠᠯᠳᠤᠭᠠᠨ᠎ᠤ ᠣᠯᠠᠨ ᠨᠡᠢᠲᠡ᠎ᠶ᠋ᠢᠨ ᠦᠢᠯᠡᠴᠢᠯᠡᠭᠡᠨ᠎ᠤ ᠲᠠᠪᠴᠠᠩ᠎ᠳᠤ ᠢᠳᠡᠪᠬᠢᠲᠡᠢ ᠠᠭᠤᠰᠤᠯᠴᠠᠬᠤ ᠲᠥᠷᠥ᠎ᠶ᠋ᠢᠨ ᠪᠣᠳᠣᠯᠭ᠎ᠠ᠎ᠶ᠋ᠢᠨ ᠠᠵᠠ ᠲᠣᠬᠢᠶᠠᠯ᠎ᠳᠤ ᠲᠦᠱᠢᠭ᠌ᠯᠡᠨ᠂ ᠪᠦᠲᠦᠭᠡᠭᠳᠡᠭᠦᠨ ᠵᠢᠡᠨ ᠰᠦᠯᠵᠢᠶᠡᠨ ᠲᠡᠭᠡᠷ᠎ᠡ ᠪᠤᠷᠤᠯᠠᠭᠤᠯᠵᠦ ᠡᠬᠢᠯᠡᠪᠡ᠃ 2026 ᠤᠨ᠎ᠠᠴᠠ ᠱᠢᠭᠤᠳ ᠨᠡᠪᠲᠡᠷᠡᠬᠦᠯᠭᠡ᠎ᠪᠠᠷ ᠪᠤᠷᠤᠯᠠᠭᠤᠯᠵᠤ᠂ ᠡᠳᠦᠷ ᠪᠣᠯᠭᠠᠨ ᠡᠭᠡᠳᠡᠭ᠌ᠰᠡᠨ ᠰᠦ᠎ᠲᠠᠢ ᠪᠤᠭᠤᠷᠰᠤᠭ᠂ ᠱᠢᠷ᠎ᠠ ᠲᠣᠰᠣ᠎ᠲᠠᠢ ᠪᠤᠭᠤᠷᠰᠤᠭ᠂ ᠬᠤᠷᠣᠳ᠎ᠲᠠᠢ ᠪᠤᠭᠤᠷᠰᠤᠭ ᠵᠡᠷᠭᠡ ᠵᠢ ᠬᠢᠵᠦ᠍ ᠪᠠᠢᠭ᠎ᠠ ᠶᠠᠪᠤᠴᠠ ᠪᠠᠨ ᠦᠵᠡᠭ᠌ᠴᠢᠳ᠎ᠲᠤ ᠨᠠᠷᠢᠨ ᠲᠠᠢᠯᠪᠤᠷᠢᠯᠡᠵᠦ᠍᠂ ᠪᠣᠷᠣᠳᠣᠬᠤᠢ᠎ᠶ᠋ᠢᠨ ᠪᠤᠭᠤᠳᠠᠢ᠎ᠶ᠋ᠢᠨ ᠭᠤᠯᠢᠷ᠂ ᠮᠠᠯᠵᠢᠬᠤ ᠣᠷᠣᠨ᠎ᠤ ᠴᠠᠭᠠᠨ ᠢᠲᠡᠭᠡᠨ᠎ᠤ ᠠᠭᠤᠰᠣᠯᠴᠠᠯ᠎ᠢ ᠬᠦᠢᠴᠡᠳ ᠢᠯᠡᠷᠡᠭᠦᠯᠵᠡᠢ᠃ ᠣᠳᠣ ᠲᠤᠰ ᠲᠡᠯᠭᠡᠬᠦᠷ᠎ᠤᠨ ᠪᠤᠭᠤᠷᠰᠤᠭ᠎ᠨᠢ ᠪᠡᠬᠡᠵᠢᠩ᠂ ᠶᠦᠨᠨᠠᠨ᠂ ᠱᠠᠩᠬᠠᠢ᠂ ᠭᠤᠸᠠᠩᠵᠧᠦ᠂ ᠮᠦᠭ᠌ᠲᠡᠨ ᠬᠤᠲᠠ ᠵᠡᠷᠬᠡ ᠭᠠᠵᠠᠷ ᠤᠷᠤᠨ ᠵᠢᠡᠷ ᠪᠤᠷᠤᠯᠠᠭᠤᠯᠤᠭᠳᠠᠵᠤ ᠪᠠᠢᠬᠤ ᠪᠡᠷ ᠪᠠᠷᠠᠬᠤ ᠦᠭᠡᠢ ᠪᠠᠰᠠ ᠮᠣᠩᠭᠤᠯ ᠤᠯᠤᠰ᠂ ᠶᠠᠫᠤᠨ᠂ ᠺᠣᠷᠢᠶᠠ᠂ ᠠᠦ᠋ᠰᠲᠷᠠᠯᠢᠶ᠎ᠠ ᠵᠡᠷᠬᠡ ᠣᠯᠣᠰ᠎ᠲᠤ ᠪᠤᠷᠤᠯᠠᠭᠤᠯᠤᠭ᠍ᠲᠠᠭᠠᠳ ᠮᠠᠰᠢ ᠰᠠᠢᠨ ᠲᠤᠰᠭᠠᠯ ᠲᠠᠢ ᠪᠤᠯᠤᠭᠰᠠᠠ ᠪᠠᠢᠨ᠎ᠠ᠃


QQ截图20260710104719.png


ᠪᠤᠭᠤᠷᠰᠤᠭ᠎ᠤᠨ ᠦᠷᠤᠬᠡᠨ᠎ᠳᠤ ᠶᠠᠭᠠᠷᠠᠯᠳᠠᠢ ᠠᠵᠢᠯᠯᠠᠨ᠎ᠠ


ᠱᠢᠶᠠᠩ ᠭᠧ ᠪᠤᠭᠤᠷᠰᠤᠭ᠎ᠤᠨ ᠥᠷᠥᠭᠡ ᠲᠡᠯᠭᠡᠬᠦᠷ᠎ᠢᠶᠠᠨ ᠨᠡᠭᠡᠭᠡᠭ᠌ᠰᠡᠨ 9 ᠵᠢᠯ᠎ᠤᠨ ᠬ᠍ᠤᠭᠤᠴᠠᠭᠠᠨ᠎ᠳᠤ ᠠᠲᠠᠯᠢ ᠪᠤᠰᠤ ᠭᠡᠷᠡᠭ᠌ᠯᠡᠭ᠌ᠴᠢᠳ᠎ᠤᠨ ᠬᠡᠷᠡᠭᠴᠡᠭᠡ᠎ᠳᠤ ᠴᠢᠭ᠌ᠯᠡᠬᠦᠯᠦᠨ᠂ ᠪᠤᠭᠤᠷᠰᠤᠭ᠎ᠤᠨ ᠴᠢᠨᠠᠷ᠂ ᠠᠮᠲᠠ᠂ ᠱᠢᠨᠡᠴᠢᠯᠡᠯ᠎ᠢ ᠴᠢᠬᠤᠯᠠᠴᠢᠯᠠᠨ᠂ ᠪᠤᠭᠤᠷᠰᠤᠭ᠎ᠤᠨ ᠲᠦᠷᠦᠯ ᠵᠦᠢᠯ ᠵᠢᠡᠨ ᠡᠲᠦᠷ ᠢᠷᠡᠬᠦᠶ᠎ᠡ ᠨᠡᠮᠡᠭᠳᠡᠭᠦᠯᠪᠡ᠃ ᠲᠡᠯᠭᠡᠬᠦᠷ᠎ᠤᠨ ᠦᠷᠭᠡᠵᠢᠬᠦ᠌᠎ᠶ᠋ᠢ ᠲᠠᠭᠠᠯᠲᠤᠨ᠂ ᠨᠡᠩ ᠤᠯᠠᠨ ᠠᠵᠢᠯᠲᠠᠨ ᠡᠯᠰᠡᠬᠦ ᠴᠢᠬᠤᠯᠠ᠎ᠲᠠᠢ ᠪᠤᠯᠵᠤ᠂ ᠬᠠᠯᠢᠭᠤᠲᠤ ᠪᠠᠯᠭᠠᠰᠤᠨ᠎ᠳᠤ ᠬᠡᠦᠬᠡᠳ᠎ᠢᠶᠠᠨ ᠬᠠᠷᠠᠵᠣ ᠰᠠᠭᠤᠭ᠎ᠠ ᠬᠡᠷ᠎ᠤᠨ ᠠᠬᠠᠮᠠᠳ᠎ᠲᠤ ᠠᠵᠢᠯ ᠣᠯᠭᠤᠬᠤ ᠳᠤᠬᠢᠶᠠᠯ ᠬᠠᠩᠭᠠᠨ᠂ ᠡᠲᠦᠭᠡ 6 ᠬᠦᠮᠦᠨ᠎ᠢ ᠡᠯᠰᠡᠨ ᠬᠡᠷᠡᠭᠯᠡᠵᠦ ᠪᠤᠢ᠃ 《ᠪᠢ ᠡᠨᠡ ᠳᠡᠯᠬᠡᠬᠦᠷ᠎ᠲᠤ ᠢᠷᠡᠵᠣ ᠠᠵᠢᠯᠯᠠᠭᠠᠳ ᠬᠠᠭᠠᠰ ᠵᠢᠯ᠎ᠤᠨ ᠨᠢᠭᠤᠷ ᠦᠵᠡᠵᠤ ᠪᠠᠢᠨ᠎ᠠ᠃ ᠠᠳᠡᠬᠢ᠎ᠪᠤᠭᠤᠷᠰᠤᠭ ᠪᠣᠯ ᠴᠣᠯ ᠪᠠᠢᠭᠠᠯᠢᠯᠢᠭ ᠡ᠂ ᠪᠢ ᠬᠡᠦᠬᠡᠳ᠎ᠢᠶᠠᠨ ᠬᠠᠷᠠᠬᠤ ᠵᠢᠨ ᠳᠠᠭᠠᠤ ᠣᠷᠣᠯᠭ᠎ᠠ᠎ᠪᠠᠨ ᠪᠠᠰᠠ ᠨᠡᠮᠡᠭ᠌ᠳᠡᠬᠦᠯᠴᠢᠬᠡᠨ᠎ᠡ᠂ ᠮᠠᠨ᠎ᠤ ᠪᠤᠭᠤᠷᠰᠤᠭ ᠬᠡᠷᠡᠭᠯᠡᠭᠴᠢᠳ᠎ᠲᠦ ᠮᠠᠰᠢ ᠬᠦᠷᠢᠶᠡᠯᠡᠭᠳᠡᠵᠦ ᠪᠠᠢᠨ᠎ᠠ ᠰᠢᠦ》 ᠬᠡᠵᠣ ᠭᠤᠸ᠎ᠠ ᠶᠠᠷᠢᠪᠡ᠃


QQ截图20260710104735.png


ᠪᠤᠭᠤᠷᠰᠤᠭ ᠵᠢᠠᠨ ᠬᠢᠵᠤ ᠶᠠᠭᠠᠷᠠᠨ᠎ᠠ


ᠱᠢᠶᠠᠩ ᠭᠧ ᠪᠤᠭᠤᠷᠰᠤᠭ᠎ᠤᠨ ᠥᠷᠥᠭᠡ᠎ᠶᠠᠰᠤ ᠴᠢᠨᠠᠷ᠎ᠢ ᠴᠢᠬᠤᠯᠠᠴᠢᠯᠠᠨ᠂ ᠱᠢᠭᠤᠳ ᠨᠡᠪᠲᠡᠷᠡᠭᠦᠯᠬᠦ᠌ ᠵᠠᠭ᠍ᠪᠤᠷ᠎ᠢᠶᠠᠷ ᠤᠷᠤᠨ ᠨᠤᠲᠤᠭ᠎ᠤᠨ ᠢᠳᠡᠭᠡᠨ ᠤᠮᠳᠠᠭᠠᠨ᠎ᠤ ᠱᠢᠨ᠎ᠡ᠎ᠶ᠋ᠢ ᠡᠭᠦᠳᠦᠭᠰᠡᠨ᠎ᠢᠶᠠᠷ ᠪᠠᠷᠠᠬᠤ ᠦᠭᠡᠢ ᠨᠠᠩ ᠴᠤ᠌ ᠤᠷᠠᠳ᠎ᠤᠨ ᠳᠤᠮᠳᠠᠳᠤ ᠬᠤᠱᠢᠭᠤᠨ᠎ᠤ ᠪᠣᠭᠤᠮᠲᠠ᠎ᠶ᠋ᠢᠨ ᠠᠵᠤ ᠠᠬᠤᠢ᠎ᠳᠤ ᠲᠦᠱᠢᠭ᠌ᠯᠡᠬᠦ᠂ ᠬᠢᠯᠢ ᠠᠯᠤᠰᠯᠠᠭ᠍ᠰᠠᠨ ᠡᠯᠧᠺᠲᠷᠣᠨ ᠬᠤᠳᠠᠯᠳᠤᠭ᠎ᠠ᠎ᠶ᠋ᠢ ᠬᠦᠭ᠌ᠵᠢᠬᠦᠯᠬᠦ᠌ ᠠᠮᠢᠳᠤᠯᠢᠭ ᠦᠢᠯᠡᠳᠦᠯᠭᠡ ᠪᠤᠯᠵᠠᠢ᠃ ᠢᠷᠡᠭᠡᠳᠦᠢ᠎ᠳᠤ ᠪᠦᠲᠦᠭᠡᠭᠳᠡᠭᠦᠨ ᠪᠠ ᠪᠠᠷᠠᠭᠠᠨ᠎ᠤ ᠭᠦᠢᠯᠭᠡᠭᠡ᠎ᠶ᠋ᠢ ᠦᠷᠭᠦᠯᠵᠢᠯᠡᠨ ᠱᠢᠯᠢᠳᠡᠭ᠌ᠵᠢᠭᠦᠯᠵᠦ᠍᠂ ᠲᠠᠯ᠎ᠠ ᠨᠤᠲᠤᠭ᠎ᠤᠨ ᠵᠢᠵᠢᠭ ᠳᠡᠯᠭᠡᠭᠦᠷ᠎ᠠᠴᠠ ᠳᠣᠳᠣᠭᠠᠳᠣ ᠭᠠᠳᠠᠭᠠᠳᠤ᠎ᠶ᠋ᠢᠨ ᠭᠡᠷᠡᠭ᠌ᠯᠡᠭ᠌ᠴᠢᠳ᠎ᠤᠨ ᠬᠤᠭᠤᠯᠠᠨ ᠱᠢᠷᠡᠭᠡ ᠬᠦᠷᠲᠡᠯ᠎ᠡ᠂ ᠨᠠᠩ ᠣᠯᠠᠨ ᠦᠨᠦᠷ ᠠᠮᠲᠠᠲᠤ ᠢᠲᠡᠭᠡᠨ᠎ᠢ ᠲᠠᠨᠢᠭᠤᠯᠬᠤ᠎ᠪᠠᠷ ᠬᠦᠴᠦᠯᠡᠵᠣ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号