ᠪᠠᠶᠠᠷ ᠲᠤᠷᠠᠰᠬᠠᠯ ᠤ᠋ᠨ ᠡᠳᠤᠷ ᠤ᠋ᠨ ᠪᠠᠶᠠᠯᠢᠭ ᠠᠵᠢᠯᠯᠠᠭ᠎ᠠ ᠰᠤᠶᠤᠯ ᠵᠢᠭᠤᠯᠴᠢᠯᠠᠯ ᠤ᠋ᠨ ᠦᠢᠯᠡᠰ ᠤ᠋ᠨ ᠰᠤᠳᠤᠨ ᠴᠢᠮᠡᠭ
2026-07-10 10:16:09
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

— 《ᠰᠢᠵᠢᠷ ᠠᠯᠳᠠᠨ ᠤᠯᠠᠷᠢᠯ ᠳ᠋ᠦ ᠦᠪᠦᠷ ᠮᠤᠨᠭᠭᠤᠯ ᠢ᠋ᠶ᠋ᠡᠷ ᠳᠠᠪᠠᠳᠠᠢ ᠵᠢᠭᠤᠯᠴᠢᠯᠠᠬᠤ》 ᠬᠡᠷᠡᠭᠯᠡᠭᠡ ᠵᠢ ᠠᠬᠢᠭᠤᠯᠬᠤ ᠠᠵᠢᠯᠯᠠᠭ᠎ᠠ ᠶ᠋ᠢᠨ ᠲᠤᠬᠠᠢ ᠲᠡᠮᠳᠡᠭᠯᠡᠯ


ᠬᠦᠬᠡᠬᠤᠳᠠ ᠶ᠋ᠢᠨ ᠪᠤᠭᠤᠮᠳᠠ ᠶ᠋ᠢᠨ ᠭᠠᠳᠠᠨᠠᠬᠢ ᠬᠠᠭᠤᠴᠢᠨ ᠵᠡᠬᠡᠯᠢ ᠳ᠋ᠦ ᠪᠤᠳᠠᠳᠦ ᠦᠵᠡᠭᠳᠡᠯᠳᠦ ᠵᠦᠴᠦᠭᠡ 《ᠲᠡᠮᠡᠭᠡᠨ ᠵᠢᠩ》 ᠤ᠋ᠨ ᠲᠤᠭᠤᠷᠢᠨ ᠲᠤᠭᠯᠠᠯᠳᠠ ᠶᠠᠪᠤᠭᠳᠠᠵᠦ᠂ ᠵᠢᠭᠤᠯᠴᠢᠯᠠᠭᠰᠠᠳ ᠲᠠᠢ ᠴᠢᠯᠦᠬᠡᠳᠡᠢ ᠬᠤᠷᠰᠢᠯᠴᠠᠨ᠂ ᠳᠠᠭᠠᠵᠦ ᠰᠡᠬᠦᠳᠡᠷᠯᠡᠭᠰᠡᠳ ᠬᠦᠭᠵᠢᠯᠳᠤᠨ ᠪᠠᠶᠠᠰᠤᠨ᠎ᠠ᠃ ᠲᠠᠪᠤᠨ ᠰᠠᠷ᠎ᠠ ᠶ᠋ᠢᠨ ᠰᠢᠨ᠎ᠠ ᠶ᠋ᠢᠨ ᠳᠠᠪᠤᠨ ᠪᠤᠯ ᠲᠤᠮᠳᠠᠳᠦ ᠶ᠋ᠢᠨ ᠤᠯᠠᠮᠵᠢᠯᠠᠯᠳᠦ ᠪᠠᠶᠠᠷ ᠲᠤᠷᠠᠰᠬᠠᠯ ᠤ᠋ᠨ ᠡᠳᠦᠷ᠂ ᠡᠨᠡ ᠵᠢᠯ ᠬᠦᠬᠡᠬᠤᠳᠠ ᠵᠢᠨ ᠬᠢᠨ ᠵᠤᠷᠰᠢᠯ ᠶᠤᠰᠤᠭᠠᠷ ᠡᠨᠡ ᠬᠦ᠌ ᠪᠠᠶᠠᠷ ᠲᠤᠷᠠᠰᠬᠠᠯ ᠤ᠋ᠨ ᠡᠳᠤᠷ ᠵᠢᠡᠨ ᠬᠦᠭᠵᠢᠶᠡᠨᠳᠡᠢ ᠳᠡᠮᠳᠡᠭᠯᠡᠵᠠᠢ᠃


QQ截图20260710102715.png


ᠪᠤᠳᠠᠳᠦ ᠦᠵᠡᠭᠳᠡᠯᠳᠦ ᠵᠦᠴᠦᠭᠡ 《ᠲᠡᠮᠡᠭᠡᠨ ᠵᠢᠩ》 ᠤ᠋ᠨ ᠬᠡᠰᠡᠭ ᠦᠵᠡᠭᠳᠡᠯ


ᠬᠦᠬᠡᠬᠤᠳᠠ ᠲᠡᠳᠤᠢ ᠦᠬᠡᠢ᠂ ᠡᠨᠡ ᠵᠢᠯ ᠤ᠋ᠨ ᠲᠠᠪᠤᠨ ᠰᠠᠷ᠎ᠠ ᠶ᠋ᠢᠨ ᠰᠢᠨ᠎ᠠ ᠶ᠋ᠢᠨ ᠳᠠᠪᠤᠨ ᠤ᠋ ᠠᠮᠠᠷᠠᠯᠳᠠ ᠳ᠋ᠦ ᠦᠪᠤᠷ ᠮᠤᠩᠭᠤᠯ ᠦᠨᠳᠦᠰᠦᠲᠡᠨ ᠤ᠋ ᠵᠠᠩ ᠦᠢᠯᠡ ᠶ᠋ᠢᠨ ᠪᠡᠶᠡᠴᠢ ᠤᠢᠯᠠᠭᠠᠯᠳᠠ᠂ ᠲᠠᠯ᠎ᠠ ᠨᠤᠲᠤᠭ ᠤ᠋ᠨ ᠨᠠᠢᠷ ᠨᠠᠭᠠᠳᠤᠮ᠂ ᠦᠳᠡᠰᠢᠯᠡᠭᠡ ᠲᠣᠭᠯᠠᠯᠲᠠ ᠵᠡᠷᠬᠡ 400 ᠭᠠᠷᠤᠢ ᠵᠦᠢᠯ ᠤ᠋ᠨ ᠠᠵᠢᠯᠯᠠᠭ᠎ᠠ ᠵᠢ ᠡᠷᠭᠢᠯᠡᠨ ᠶᠠᠪᠤᠭᠳᠠᠭᠤᠯᠵᠦ᠂ ᠰᠣᠶᠣᠯ ᠵᠢᠭᠤᠯᠴᠢᠯᠠᠯ ᠤ᠋ᠨ ᠵᠠᠬ᠎ᠠ ᠳᠡᠯᠭᠡᠭᠦᠷ ᠢ᠋ ᠬᠦᠭᠵᠢᠬᠡᠨ ᠬᠡᠷᠡᠭᠯᠡᠭᠡ ᠵᠢ ᠠᠬᠢᠭᠤᠯᠤᠭᠰᠠᠨ ᠪᠠᠢᠨ᠎ᠠ᠃

ᠪᠣᠭᠣᠮᠲᠠ ᠶ᠋ᠢᠨ ᠭᠠᠳᠠᠨᠠᠬᠢ ᠬᠠᠭᠤᠴᠢᠨ ᠵᠡᠭᠡᠯᠢ ᠳ᠋ᠦ ᠵᠢᠭᠤᠯᠴᠢᠯᠠᠭᠰᠠᠳ ᠤᠯᠠᠰᠢᠷᠠᠨ ᠬᠦᠮᠦᠨ ᠤ᠋ ᠳᠠᠯᠠᠢ ᠪᠤᠯᠵᠦ᠂ ᠲᠠᠪᠤᠨ ᠥᠩᠭᠡ ᠶ᠋ᠢᠨ ᠦᠩᠬᠡᠳᠦ ᠵᠡᠬᠦᠯᠳᠡ᠂ ᠦᠨᠦᠷᠲᠦ ᠬᠠᠪᠳᠠᠭ᠎ᠠ ᠵᠡᠭᠡᠯᠢ ᠲᠦᠬᠦᠷᠡᠩ ᠡᠯᠭᠦᠭᠳᠡᠵᠦ᠂ ᠤᠯᠠᠮᠵᠢᠯᠠᠯᠳᠦ ᠪᠠᠶᠠᠷ ᠲᠤᠷᠠᠰᠬᠠᠯ ᠤ᠋ᠨ ᠦᠩᠭᠡ ᠪᠤᠳᠤᠭ ᠵᠢᠡᠷ ᠦᠳᠬᠡᠨ ᠪᠠᠢᠯ᠎ᠠ᠃ ᠬᠥᠬᠡᠬᠣᠲᠠ ᠶ᠋ᠢᠨ ᠺᠤᠸᠠᠨ ᠰᠢᠶᠠᠩ ᠽᠢ ᠰᠣᠶᠣᠯ ᠵᠢᠭᠤᠯᠴᠢᠯᠠᠯ ᠤ᠋ᠨ ᠵᠡᠭᠡᠯᠢ ᠲᠣᠭᠣᠷᠢᠭ ᠲᠦ᠍ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠤᠯᠠᠮᠵᠢᠯᠠᠭᠴᠢ ᠲᠤᠬᠠᠢ ᠶ᠋ᠢᠨ ᠲᠠᠯᠠᠪᠤᠷ ᠲᠦ᠍ ᠥᠩᠭᠡᠲᠦ ᠵᠡᠬᠦᠯᠳᠡ ᠬᠦᠷᠦᠨ ᠦᠨᠦᠷᠲᠦ ᠬᠠᠪᠳᠠᠭ᠎ᠠ ᠬᠢᠵᠦ᠂ ᠵᠢᠭᠤᠯᠴᠢᠯᠠᠭᠰᠠᠳ ᠪᠠᠬᠠᠷᠬᠠᠨ ᠠᠪᠴᠠᠭᠠᠨ᠎ᠠ᠃ ᠾᠧᠪᠧᠢ ᠮᠣᠵᠢ ᠡᠴᠡ ᠥᠪᠡᠷ ᠵᠢᠡᠨ ᠮᠠᠰᠢᠨ ᠪᠠᠷᠢᠭᠠᠳ ᠵᠢᠭᠤᠯᠴᠢᠯᠠᠵᠦ ᠢᠷᠡᠭᠰᠡᠨ ᠴᠧᠨ ᠠᠪᠠᠬᠠᠢ ᠰᠠᠶᠢᠬᠠᠨ ᠪᠠᠭᠯᠠᠭᠰᠠᠨ ᠰᠢᠨ᠎ᠡ ᠽᠦᠩᠽᠢ ᠠᠪᠴᠦ᠄ ︽ᠨᠢᠭᠡ ᠲᠠᠯ᠎ᠠ ᠪᠠᠷ  ᠲᠠᠪᠤᠨ ᠰᠠᠷ᠎ᠠ ᠶ᠋ᠢᠨ ᠰᠢᠨ᠎ᠡ ᠶ᠋ᠢᠨ ᠲᠠᠪᠤᠨ ᠤ᠋ ᠠᠷᠠᠳ ᠤ᠋ᠨ ᠵᠠᠩ ᠦᠢᠯᠡ ᠵᠢ ᠰᠣᠨᠢᠷᠬᠠᠵᠤ᠂ ᠨᠦᠬᠦᠭᠡ ᠲᠠᠯ᠎ᠠ ᠪᠠᠷ ᠲᠠᠯ᠎ᠠ ᠨᠤᠲᠤᠭ ᠤ᠋ᠨ ᠬᠣᠲᠠ ᠶ᠋ᠢᠨ ᠥᠩᠭᠡ ᠦᠵᠡᠮᠵᠢ ᠵᠢ ᠰᠣᠨᠢᠷᠬᠠᠬᠤ ᠶ᠋ᠢᠨ ᠬᠠᠮᠲᠤ ᠠᠷᠠᠰᠤᠨ ᠰᠡᠢᠯᠦᠮᠡᠯ᠂ ᠢᠰᠡᠭᠡᠢ ᠤᠷᠠᠯᠠᠯ ᠤ᠋ᠨ ᠦᠢᠯᠡᠳᠬᠦᠨ ᠡᠴᠡ ᠬᠤᠳᠠᠯᠳᠤᠨ ᠠᠪᠴᠤ᠂ ᠠᠶᠠᠯᠠᠯ ᠵᠢᠭᠤᠯᠴᠢᠯᠠᠯ ᠤ᠋ᠨ ᠵᠠᠮ ᠳ᠋ᠠᠭᠠᠨ ᠭᠠᠨᠵᠤᠭ᠎ᠠ ᠳᠦᠭᠦᠷᠡᠩ ᠪᠠᠢᠵᠤ᠂ ᠰᠢᠨ᠎ᠡ ᠰᠡᠪᠡᠬᠦᠨ ᠵᠦᠢᠯᠡᠰ ᠢ᠋ ᠬᠠᠨᠳᠠᠯ᠎ᠠ ᠦᠵᠡᠯ᠎ᠠ︾ᠭᠡᠵᠦ ᠶᠡᠬᠡ ᠤᠷᠮᠠᠳᠠᠢ ᠬᠡᠯᠡᠨ᠎ᠠ᠃

ᠺᠤᠸᠠᠨ ᠰᠢᠶᠠᠩ ᠽᠢ ᠵᠡᠬᠡᠯᠢ ᠶ᠋ᠢᠨ ᠬᠤᠳᠠᠯᠳᠤᠭᠠᠴᠢᠨ ᠯᠢ ᠶᠠᠨ ᠤ᠋ ᠣᠨᠴᠠ ᠭᠠᠷᠤᠯᠲᠠ ᠶ᠋ᠢᠨ ᠳᠡᠯᠭᠡᠭᠦᠷ ᠲᠦ᠍ ᠬᠡᠢᠴᠢᠳ ᠶᠡᠬᠡ ᠪᠡᠷ ᠨᠡᠮᠡᠭᠳᠡᠵᠦ᠂ ᠴᠠᠭᠠᠨ ᠢᠳᠡᠭᠡᠨ᠂ ᠲᠠᠯ᠎ᠠ ᠨᠤᠲᠤᠭ ᠤ᠋ᠨ ᠰᠤᠯᠠ ᠢᠳᠡᠭᠡᠨ ᠤ᠋ ᠬᠢᠨᠢ ᠪᠣᠷᠣᠯᠠᠭᠤᠯᠭ᠎ᠠ ᠡᠩ ᠤ᠋ᠨ ᠦᠶ᠎ᠠ ᠵᠢᠨ ᠬᠢ ᠡᠴᠡ ᠳᠠᠬᠢᠨ ᠢ᠋ᠶ᠋ᠠᠷ ᠨᠡᠮᠡᠭᠳᠡᠵᠡᠢ᠃︽ᠰᠥᠨᠢ ᠶ᠋ᠢᠨ ᠵᠠᠬ᠎ᠠ ᠵᠡᠬᠡᠯᠢ ᠶ᠋ᠢᠨ ᠬᠤᠳᠠᠯᠳᠤᠨ ᠠᠪᠤᠭᠴᠢᠳ ᠲᠠᠰᠤᠷᠠᠯᠲᠠ ᠦᠭᠡᠢ ᠨᠡᠮᠡᠭᠳᠡᠵᠦ᠂ ᠰᠣᠶᠣᠯ ᠵᠢᠭᠤᠯᠴᠢᠯᠠᠯ ᠤ᠋ᠨ ᠨᠥᠬᠥᠪᠥᠷᠢ ᠬᠠᠷᠠᠭᠠᠯᠵᠠᠯ ᠢ᠋ᠶ᠋ᠡᠷ ᠲᠠᠪᠤᠨ ᠰᠠᠷ᠎ᠠ ᠶ᠋ᠢᠨ ᠰᠢᠨ᠎ᠡ ᠶ᠋ᠢᠨ ᠲᠠᠪᠤᠨ ᠤ᠋ 3 ᠡᠳᠦᠷ ᠤ᠋ᠨ ᠠᠮᠠᠷᠠᠯᠳᠠ ᠵᠢᠨ ᠪᠤᠷᠤᠯᠠᠭᠤᠯᠭ᠎ᠠ  ᠵᠢᠨ ᠬᠡᠮᠵᠢᠶ᠎ᠠ ᠥᠩᠭᠡᠷᠡᠭᠰᠡᠨ ᠵᠢᠯ ᠤ᠋ᠨ ᠠᠳᠠᠯᠢ ᠬᠤᠭᠤᠴᠠᠭᠠᠨ ᠤ᠋ ᠬᠢ ᠡᠴᠡ 30% ᠪᠡᠷ  ᠨᠡᠮᠡᠭᠳᠡᠪᠡ 》 ᠬᠡᠵᠦ ᠯᠢ ᠶᠠᠨ ᠳᠠᠩᠰᠠ ᠪᠣᠳᠣᠵᠤ ᠰᠠᠭᠤᠨ᠎ᠠ᠃

ᠤᠯᠠᠮᠵᠢᠯᠠᠯᠲᠤ ᠯᠤᠤᠲᠤ ᠣᠩᠭᠣᠴᠠ ᠶ᠋ᠢᠨ ᠤᠷᠤᠯᠳᠤᠭᠠᠨ ᠨᠢ ᠳᠠᠪᠤᠨ ᠰᠠᠷ᠎ᠠ ᠶ᠋ᠢᠨ ᠰᠢᠨ᠎ᠠ ᠶ᠋ᠢᠨ ᠳᠠᠪᠤᠨ ᠤ᠋  ᠴᠢᠬᠤᠯᠠ  ᠠᠵᠢᠯᠯᠠᠭ᠎ᠠ ᠶ᠋ᠢᠨ ᠬᠤᠪᠢ ᠪᠡᠷ ᠬᠣᠲᠠ ᠬᠥᠳᠡᠭᠡ ᠪᠡᠷ ᠪᠠᠶᠠᠷ ᠬᠥᠷ ᠲᠠᠢ ᠶᠠᠪᠤᠭᠳᠠᠨ᠎ᠠ᠃ ᠪᠤᠭᠤᠲᠤ ᠶ᠋ᠢᠨ ᠨᠠᠨ ᠬᠠᠢ ᠦᠵᠡᠮᠵᠢ ᠶ᠋ᠢᠨ ᠣᠷᠣᠨ ᠳ᠋ᠦ ᠯᠤᠤᠳᠦ ᠤᠩᠭᠤᠴᠠ ᠰᠠᠯᠬᠢ ᠳᠠᠪᠠᠯᠭᠠᠨ ᠢ᠋ ᠰᠥᠷᠦᠨ ᠤᠷᠤᠬᠰᠢᠯᠠᠵᠤ᠂ 17 ᠶᠡᠬᠡ ᠳᠡᠭᠡᠳᠦ ᠰᠤᠷᠭᠠᠭᠤᠯᠢ ᠶ᠋ᠢᠨ ᠲᠤᠭᠤᠢᠯᠠᠩ ᠲᠡᠷᠢᠬᠦᠨ ᠪᠠᠢᠷᠢ ᠵᠢ ᠪᠤᠯᠢᠶᠠᠯᠳᠤᠨ ᠬᠦᠴᠦ ᠤᠬᠠᠭᠠᠨ᠎ᠢᠶᠡᠨ ᠰᠤᠷᠢᠨ᠎ᠠ︔ ᠦᠬᠠᠢ ᠬᠣᠲᠠ ᠬᠠᠭᠤᠷᠠᠢ ᠳ᠋ᠡᠬᠢ ᠯᠤᠤᠲᠤ ᠣᠩᠭᠣᠴᠠ ᠶ᠋ᠢᠨ ᠤᠷᠤᠯᠳᠤᠭᠠᠨ ᠢ᠋ ᠡᠭᠦᠳᠴᠦ᠂ ᠬᠣᠲᠠ ᠶ᠋ᠢᠨ ᠠᠷᠠᠳ ᠤᠤᠬᠠᠢ ᠬᠠᠰᠬᠢᠷᠤᠨ᠂ ᠲᠠᠮᠢᠷᠴᠢᠳ ᠲᠦ᠍ ᠬᠦᠴᠦ ᠬᠠᠮᠵᠢᠨ᠎ᠠ᠃ ᠬᠣᠲᠠ ᠶ᠋ᠢᠨ ᠠᠷᠠᠳ ᠸᠠᠩ ᠠᠪᠠᠬᠠᠢ ᠬᠡᠦᠬᠡᠳ ᠢ᠋ᠶ᠋ᠡᠨ ᠳᠠᠭᠠᠭᠤᠯᠤᠨ ᠪᠦᠬᠦᠢᠯᠡ ᠤᠷᠤᠯᠳᠤᠭᠠᠨ ᠢ᠋ ᠰᠣᠨᠢᠷᠬᠠᠭᠰᠠᠨ ᠵᠢᠡᠨ ︽ᠤᠰᠤᠨ ᠳ᠋ᠤ᠌ ᠣᠷᠣᠬᠤ ᠦᠭᠡᠢ ᠪᠡᠷ ᠯᠤᠤᠲᠤ ᠣᠩᠭᠣᠴᠠᠨ ᠤ᠋ ᠤᠷᠤᠯᠳᠤᠭᠠᠨ ᠤ᠋  ᠭᠠᠢᠬᠠᠮᠰᠢᠭ ᠢ᠋ ᠮᠡᠳᠡᠷᠡᠴᠢᠬᠡᠯ᠎ᠠ᠂ ᠪᠠᠶᠠᠷ ᠤ᠋ᠨ ᠡᠳᠦᠷ ᠤ᠋ᠨ ᠠᠭᠤᠷ ᠠᠮᠢᠰᠬᠤᠯ ᠮᠠᠰᠢ ᠬᠦᠭᠵᠢᠶᠡᠨ ᠲᠠᠢ ᠪᠠᠢᠨ᠎ᠠ》 ᠬᠡᠵᠦ ᠬᠡᠯᠡᠨ᠎ᠠ᠃

ᠰᠣᠶᠣᠯ ᠵᠢᠭᠤᠯᠴᠢᠯᠠᠯ ᠤ᠋ᠨ ᠰᠢᠨ᠎ᠡ ᠲᠥᠷᠥᠯ ᠤ᠋ᠨ ᠠᠵᠢᠯᠯᠠᠭ᠎ᠠ ᠨᠢ ᠦᠳᠡᠰᠢ ᠶ᠋ᠢᠨ ᠬᠡᠷᠡᠭᠯᠡᠭᠡ ᠵᠢ ᠤᠯᠠᠮ ᠳᠠᠢᠴᠢᠯᠠᠵᠤ᠂ ᠳᠠᠭᠤᠤ ᠬᠥᠭᠵᠢᠮ ᠤ᠋ᠨ ᠨᠠᠢᠷ᠂ ᠪᠣᠳᠠᠲᠤ ᠦᠵᠡᠮᠵᠢ ᠶ᠋ᠢᠨ ᠲᠣᠭᠯᠠᠯᠲᠠ᠂ ᠭᠠᠯᠲᠤ ᠠᠭᠤᠯᠠ ᠶ᠋ᠢᠨ ᠰᠦᠨᠢ ᠶ᠋ᠢᠨ ᠠᠶᠠᠯᠠᠯ ᠵᠢᠭᠤᠯᠴᠢᠯᠠᠯ ᠵᠡᠷᠬᠡ ᠨᠢ ᠦᠪᠦᠷ ᠮᠤᠨᠭᠭᠤᠯ ᠤ᠋ᠨ ᠵᠤᠨ ᠤ᠋ ᠰᠥᠨᠢ ᠵᠢ ᠪᠠᠶᠠᠷ ᠬᠦᠷ ᠢ᠋ᠶ᠋ᠡᠷ ᠪᠢᠯᠬᠠᠭᠤᠯᠬᠤ ᠵᠢᠨ ᠬᠠᠮᠳᠤ ᠬᠡᠷᠡᠭᠯᠡᠭᠡ ᠵᠢ ᠬᠦᠭᠵᠢᠬᠡᠯ᠎ᠠ᠃ ᠪᠤᠭᠤᠳᠤ ᠵᠢᠨ ᠰᠠᠢᠬᠠᠨᠲᠠᠯ᠎ᠠ ᠳᠠᠯ᠎ᠠ ᠨᠤᠲᠤᠭ ᠤ᠋ᠨ ᠳᠠᠭᠤᠤ ᠬᠥᠭᠵᠢᠮ ᠤ᠋ᠨ ᠨᠠᠢᠷ᠎ᠷᠤᠺ ᠳᠠᠭᠤᠤ ᠬᠦᠭᠵᠢᠮ ᠢ᠋ᠶ᠋ᠡᠷ ᠨᠢᠵᠢᠬᠢᠨᠡᠬᠦᠯᠦᠨ ᠡᠬᠢᠯᠡᠵᠦ᠂ ᠤᠷᠤᠰᠬᠠᠯ ᠳᠠᠭᠤᠤ ᠬᠥᠭᠵᠢᠮ ᠨᠢ ᠲᠠᠯ᠎ᠠ ᠨᠤᠲᠤᠭ ᠤ᠋ᠨ ᠥᠩᠭᠡ ᠦᠵᠡᠮᠵᠢ ᠳ᠋ᠦ ᠠᠭᠤᠰᠤᠨ ᠢᠳᠡᠭᠡᠰᠢᠵᠦ᠂ ᠳᠠᠭᠤᠤ ᠬᠦᠭᠵᠢᠮ ᠤ᠋ᠨ ᠪᠠᠬᠠᠳᠠᠳ ᠪᠤᠯᠤᠨ ᠵᠢᠭᠤᠯᠴᠢᠯᠠᠭᠰᠠᠳ ᠪᠠᠶᠠᠷᠯᠠᠯᠳᠤᠨ ᠴᠡᠩᠬᠡᠯᠳᠦᠨ᠎ᠠ︔ ᠵᠠᠰᠠᠨ ᠰᠢᠨᠡᠳᠬᠡᠵᠤ ᠳᠡᠰ ᠳᠡᠪᠰᠢᠭᠦᠯᠦᠭᠰᠡᠨ ᠤ᠋ ᠳᠠᠷᠠᠭᠠᠬᠢ ᠤᠯᠠᠭᠠᠨᠴᠠᠪ ᠤ᠋ᠨ ᠬᠤᠳᠠ ᠵᠡᠭᠡᠯᠢ᠎ᠦᠩᠬᠡᠳᠦ ᠳ᠋ᠧᠩ ᠢ᠋ᠶ᠋ᠡᠷ ᠳᠤᠸᠠᠯᠠᠨ ᠭᠡᠷᠡᠯᠲᠦᠵᠦ᠂ ᠤᠴᠢ ᠰᠠᠴᠤᠵᠦ ᠴᠡᠴᠡᠭ ᠳᠡᠯᠭᠡᠷᠡᠬᠦᠯᠦᠨ ᠂ ᠪᠤᠳᠠᠳᠦ ᠦᠵᠡᠮᠵᠢᠳᠦ ᠲᠤᠭᠯᠠᠯᠳᠠ ᠨᠢ ᠬᠦᠷᠦᠯᠴᠡᠨ ᠢᠷᠡᠭᠰᠡᠳ ᠤ᠋ᠨ ᠬᠠᠷᠠᠭ᠎ᠠ ᠵᠢ ᠪᠤᠯᠢᠶᠠᠨ᠎ᠠ᠃︽ᠠᠶᠠᠯᠠᠵᠦ ᠵᠢᠭᠤᠯᠴᠢᠯᠠᠬᠤ ᠶ᠋ᠢᠨ ᠳᠠᠭᠠᠤ ᠪᠣᠳᠠᠲᠤ ᠦᠵᠡᠭᠳᠡᠯ ᠤ᠋ᠨ ᠲᠣᠭᠯᠠᠯᠲᠠ ᠵᠢ ᠰᠣᠨᠢᠷᠬᠠᠨ᠂ ᠬᠢᠲᠠᠳ ᠬᠤᠪᠴᠠᠰᠤ ᠵᠠᠰᠠᠯ ᠤ᠋ᠨ ᠲᠤᠭᠤᠷᠢᠨ ᠦᠵᠡᠬᠦᠯᠬᠡ ᠵᠢ ᠰᠤᠨᠢᠷᠬᠠᠵᠤ᠂ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠵᠠᠬ᠎ᠠ ᠲᠠᠯᠬᠡᠬᠦᠷ ᠨᠢ  ᠮᠠᠰᠢ ᠬᠦᠭᠵᠢᠶᠡᠨ ᠲᠠᠢ᠂ ᠰᠥᠨᠢ ᠶ᠋ᠢᠨ ᠦᠵᠡᠮᠵᠢ ᠨᠢ ᠴᠦ᠍ ᠦᠵᠡᠮᠦᠷᠢᠳᠡᠢ ᠮᠦᠷᠳᠡᠭᠡᠨ ᠰᠣᠶᠣᠯ ᠤ᠋ᠨ ᠦᠨᠦᠷ ᠠᠮᠲᠠ ᠲᠠᠢ ᠪᠠᠢᠨ᠎ᠠ 》 ᠬᠡᠵᠦ ᠭᠠᠳᠠᠨ᠎ᠠ ᠡᠴᠡ ᠢᠷᠡᠭᠰᠡᠨ ᠵᠢᠭᠤᠯᠴᠢᠯᠠᠭᠴᠢ ᠵᠠᠩ ᠰᠧ ᠢᠦᠢ ᠪᠠᠬᠠᠷᠬᠠᠨ ᠬᠡᠯᠡᠨ᠎ᠠ᠃ ᠰᠣᠶᠣᠯ ᠵᠢᠭᠤᠯᠴᠢᠯᠠᠯ ᠤ᠋ᠨ ᠦᠳᠡᠰᠢ ᠶ᠋ᠢᠨ ᠠᠵᠤ ᠠᠬᠤᠢ ᠨᠢ ᠢᠳᠡᠭᠡᠨ ᠤᠮᠳᠠᠭᠠᠨ᠂ ᠠᠷᠠᠳ ᠤ᠋ᠨ ᠰᠠᠭᠤᠴᠠ ᠪᠠᠭᠤᠳᠠᠯ ᠤ᠋ᠨ ᠣᠷᠣᠯᠭ᠎ᠠ ᠵᠢ ᠰᠢᠭᠤᠳ ᠳᠠᠢᠴᠢᠯᠠᠵᠤ᠂ ᠬᠥᠯᠥᠨ ᠪᠤᠢᠷ ᠤ᠋ᠨ ᠲᠡᠷᠭᠡ ᠲᠦᠷᠢᠶᠡᠰᠦᠯᠡᠬᠦ ᠵᠠᠬᠢᠶᠠᠯᠠᠭ᠎ᠠ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 132% ᠢ᠋ᠶ᠋ᠠᠷ ᠨᠡᠮᠡᠭᠳᠡᠨ᠂ ᠲᠠᠯ᠎ᠠ ᠨᠤᠲᠤᠭ ᠢ᠋ᠶ᠋ᠡᠷ ᠦᠪᠡᠷ ᠵᠢᠡᠨ ᠮᠠᠰᠢᠨ ᠪᠠᠷᠢᠵᠤ ᠵᠢᠭᠤᠯᠴᠢᠯᠠᠬᠤ᠂ ᠣᠳᠣᠳᠦ ᠣᠭᠲᠠᠷᠭᠤᠢ ᠵᠢ ᠪᠠᠷᠠᠯᠠᠨ ᠬᠡᠭᠡᠷ᠎ᠡ ᠪᠠᠭᠤᠳᠠᠯᠯᠠᠬᠤ ᠵᠠᠬᠢᠶᠠᠯᠠᠭ᠎ᠠ ᠨᠡᠮᠡᠭᠳᠡᠵᠤ᠂ ᠬᠥᠳᠡᠭᠡ ᠲᠣᠰᠬᠣᠨ ᠤ᠋ ᠠᠷᠠᠳ ᠤ᠋ᠨ ᠰᠠᠭᠤᠴᠠ ᠵᠢ ᠤᠯᠬᠤ ᠳ᠋ᠦ ᠬᠦᠴᠢᠷ ᠪᠤᠯᠵᠠᠢ᠃

ᠰᠣᠶᠣᠯ ᠤ᠋ᠨ ᠦᠵᠡᠰᠬᠦᠯᠡᠩ᠂ ᠰᠤᠳᠤᠯᠤᠨ ᠰᠤᠷᠤᠯᠴᠠᠯᠭ᠎ᠠ ᠨᠢ ᠤᠯᠠᠮᠵᠢᠯᠠᠯᠲᠤ ᠪᠠᠶᠠᠷ ᠲᠤᠷᠠᠰᠬᠠᠯ ᠤ᠋ᠨ ᠡᠳᠦᠷ ᠢ᠋ ᠤᠯᠠᠮ ᠬᠦᠨ ᠵᠤᠵᠠᠭᠠᠨ ᠰᠣᠶᠣᠯ ᠤ᠋ᠨ ᠤᠳᠬ᠎ᠠ ᠠᠭᠤᠯᠬᠤᠨ ᠲᠠᠢ ᠪᠤᠯᠭᠠᠪᠠ᠃ ᠵᠣᠣ ᠵᠢᠶᠦ᠋ᠠ ᠮᠦᠽᠧᠢ ᠶ᠋ᠢᠨ ᠬᠦᠷᠢᠶᠡᠯᠡᠩ ᠲᠡᠦᠬᠡ ᠶ᠋ᠢᠨ ᠦᠵᠡᠭᠳᠡᠯᠳᠦ ᠵᠦᠴᠦᠭᠡ ᠶ᠋ᠢᠨ ᠲᠣᠭᠣᠷᠢᠨ ᠵᠢᠭᠤᠯᠴᠢᠯᠠᠯ ᠢ᠋ ᠡᠬᠢᠯᠡᠭᠦᠯᠵᠦ᠂ NPC ᠦᠵᠡᠭᠴᠢᠳ ᠢ᠋ ᠳᠠᠭᠠᠭᠤᠯᠤᠨ ᠦᠪᠦᠷ ᠮᠤᠨᠭᠭᠤᠯ ᠤ᠋ᠨ ᠲᠡᠦᠬᠡ ᠵᠢ ᠤᠢᠯᠠᠭᠠᠭᠤᠯᠪᠠ; ᠥᠪᠥᠷ ᠮᠣᠩᠭᠣᠯ ᠤ᠋ᠨ ᠮᠦᠽᠧᠢ ᠶ᠋ᠢᠨ ᠬᠢᠨ ᠦᠨᠦᠷᠳᠦ ᠬᠠᠪᠳᠠᠭ᠎ᠠ ᠬᠢᠬᠦ᠂ ᠮᠥᠩᠭᠥᠨ ᠡᠳ᠋ᠯᠡᠯ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠢ᠋ ᠪᠡᠶᠡᠴᠢᠯᠡᠨ ᠤᠢᠯᠠᠭᠠᠬᠤ ᠬᠢᠴᠢᠶᠡᠯ ᠤ᠋ᠨ ᠲᠠᠩᠬᠢᠮ ᠭᠠᠷᠭᠠᠭᠰᠠᠨ ᠳ᠋ᠤ ᠴᠥᠭᠡᠨ ᠪᠤᠰᠤ ᠭᠡᠷ ᠪᠦᠯᠢ ᠶ᠋ᠢᠨ ᠬᠢᠨ ᠢᠳᠡᠪᠬᠢᠯᠡᠨ ᠤᠷᠤᠯᠴᠠᠵᠦ᠂ ᠤᠯᠠᠮᠵᠢᠯᠠᠯᠲᠤ ᠤᠷ᠎ᠠ ᠮᠡᠷᠭᠡᠵᠢᠯ ᠢ᠋ ᠪᠡᠶᠡᠴᠢᠯᠡᠨ ᠣᠢᠯᠠᠭᠠᠵᠠᠢ᠃ ᠪᠠᠭ᠎ᠠ ᠰᠤᠷᠭᠠᠭᠤᠯᠢ ᠶ᠋ᠢᠨ ᠰᠤᠷᠤᠭᠴᠢ ᠯᠢ ᠮᠦ᠍ ᠶᠣᠣ ᠤᠷᠠᠨ ᠳᠤᠳᠤ ᠤᠩᠰᠢᠯᠭ᠎ᠠ ᠶ᠋ᠢᠨ ᠠᠵᠢᠯᠯᠠᠭ᠎ᠠ ᠳ᠋ᠤ᠌ ᠣᠷᠣᠯᠴᠠᠭᠠᠳ ᠰᠡᠳᠬᠢᠯ ᠳᠦᠭᠦᠷᠡᠩ ᠪᠠᠢᠯ᠎ᠠ᠃ ᠲᠡᠷᠡ᠄︽ᠲᠠᠪᠤᠨ ᠰᠠᠷ᠎ᠠ ᠶ᠋ᠢᠨ ᠰᠢᠨ᠎ᠡ ᠶ᠋ᠢᠨ ᠲᠠᠪᠤᠨ ᠤ᠋ ᠰᠢᠯᠦᠭ ᠳᠠᠭᠤᠯᠠᠯ ᠢ᠋ ᠤᠩᠰᠢᠵᠤ᠂ ᠥᠪᠡᠷ ᠤ᠋ᠨ ᠭᠠᠷ ᠢ᠋ᠶ᠋ᠠᠷ ᠢ᠋ᠶ᠋ᠠᠨ ᠦᠨᠦᠷᠲᠦ ᠬᠠᠪᠲᠠᠭ᠎ᠠ ᠣᠶᠣᠵᠠᠢ᠃ ᠡᠨᠡ ᠬᠦ᠌ ᠠᠮᠠᠷᠠᠯᠲᠠ ᠵᠢ ᠪᠠᠶᠠᠷ ᠬᠦᠷ ᠲᠠᠢ ᠦᠩᠬᠡᠷᠡᠬᠦᠯᠦᠭᠰᠡᠨ ᠮᠦᠷᠳᠡᠬᠡᠨ ᠪᠠᠰᠠ ᠴᠥᠭᠡᠨ ᠪᠤᠰᠤ ᠤᠯᠠᠮᠵᠢᠯᠠᠯᠲᠤ ᠰᠣᠶᠣᠯ ᠤ᠋ᠨ ᠮᠡᠳᠡᠯᠭᠡ ᠵᠢ ᠤᠯᠵᠤ ᠰᠤᠷᠤᠯ᠎ᠠ》 ᠬᠡᠵᠦ ᠤᠯᠵᠠᠭᠤᠷᠬᠠᠨ ᠶᠠᠷᠢᠨ᠎ᠠ᠃

ᠡᠯ᠎ᠡ ᠲᠣᠮᠣ ᠮᠦᠽᠧᠢ᠂ ᠰᠣᠶᠣᠯ ᠵᠢᠭᠤᠯᠴᠢᠯᠠᠯ ᠤ᠋ᠨ ᠦᠵᠡᠮᠵᠢ ᠶ᠋ᠢᠨ ᠣᠷᠣᠨ ᠵᠡᠷᠭᠡ ᠨᠢ  ᠪᠠᠰᠠ  ᠪᠢᠯᠧᠲ  ᠬᠦᠷᠬᠡᠬᠦ᠂  ᠪᠢᠯᠧᠲ ᠢ᠋ ᠬᠢᠮᠳᠠᠷᠠᠭᠤᠯᠤᠨ ᠠᠷᠠᠳ ᠲᠦ᠍ ᠠᠰᠢᠭ ᠬᠦᠷᠲᠡᠭᠡᠬᠦ ᠠᠷᠭ᠎ᠠ ᠠᠪᠴᠠᠯ ᠠᠪᠴᠤ᠂ ᠬᠠᠷᠠᠭᠠᠯᠵᠠᠯ  ᠵᠢᠡᠷ  ᠬᠡᠷᠡᠭᠯᠡᠭᠡᠨ ᠤ᠋ ᠳᠠᠯᠳᠠ ᠬᠦᠴᠦᠨ ᠢ᠋ ᠬᠦᠭᠵᠢᠬᠡᠵᠦ᠂ ᠪᠤᠭᠤᠲᠤ ᠬᠣᠲᠠ 3000 ᠲᠦᠮᠨ ᠭᠠᠷᠤᠢ ᠲᠥᠭᠥᠷᠢᠭ ᠤ᠋ᠨ ᠰᠣᠶᠣᠯ ᠵᠢᠭᠤᠯᠴᠢᠯᠠᠯ ᠤ᠋ᠨ ᠬᠡᠷᠡᠭᠯᠡᠭᠡᠨ ᠤ᠋ ᠲᠡᠮᠳᠡᠭᠲᠦ ᠲᠠᠷᠬᠠᠭᠠᠨ᠂ ᠵᠠᠬ᠎ᠠ  ᠳᠡᠯᠭᠡᠭᠦᠷ ᠤ᠋ᠨ ᠬᠡᠷᠡᠭᠯᠡᠭᠡ ᠵᠢ ᠤᠯᠠᠮ ᠨᠢᠭᠡ ᠠᠯᠬᠤᠮ ᠳᠠᠢᠴᠢᠯᠠᠵᠠᠢ᠃

ᠪᠠᠶᠠᠷ ᠲᠤᠷᠠᠰᠬᠠᠯ ᠤ᠋ᠨ ᠡᠳᠤᠷ ᠤ᠋ᠨ ᠪᠠᠶᠠᠯᠢᠭ ᠠᠵᠢᠯᠯᠠᠭ᠎ᠠ ᠨᠢ ᠰᠤᠶᠤᠯ ᠵᠢᠭᠤᠯᠴᠢᠯᠠᠯ ᠤ᠋ᠨ ᠦᠢᠯᠡᠰ ᠤ᠋ᠨ ᠰᠤᠳᠤᠨ ᠴᠢᠮᠡᠭ ᠪᠤᠯᠵᠠᠢ᠃ ᠡᠨᠡ ᠵᠢᠯ ᠤ᠋ᠨ ᠲᠠᠪᠤᠨ ᠰᠠᠷ᠎ᠠ ᠶ᠋ᠢᠨ ᠰᠢᠨ᠎ᠡ ᠶ᠋ᠢᠨ ᠲᠠᠪᠤᠨ ᠤ᠋ ᠠᠮᠠᠷᠠᠯᠳᠠ ᠳ᠋ᠤ ᠥᠪᠥᠷ  ᠮᠣᠩᠭᠣᠯ  ᠤᠯᠠᠮᠵᠢᠯᠠᠯᠲᠤ ᠪᠠᠶᠠᠷ ᠳᠤᠷᠠᠰᠬᠠᠯ ᠤ᠋ᠨ ᠰᠣᠶᠣᠯ ᠢ᠋ ᠲᠠᠯ᠎ᠠ ᠨᠤᠲᠤᠭ ᠤ᠋ᠨ ᠰᠣᠶᠣᠯ ᠵᠢᠭᠤᠯᠴᠢᠯᠠᠯ ᠲᠠᠢ ᠭᠦᠨᠴᠡ ᠲᠠᠢ ᠤᠶᠠᠯᠳᠤᠭᠤᠯᠤᠨ ᠵᠠᠩ ᠦᠢᠯᠡ ᠶ᠋ᠢᠨ ᠪᠡᠶᠡᠴᠢ ᠣᠢᠯᠠᠭᠠᠯᠲᠠ᠂ ᠬᠡᠬᠡᠷᠡᠯᠡᠬᠦ ᠰᠡᠯᠡᠭᠦᠴᠡᠯ᠂ ᠦᠳᠡᠰᠢ ᠶ᠋ᠢᠨ ᠠᠵᠤ ᠠᠬᠤᠢ ᠪᠠ ᠰᠤᠳᠤᠯᠤᠨ ᠰᠤᠷᠤᠯᠴᠠᠬᠤ ᠵᠢᠭᠤᠯᠴᠢᠯᠠᠯ ᠵᠡᠷᠬᠡ ᠣᠯᠠᠨ ᠴᠡᠭ ᠢ᠋ ᠳᠡᠯᠭᠡᠷᠡᠭᠦᠯᠵᠦ᠂ ᠰᠣᠶᠣᠯ ᠵᠢᠭᠤᠯᠴᠢᠯᠠᠯ ᠤ᠋ᠨ ᠪᠦᠲᠦᠭᠡᠭᠳᠡᠬᠦᠨ ᠤ᠋ ᠬᠠᠩᠭᠠᠯᠭ᠎ᠠ ᠵᠢ ᠲᠠᠰᠤᠷᠠᠯᠲᠠ ᠦᠭᠡᠢ ᠪᠠᠶᠠᠯᠢᠭᠵᠢᠪᠠ᠃ ᠪᠦᠬᠦ ᠤᠷᠤᠨ ᠤ᠋ ᠡᠯ᠎ᠡ ᠭᠠᠵᠠᠷ ᠤ᠋ᠨ ᠬᠢᠨ ᠪᠠᠶᠠᠷ ᠳᠤᠷᠠᠰᠬᠠᠯ ᠤ᠋ᠨ ᠡᠳᠦᠷ ᠤ᠋ᠨ ᠠᠵᠤ ᠠᠬᠤᠢ ᠵᠢ ᠬᠦᠭᠵᠢᠬᠦᠯᠦᠨ ᠣᠷᠣᠯᠭ᠎ᠠ ᠪᠠᠨ ᠨᠡᠮᠡᠭᠳᠡᠭᠦᠯᠬᠦ ᠵᠢ ᠠᠬᠢᠭᠤᠯᠵᠤ᠂ ᠤᠯᠠᠮᠵᠢᠯᠠᠯᠲᠤ ᠪᠠᠶᠠᠷ ᠲᠤᠷᠠᠰᠬᠠᠯ ᠤ᠋ᠨ ᠡᠳᠦᠷ ᠢ᠋ᠶ᠋ᠡᠷ ᠳᠣᠲᠣᠭᠠᠳᠤ ᠬᠡᠷᠡᠭᠴᠡᠭᠡ ᠵᠢ ᠳᠠᠢᠴᠢᠯᠠᠨ ᠬᠤᠰᠢᠭᠤ ᠰᠢᠶᠠᠨ ᠤ᠋ ᠬᠡᠪᠴᠢᠶᠡᠨ ᠤ᠋ ᠬᠡᠷᠡᠭᠯᠡᠭᠡ ᠵᠢ ᠬᠥᠭᠵᠢᠭᠡᠵᠤ᠂ ᠣᠯᠠᠨ ᠲᠦᠮᠡᠨ ᠤ᠋ ᠣᠷᠣᠯᠭ᠎ᠠ ᠵᠢᠨ ᠨᠡᠮᠡᠭᠳᠡᠯ ᠢ᠋ ᠳᠠᠢᠴᠢᠯᠠᠬᠤ  ᠰᠢᠨ᠎ᠠ  ᠬᠥᠳᠡᠯᠭᠡᠭᠦᠷ  ᠪᠣᠯᠭᠠᠵᠤ  ᠪᠠᠢᠨ᠎ᠠ᠃

ᠦᠪᠤᠷ ᠮᠤᠩᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠰᠣᠶᠣᠯ ᠪᠠ ᠵᠢᠭᠤᠯᠴᠢᠯᠠᠯ ᠤ᠋ᠨ ᠲᠢᠩᠬᠢᠮ ᠤ᠋ᠨ ᠨᠡᠢᠳᠡᠯᠡᠭᠰᠡᠨ ᠲᠣᠭ᠎ᠠ ᠪᠠᠷᠢᠮᠲᠠ ᠵᠢ ᠦᠨᠳᠦᠰᠦᠯᠡᠪᠡᠯ᠂ ᠡᠨᠡ ᠵᠢᠯ ᠤ᠋ᠨ ᠲᠠᠪᠤᠨ ᠰᠠᠷ᠎ᠠ ᠶ᠋ᠢᠨ ᠰᠢᠨ᠎ᠡ ᠶ᠋ᠢᠨ ᠲᠠᠪᠤᠨ ᠤ᠋ ᠠᠮᠠᠷᠠᠯᠲᠠ ᠶ᠋ᠢᠨ ᠬᠤᠭᠤᠴᠠᠭᠠᠨ ᠳ᠋ᠤ᠌ ᠮᠠᠨ ᠎ᠦ ᠣᠷᠣᠨ ᠤᠯᠤᠰ ᠤ᠋ᠨ ᠳᠣᠲᠣᠭᠠᠳᠤ ᠶ᠋ᠢᠨ ᠵᠢᠭᠤᠯᠴᠢᠯᠠᠭᠰᠠᠳ ᠢ᠋ ᠨᠡᠢᠳᠡ 1001.88 ᠲᠦᠮᠡᠨ ᠬᠥᠮᠦᠨ ᠤᠳᠠᠭ᠎ᠠ ᠬᠦᠯᠢᠶᠡᠨ ᠠᠪᠴᠤ᠂ ᠵᠢᠭᠤᠯᠴᠢᠯᠠᠯ ᠤ᠋ᠨ ᠬᠡᠷᠡᠭᠯᠡᠭᠡ ᠨᠢ  ᠲᠣᠭᠲᠠᠭᠤᠨ ᠢ᠋ᠶ᠋ᠠᠷ ᠨᠡᠮᠡᠭᠳᠡᠪᠡ᠃ ᠮᠧᠢ ᠲᠤᠧᠠᠨ ᠰᠦᠯᠵᠢᠶ᠎ᠡ ᠶ᠋ᠢᠨ ᠲᠣᠭ᠎ᠠ  ᠪᠠᠷᠢᠮᠲᠠ ᠵᠢ ᠦᠨᠳᠦᠰᠦᠯᠡᠪᠡᠯ᠂ ᠦᠪᠤᠷ ᠮᠤᠩᠭᠤᠯ ᠤ᠋ᠨ ᠬᠤᠨᠤᠭ ᠪᠠᠭᠤᠳᠠᠯ ᠢ᠋ ᠤᠷᠢᠳᠴᠢᠯᠠᠨ ᠵᠠᠬᠢᠶᠠᠯᠠᠭᠰᠠᠨ ᠬᠡᠮᠵᠢᠶ᠎ᠠ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 51.1% ᠪᠡᠷ ᠨᠡᠮᠡᠭᠳᠡᠵᠦ᠂ ᠨᠡᠮᠡᠭᠳᠡᠯ ᠤ᠋ᠨ ᠬᠡᠮᠵᠢᠶ᠎ᠡ ᠨᠢ ᠪᠦᠬᠦ ᠤᠯᠤᠰ ᠤ᠋ᠨ ᠳᠤᠮᠳᠠᠴᠢ ᠲᠦᠪᠰᠢᠨ ᠡᠴᠡ ᠬᠣᠯᠠ ᠲᠠᠪᠠᠵᠤ᠂ ᠦᠪᠤᠷ  ᠮᠤᠩᠭᠤᠯ ᠤ᠋ᠨ ᠲᠠᠯ᠎ᠠ ᠨᠤᠲᠤᠭ ᠤ᠋ᠨ ᠵᠢᠭᠤᠯᠴᠢᠯᠠᠯ ᠨᠢ ᠡᠨᠡ ᠵᠤᠨ ᠤ᠋ ᠤᠯᠤᠰ ᠤ᠋ᠨ ᠳᠣᠲᠣᠭᠠᠳᠤ ᠶ᠋ᠢᠨ ᠵᠢᠭᠤᠯᠴᠢᠯᠠᠭᠰᠠᠳ ᠤ᠋ᠨ ᠬᠠᠯᠠᠮᠰᠢᠯ ᠰᠣᠩᠭᠣᠯᠲᠠ ᠪᠣᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号