ᠤᠩᠨᠢᠭᠤᠳ ᠬᠤᠰᠢᠭᠤ ᠨᠢ ᠤᠯᠠᠭᠠᠠᠬᠠᠳᠠ ᠬᠤᠲᠠ ᠶ᠋ᠢᠨ ᠭᠤᠤᠯᠳᠠᠯᠭ᠎ᠠ ᠲᠠᠢ ᠡᠯᠡᠰᠥ ᠶ᠋ᠢ ᠵᠠᠰᠠᠬᠤ ᠤᠷᠤᠨ ᠤ᠋ ᠨᠢᠭᠡ ᠪᠢᠯᠡ᠃ ᠤᠢᠷ᠎ᠠ ᠶ᠋ᠢᠨ ᠵᠢᠯ ᠳ᠋ᠤ᠌᠂ ᠤᠩᠨᠢᠭᠤᠳ ᠬᠤᠰᠢᠭᠤᠨ ᠤ᠋ ᠨᠠᠮ ᠵᠠᠰᠠᠭ ᠪᠦᠬᠥ ᠬᠤᠰᠢᠭᠤᠨ ᠤ᠋ ᠦᠨᠳᠥᠰᠥᠳᠡᠨ ᠨᠤᠬᠦᠳᠤᠨ ᠠᠷᠠᠳ ᠲᠦᠮᠡᠨ ᠢ᠋ᠶ᠋ᠠᠨ ᠳᠠᠢᠴᠢᠯᠠᠨ᠂ ᠡᠯᠡᠰᠥᠷᠬᠡᠭ ᠤᠷᠤᠨ ᠢ᠋ ᠪᠦᠬᠥᠨ ᠢ᠋ ᠨᠤᠭᠤᠭᠠᠷᠠᠭᠤᠯᠬᠤ ᠳᠠᠢᠯᠠᠯᠳᠤᠭᠠᠨ ᠢ᠋ ᠨᠢᠭᠡᠳᠥᠯᠳᠡᠢ ᠲᠦᠯᠥᠪᠵᠢᠭᠥᠯᠥᠨ ᠠᠬᠢᠭᠤᠯᠵᠤ᠂ ᠵᠠᠮ ᠢ᠋ᠶ᠋ᠠᠷ ᠡᠯᠡᠰᠥ ᠶ᠋ᠢ ᠵᠠᠰᠠᠬᠤ᠂ ᠡᠯᠡᠰᠥ ᠶ᠋ᠢ ᠵᠠᠰᠠᠬᠤ ᠶ᠋ᠢ ᠰᠣᠶᠣᠯ ᠵᠢᠭᠤᠯᠴᠢᠯᠠᠯ ᠲᠠᠢ ᠤᠶᠠᠯᠳᠤᠭᠤᠯᠬᠤ᠂ ᠰᠢᠨ᠎ᠡ ᠡᠨ᠋ᠸᠷᠬᠢ ᠶ᠋ᠢᠨ ᠨᠡᠬᠡᠭᠡᠯᠳᠡ ᠶ᠋ᠢ ᠡᠯᠡᠰᠥ ᠮᠠᠩᠬ᠎ᠠ ᠶ᠋ᠢ ᠵᠠᠰᠠᠨ ᠠᠮᠢ ᠠᠬᠤᠢ ᠶ᠋ᠢ ᠬᠠᠮᠠᠭᠠᠯᠠᠬᠤ ᠲᠠᠢ ᠤᠶᠠᠯᠳᠤᠭᠤᠯᠬᠤ ᠵᠡᠷᠭᠡ ᠤᠯᠠᠨ ᠤᠯᠠᠨ ᠠᠷᠭ᠎ᠠ ᠠᠪᠴᠡᠯ ᠠᠪᠤᠨ᠂ ᠰᠢᠨ᠎ᠡ ᠵᠠᠮ ᠮᠥᠷ ᠨᠡᠬᠡᠭᠡᠨ ᠤᠷᠤᠭᠰᠢᠯᠠᠭᠰᠠᠨ ᠠ᠋ᠴᠠ ᠨᠤᠭᠤᠭᠠᠷᠠᠭᠤᠯᠤᠯᠳᠠ ᠵᠢᠨ ᠪᠠᠢᠳᠠᠯ ᠰᠠᠢᠵᠢᠷᠡᠵᠦ᠂ ᠨᠤᠲᠤᠭ ᠤᠷᠤᠨ ᠪᠠᠶᠠᠵᠢᠬᠰᠠᠨ᠂ ᠡᠯᠡᠰᠥ ᠮᠠᠩᠬᠠᠨ ᠠ᠋ᠴᠠ ᠴᠢᠨᠠᠷ ᠰᠠᠢᠳᠠᠢ ᠦᠷ᠎ᠡ ᠠᠰᠢᠭ᠋ ᠬᠦᠷᠲᠡᠬᠰᠠᠨ ᠪᠠᠢᠨ᠎ᠠ᠃

ᠠᠯᠢ ᠡᠷᠲᠡ1995 ᠤᠨ ᠳ᠋ᠤ᠌ ᠡᠬᠢᠯᠡᠵᠥ ᠳᠠᠪᠢᠰᠥᠭᠰᠡᠨ ᠪᠤᠷᠤᠬᠤᠲᠠ ᠠ᠋ᠴᠠ ᠬᠠᠯᠵᠡᠨ ᠬᠦᠷᠬᠥ ᠬᠠᠮᠤᠭ ᠠᠩᠬᠠᠨ ᠤ᠋ ᠡᠯᠡᠰᠥ ᠶ᠋ᠢ ᠲᠤᠭᠤᠯᠤᠭᠰᠠᠨ ᠵᠠᠰᠠᠮᠠᠯ ᠵᠠᠮ ᠨᠢ ᠬᠤᠶᠠᠷ ᠵᠢᠯ ᠰᠢᠬᠠᠮ ᠤ᠋ᠨ ᠴᠢᠷᠮᠠᠢᠯᠭ᠎ᠠ ᠪᠡᠷ1997 ᠤᠨ ᠳ᠋ᠤ᠌ ᠲᠡᠷᠭᠡ ᠨᠡᠪᠲᠡᠷᠡᠵᠥ᠂ ᠵᠠᠮ ᠢ᠋ᠶ᠋ᠠᠷ ᠡᠯᠡᠰᠥ ᠶ᠋ᠢ ᠵᠠᠰᠠᠬᠤ ᠲᠡᠷᠢᠭᠥᠨ ᠤ᠋ ᠠᠯᠬᠤᠮ ᠢ᠋ ᠠᠯᠬᠤᠭᠰᠠᠨ ᠪᠠᠢᠨ᠎ᠠ᠃ ᠡᠨᠡ ᠬᠦ᠌ ᠠᠮᠵᠢᠯᠳᠠ ᠲᠠᠢ ᠲᠤᠷᠰᠢᠯᠭ᠎ᠠ ᠨᠢ ᠬᠤᠢᠨᠠᠬᠢ ᠬᠥᠮᠥᠰ ᠤ᠋ᠨ ᠬᠡᠪ ᠳᠠᠭᠤᠷᠢᠶᠠᠯ ᠪᠤᠯᠵᠤ᠂ ᠨᠡᠩ ᠴᠢᠨᠠᠭᠰᠢᠯᠠᠪᠠᠯ ᠪᠦᠬᠥ ᠤᠷᠤᠨ ᠳ᠋ᠤ᠌ ᠬᠡᠪ ᠳᠠᠭᠤᠷᠢᠶᠠᠯ ᠦᠵᠡᠭᠥᠯᠵᠥ᠂ ᠡᠯᠡᠰᠥᠷᠬᠡᠭ ᠤᠷᠤᠨ ᠤ᠋ ᠠᠷᠠᠳ ᠲᠦᠮᠡᠨ ᠤ᠋ ᠡᠯᠡᠰᠥ ᠮᠠᠩᠬ᠎ᠠ ᠶ᠋ᠢ ᠵᠠᠰᠠᠨ ᠨᠤᠭᠤᠭᠠᠷᠠᠭᠤᠯᠬᠤ 《ᠡᠷᠳᠡᠨᠢ ᠶ᠋ᠢᠨ ᠵᠡᠪᠰᠡᠭ》 ᠪᠤᠯᠤᠨ ᠬᠤᠪᠢᠷᠠᠵᠤ᠂ ᠶᠠᠪᠤᠵᠤ ᠰᠠᠭᠤᠬᠤ ᠵᠠᠮ ᠮᠦᠷ ᠳᠥᠭᠥᠮ ᠪᠤᠯᠤᠭᠰᠠᠨ ᠢ᠋ᠶ᠋ᠠᠷ ᠪᠠᠷᠠᠬᠤ ᠦᠭᠡᠢ ᠪᠠᠶᠠᠵᠢᠯ ᠤ᠋ᠨ ᠬᠦᠳᠥᠴᠢ ᠪᠤᠯᠵᠤ᠂ ᠡᠯᠡᠰᠥ ᠶ᠋ᠢ ᠲᠤᠭᠤᠯᠤᠭᠰᠠᠨ ᠵᠠᠮ ᠤᠯᠠᠰᠢᠷᠠᠬᠤ ᠪᠡᠷ ᠡᠯᠡᠰᠥᠷᠬᠡᠭ ᠤᠷᠤᠨ ᠪᠠᠭᠠᠰᠤᠭᠰᠠᠭᠠᠷ᠂ ᠠᠷᠠᠳ ᠤ᠋ᠨ ᠠᠮᠢᠳᠤᠷᠠᠯ ᠪᠠᠶᠠᠵᠢᠭ᠍ᠰᠠᠭᠠᠷ᠂ ᠵᠠᠰᠠᠭ ᠤ᠋ᠨ ᠠᠵᠢᠯ ᠤ᠋ᠨ ᠪᠦᠲᠥᠮᠵᠢ ᠳᠤᠪᠤᠢᠭᠰᠠᠭᠠᠷ ᠁

ᠤᠳᠤᠬᠠᠨ ᠪᠤᠯᠬᠤ ᠳ᠋ᠤ᠌ ᠤᠩᠨᠢᠭᠤᠳ ᠬᠤᠰᠢᠭᠤᠨ ᠤ᠋ ᠡᠯᠡᠰᠥ ᠶ᠋ᠢ ᠲᠤᠭᠤᠯᠤᠭᠰᠠᠨ ᠵᠠᠰᠠᠮᠠᠯ ᠵᠠᠮ ᠤ᠋ᠨ ᠪᠦᠬᠥ ᠤᠷᠲᠤ ᠨᠢ 531 ᠺᠢᠯᠥᠮᠸᠲᠷ ᠢ᠋ ᠳᠠᠪᠠᠨ᠂ 7 ᠭᠦᠨᠳᠡᠯᠡᠨ11 ᠭᠤᠯᠳᠤ ᠵᠠᠭᠪᠤᠷ ᠢ᠋ ᠪᠦᠷᠢᠯᠳᠥᠭᠥᠯᠵᠥ᠂ ᠵᠠᠮ ᠳᠠᠭᠠᠭᠰᠠᠨ ᠡᠯᠡᠰᠥᠷᠬᠡᠭ ᠤᠷᠤᠨ ᠤ᠋ ᠨᠤᠭᠤᠭᠠᠷᠠᠭᠤᠯᠤᠯᠳᠠ ᠡᠳᠥᠷ ᠠ᠋ᠴᠠ ᠡᠳᠥᠷ ᠦᠷᠭᠡᠵᠢᠨ᠂ ᠨᠤᠭᠤᠭᠠᠷᠠᠭᠤᠯᠤᠯᠳᠠ ᠶ᠋ᠢᠨ ᠲᠠᠯᠠᠪᠠᠢ 577 ᠲᠦᠮᠡᠨ ᠮᠤ᠌ ᠳ᠋ᠤ᠌ ᠬᠦᠷᠴᠥ᠂ ᠤᠷᠭᠤᠮᠠᠯ ᠤ᠋ᠨ ᠪᠦᠷᠬᠥᠴᠡ ᠣᠣᠯ ᠤ᠋ᠨ 5% ᠪᠠᠢᠭᠰᠠᠨ ᠠ᠋ᠴᠠ 40% ᠪᠤᠯᠤᠨ ᠨᠡᠮᠡᠭᠳᠡᠪᠡ᠃ ᠡᠭᠥᠨ ᠳ᠋ᠤ᠌ 2022 ᠤᠨ ᠳ᠋ᠤ᠌ ᠨᠡᠪᠲᠡᠷᠡᠭᠥᠯᠥᠭᠰᠡᠨ ᠪᠤᠷᠤᠬᠤᠲᠠ ᠠ᠋ᠴᠠ ᠪᠠᠶᠠᠠᠲᠤᠬᠤᠢ ᠬᠦᠷᠬᠥ ᠡᠯᠡᠰᠥ ᠶ᠋ᠢ ᠲᠤᠭᠤᠯᠤᠭᠰᠠᠨ ᠵᠠᠰᠠᠮᠠᠯ ᠵᠠᠮ ᠨᠢ 91 ᠺᠢᠯᠥᠮᠸᠲᠷ ᠦᠷᠭᠥᠯᠵᠢᠯᠡᠵᠥ᠂ ᠵᠠᠮ ᠳᠠᠭᠤ ᠳᠦᠷᠪᠡᠨ ᠰᠤᠮᠤ ᠪᠠᠯᠭᠠᠰᠤ ᠶ᠋ᠢ ᠳᠠᠮᠵᠢᠨ᠂ ᠵᠠᠮ ᠨᠡᠪᠲᠡᠷᠡᠯᠭᠡ᠂ ᠠᠮᠢ ᠠᠬᠤᠢ᠂ ᠰᠤᠶᠤᠯ ᠵᠢᠭᠤᠯᠴᠢᠯᠠᠯ᠂ ᠦᠨᠳᠥᠰᠥᠳᠡᠨ ᠤ᠋ ᠪᠦᠯᠬᠥᠮᠳᠡᠯ ᠢ᠋ ᠬᠤᠯᠪᠤᠭᠰᠠᠨ ᠢ᠋ᠶ᠋ᠠᠷ ᠪᠦᠬᠥ ᠤᠯᠤᠰ ᠤ᠋ᠨ 《ᠬᠠᠮᠤᠭ ᠭᠤᠶᠤ ᠠᠷᠪᠠᠨ ᠵᠤᠷᠪᠤᠰ ᠬᠦᠳᠡᠭᠡ ᠶ᠋ᠢᠨ ᠵᠠᠮ》 ᠤ᠋ᠨ ᠢᠷᠠᠭᠤ ᠠᠯᠳᠠᠷ ᠢ᠋ ᠬᠦᠷᠲᠡᠭᠰᠡᠨ ᠶᠤᠮ᠃ 2026 ᠤᠨ ᠤ᠋ ᠡᠴᠥᠰ ᠪᠤᠯᠳᠠᠯ᠎ᠠ ᠪᠠᠰᠠ ᠨᠢᠭᠡᠨ ᠵᠤᠷᠪᠤᠰ ᠡᠯᠡᠰᠥ ᠲᠤᠭᠤᠯᠤᠭᠰᠠᠨ ᠵᠠᠰᠠᠮᠠᠯ ᠵᠠᠮ ᠢ᠋ ᠨᠡᠪᠲᠡᠷᠡᠭᠥᠯᠬᠥ ᠪᠡᠷ ᠴᠢᠷᠮᠠᠢᠨ ᠲᠡᠮᠡᠴᠡᠵᠥ ᠪᠠᠢᠨ᠎ᠠ᠃ ᠡᠯᠡᠰᠥ ᠶ᠋ᠢ ᠲᠤᠭᠤᠯᠤᠭᠰᠠᠨ ᠵᠠᠰᠠᠮᠠᠯ ᠵᠠᠮ ᠨᠢ ᠮᠠᠩᠬᠠᠨ ᠨᠤᠲᠤᠭ ᠤ᠋ᠨ ᠦᠨᠴᠥᠭ ᠪᠤᠯᠤᠩ ᠢ ᠦᠯᠡᠳᠡᠭᠡᠯ ᠦᠭᠡᠢ ᠪᠦᠷᠬᠥᠨ᠂ ᠮᠠᠰᠢᠨ ᠲᠡᠷᠭᠡ ᠨᠠᠭᠠᠰᠢ ᠴᠠᠭᠠᠰᠢ ᠰᠦᠯᠵᠢᠯᠳᠥᠨ᠂ ᠨᠤᠲᠤᠭ ᠤ᠋ᠨ ᠭᠠᠷᠤᠯᠳᠠ ᠶ᠋ᠢ ᠭᠠᠳᠠᠭ᠍ᠰᠢ ᠵᠦᠭᠡᠭᠡᠪᠥᠷᠢᠯᠡᠬᠥ᠂ ᠭᠠᠳᠠᠭ᠍ᠰᠢ ᠭᠠᠷᠬᠤ᠂ ᠭᠠᠳᠠᠨ᠎ᠠ ᠤᠷᠤᠨ ᠤ᠋ ᠵᠢᠭᠤᠯᠴᠢᠯᠠᠭᠰᠠᠳ ᠢᠷᠡᠬᠥ᠂ ᠠᠷᠠᠯᠵᠢᠶᠠᠯᠠᠬᠤ᠂ ᠪᠡᠯᠡ ᠤᠷᠤᠭᠤᠯᠬᠤ ᠵᠡᠷᠭᠡ ᠠᠷᠭ᠎ᠠ ᠬᠡᠯᠪᠡᠷᠢ ᠪᠡᠷ ᠪᠠᠶᠠᠵᠢᠯ ᠤ᠋ᠨ ᠵᠠᠪᠰᠢᠶᠠᠨ ᠴᠤ᠌ ᠨᠡᠮᠡᠭᠳᠡᠭᠰᠡᠨ ᠪᠠᠢᠨ᠎ᠠ᠃ ᠮᠠᠩᠬᠠᠨ ᠨᠤᠲᠤᠭ ᠤ᠋ᠨ ᠮᠠᠯᠴᠢᠨ ᠲᠠᠷᠢᠶᠠᠴᠢᠨ ᠤ᠋ ᠬᠦᠮᠥᠨ ᠳᠤᠮᠳᠠᠴᠢ ᠶ᠋ᠢᠨ ᠤᠷᠤᠯᠭ᠎ᠠ ᠴᠤ᠌ ᠲᠡᠷᠡ ᠦᠶ᠎ᠡ ᠶ᠋ᠢᠨ 2000 ᠲᠦᠭᠥᠷᠢᠭ ᠠ᠋ᠴᠠ ᠥᠨᠥᠳᠥᠷ ᠤ᠋ᠨ 20000 ᠰᠢᠬᠠᠮ ᠲᠦᠭᠥᠷᠢᠭ ᠪᠤᠯᠤᠨ ᠨᠡᠮᠡᠭᠳᠡᠭᠰᠡᠨ ᠪᠠᠢᠨ᠎ᠠ᠃
ᠤᠩᠨᠢᠭᠤᠳ ᠬᠤᠰᠢᠭᠤ ᠨᠢ ᠮᠠᠩᠬᠠᠨ ᠨᠤᠲᠤᠭ ᠤ᠋ᠨ ᠦᠩᠭᠡ ᠦᠵᠡᠮᠵᠢ ᠳ᠋ᠡᠭᠡᠨ ᠲᠦᠰᠢᠭᠯᠡᠨ᠂ ᠡᠯᠡᠰᠥ ᠮᠠᠩᠬ᠎ᠠ ᠰᠤᠶᠤᠯ ᠵᠢᠭᠤᠯᠴᠢᠯᠠᠯ ᠢ᠋ ᠤᠶᠠᠯᠳᠤᠭᠤᠯᠬᠤ ᠠᠷᠭ᠎ᠠ ᠠᠪᠴᠠᠯ ᠢ᠋ ᠠᠪᠴᠤ᠂ ᠳᠡᠭᠡᠷ᠎ᠡ ᠵᠠᠭᠤᠨ ᠤ᠋ ᠶᠡᠷᠡᠭᠡᠳ ᠤᠨ ᠠ᠋ᠴᠠ ᠡᠬᠢᠯᠡᠨ ᠴᠡᠭᠡᠨ ᠵᠢᠭᠤᠯᠴᠢᠯᠠᠯ ᠤ᠋ᠨ ᠭᠠᠵᠠᠷ᠂ ᠪᠦᠷᠢᠳᠥᠨ ᠵᠢᠭᠤᠯᠴᠢᠯᠠᠯ ᠤ᠋ᠨ ᠭᠠᠵᠠᠷ ᠵᠡᠷᠭᠡ ᠰᠤᠶᠤᠯ ᠵᠢᠭᠤᠯᠴᠢᠯᠠᠯ ᠤ᠋ᠨ ᠭᠠᠵᠠᠷ ᠢ᠋ ᠨᠡᠬᠡᠭᠡᠨ ᠬᠦᠭᠵᠢᠭᠥᠯᠵᠥ᠂ ᠡᠯᠡᠰᠥ ᠮᠠᠩᠬ᠎ᠠ᠂ ᠨᠠᠭᠤᠷ ᠪᠦᠷᠢᠳᠥ᠂ ᠲᠠᠯ᠎ᠠ ᠨᠤᠲᠤᠭ᠂ ᠤᠢ ᠰᠢᠭᠤᠢ ᠵᠡᠷᠭᠡ ᠤᠷᠤᠨ ᠨᠤᠲᠤᠭ ᠤ᠋ᠨ ᠤᠨᠴᠠᠯᠢᠭ᠋ ᠢ᠋ ᠬᠠᠮᠤᠷᠤᠭᠰᠠᠨ ᠦᠢᠯᠡᠴᠢᠯᠡᠭᠡ ᠵᠢᠨ ᠪᠦᠳᠦᠴᠡ ᠵᠢ ᠪᠦᠷᠢᠯᠳᠦᠬᠦᠯᠵᠦ᠂ ᠬᠤᠯᠠ ᠤᠢᠷ᠎ᠠ ᠶ᠋ᠢᠨ ᠵᠢᠭᠤᠯᠴᠢᠯᠠᠭᠰᠠᠳ ᠤ᠋ᠨ ᠠᠩᠬᠠᠷᠤᠯ ᠢ᠋ ᠨᠡᠯᠢᠶᠡᠳ ᠳᠠᠲᠠᠭᠰᠠᠨ ᠦᠩᠭᠡᠷᠡᠯᠳᠡ ᠲᠠᠢ ᠶᠤᠮ᠃ 2006 ᠤᠨ ᠳ᠋ᠤ᠌᠂ ᠲᠦᠷᠥ ᠶ᠋ᠢᠨ ᠪᠤᠳᠤᠯᠭ᠎ᠠ ᠶ᠋ᠢᠨ ᠰᠠᠢᠨ ᠳ᠋ᠤ᠌ ᠲᠦᠰᠢᠭᠯᠡᠨ᠂ ᠠᠷᠠᠯᠵᠢᠶᠠᠴᠢᠨ ᠤᠷᠢᠬᠤ ᠪᠡᠷ ᠳᠠᠮᠵᠢᠨ᠂ ᠨᠠᠭᠤᠷ ᠪᠦᠷᠢᠳᠥ᠂ ᠡᠯᠡᠰᠥ ᠮᠠᠩᠬ᠎ᠠ ᠶ᠋ᠢ ᠤᠶᠠᠯᠳᠤᠭᠤᠯᠤᠭᠰᠠᠨ 《ᠬᠠᠰ ᠯᠤᠤ ᠨᠠᠭᠤᠷ ᠪᠦᠷᠢᠳᠥᠳᠥ》 ᠵᠢᠭᠤᠯᠴᠢᠯᠡᠯᠤᠨ ᠭᠠᠵᠠᠷ ᠢ᠋ ᠪᠠᠢᠭᠤᠯᠤᠨ᠂ ᠢᠳᠡᠵᠥ ᠤᠤᠭᠤᠬᠤ᠂ ᠬᠤᠨᠤᠵᠤ ᠬᠡᠪᠳᠡᠬᠥ᠂ ᠨᠠᠭᠠᠳᠴᠤ ᠴᠡᠩᠬᠡᠬᠥ᠂ ᠲᠡᠮᠡᠭᠡ ᠮᠤᠷᠢ ᠤᠨᠤᠬᠤ ᠵᠡᠷᠭᠡ ᠠᠩᠬ᠎ᠠ ᠠᠯᠬᠤᠮ ᠤ᠋ᠨ ᠦᠢᠯᠡᠴᠢᠯᠡᠭᠡ ᠬᠠᠩᠭᠠᠨ᠂ ᠪᠦᠬᠥ ᠤᠯᠤᠰ ᠤ᠋ᠨ ᠬᠡᠪᠴᠢᠶᠡᠨ ᠳ᠋ᠤ᠌ ᠳᠡᠯᠭᠡᠷᠡᠭᠥᠯᠵᠥ ᠡᠬᠢᠯᠡᠭᠰᠡᠨ ᠪᠠᠢᠨ᠎ᠠ᠃ ᠳᠡᠭᠡᠷ᠎ᠡ ᠵᠠᠭᠤᠨ ᠤ᠋ ᠳᠠᠯᠠᠭᠠᠳ ᠤᠨ ᠳ᠋ᠤ᠌ ᠰᠢᠨ᠎ᠡ ᠴᠢᠯᠠᠭᠤᠨ ᠵᠠᠪᠰᠡᠭ ᠤ᠋ᠨ ᠦᠶ᠎ᠡ ᠶ᠋ᠢᠨ ᠬᠤᠩᠱᠠᠨ ᠰᠤᠶᠤᠯ ᠤ᠋ᠨ ᠲᠦᠯᠥᠭᠡᠯᠡᠭᠴᠢ ᠴᠢᠨᠠᠷᠳᠠᠢ ᠪᠦᠲᠥᠭᠡᠯ ᠪᠤᠯᠬᠤ ᠬᠠᠰ ᠯᠤᠤ ᠶ᠋ᠢ ᠰᠡᠴᠢᠨᠳᠠᠯᠠ ᠭᠠᠴᠠᠭᠠᠨ ᠤ᠋ ᠲᠠᠷᠢᠶᠠᠨ ᠭᠠᠵᠠᠷ ᠠ᠋ᠴᠠ ᠢᠯᠡᠷᠡᠭᠥᠯᠥᠭᠰᠡᠨ ᠠ᠋ᠴᠠ ᠡᠨᠳᠡᠬᠢ ᠵᠢᠭᠤᠯᠴᠢᠯᠠᠯ ᠤ᠋ᠨ ᠭᠠᠵᠠᠷ ᠢ᠋《ᠬᠠᠰ ᠯᠤᠤ ᠨᠠᠭᠤᠷ ᠪᠦᠷᠢᠳᠥᠳᠥ ᠵᠢᠭᠤᠯᠴᠢᠯᠠᠯ ᠤ᠋ᠨ ᠭᠠᠵᠠᠷ》ᠭᠡᠵᠥ ᠨᠡᠷᠡᠢᠳᠥᠭᠰᠡᠨ ᠶᠤᠮ᠃ ᠠᠯᠤᠰ ᠬᠡᠳᠥ ᠶ᠋ᠢᠨ ᠰᠤᠶᠤᠯ ᠤ᠋ᠨ ᠨᠢᠭᠤᠴᠠ ᠶ᠋ᠢ ᠬᠠᠳᠠᠭᠠᠯᠠᠭᠰᠠᠨ ᠲᠤᠰ ᠵᠢᠭᠤᠯᠴᠢᠯᠠᠯ ᠤ᠋ᠨ ᠭᠠᠵᠠᠷ ᠨᠢ ᠤᠳᠠᠯ ᠦᠭᠡᠢ ᠤᠯᠠᠨ ᠤ᠋ ᠲᠤᠰᠬᠠᠯ ᠪᠤᠯᠵᠤ᠂ ᠵᠢᠯ ᠤ᠋ᠨ ᠵᠢᠭᠤᠯᠴᠢᠯᠠᠭᠰᠠᠳᠤᠨ ᠲᠤᠭ᠎ᠠ 100 ᠲᠦᠮᠡ ᠶ᠋ᠢ ᠳᠠᠪᠠᠵᠤ᠂ ᠤᠯᠤᠰ ᠤ᠋ᠨ 4A ᠳᠡᠰ ᠤ᠋ᠨ ᠠᠮᠢ ᠠᠬᠤᠢ ᠶ᠋ᠢᠨ ᠵᠢᠭᠤᠯᠴᠢᠯᠠᠯ ᠤ᠋ᠨ ᠤᠷᠤᠨ ᠢ᠋ᠶ᠋ᠠᠷ ᠨᠡᠷᠡᠢᠳᠥᠭᠳᠡᠵᠥ᠂ ᠰᠣᠷᠭᠠᠨ ᠬᠦᠮᠥᠵᠢᠯ ᠤ᠋ᠨ ᠶᠠᠮᠤᠨ ᠤ᠋ ᠵᠦᠪᠰᠢᠶᠡᠷᠡᠯ ᠢ᠋ᠶ᠋ᠠᠷ ᠪᠦᠬᠥ ᠤᠯᠤᠰ ᠤ᠋ᠨ ᠳᠤᠮᠳᠠᠳᠤ ᠪᠠᠭ᠎ᠠ ᠰᠤᠷᠭᠠᠭᠤᠯᠢ ᠶ᠋ᠢᠨ ᠰᠣᠷᠣᠭ᠍ᠴᠢᠳ ᠤ᠋ᠨ ᠰᠤᠳᠤᠯᠤᠨ ᠰᠤᠷᠤᠯᠴᠠᠬᠤ ᠰᠠᠭᠤᠷᠢᠨ ᠪᠤᠯᠵᠤ᠂ ᠪᠦᠬᠥ ᠤᠷᠤᠨ ᠤ᠋ ᠡᠷᠡᠭᠥᠯᠵᠢᠯ ᠵᠢᠭᠤᠯᠴᠢᠯᠠᠯ ᠤ᠋ᠨ ᠵᠢᠱ᠌ᠢᠶ᠎ᠡ ᠦᠵᠡᠭᠥᠯᠬᠥ ᠤᠷᠤᠨ ᠪᠤᠯᠤᠭᠰᠠᠨ ᠪᠠᠢᠨ᠎ᠠ᠃
ᠡᠭᠥᠨ ᠤ᠋ ᠨᠦᠯᠥᠭᠡ ᠪᠡᠷ ᠪᠦᠬᠥ ᠬᠤᠰᠢᠭᠤᠨ ᠤ᠋ ᠬᠡᠪᠴᠢᠶᠡᠨ ᠳ᠋ᠤ᠌᠂ ᠪᠤᠮᠠᠨ ᠮᠦᠩᠭᠥᠨ ᠡᠯᠡᠰᠥᠨ ᠵᠢᠭᠤᠯᠴᠢᠯᠠᠯ ᠤ᠋ᠨ ᠭᠠᠵᠠᠷ᠂ ᠷᠠᠰᠢᠶᠠᠨ ᠰᠤᠶᠤᠯ ᠵᠢᠭᠤᠯᠴᠢᠯᠠᠯ ᠤ᠋ᠨ ᠬᠤᠷᠰᠢᠶ᠎ᠠ᠂ ᠴᠡᠭᠡᠨ ᠰᠤᠶᠤᠯ ᠵᠢᠭᠤᠯᠴᠢᠯᠠᠯ ᠤ᠋ᠨ ᠰᠡᠯᠡᠭᠥᠴᠡᠨ ᠵᠢᠭᠤᠯᠴᠢᠯᠠᠬᠤ ᠲᠤᠭᠤᠷᠢᠭ᠋ ᠵᠡᠷᠭᠡ ᠡᠯᠡᠰᠥ ᠮᠠᠩᠬ᠎ᠠ ᠪᠡᠷ ᠡᠬᠢ ᠪᠠᠶᠠᠯᠢᠭ᠋ ᠪᠤᠯᠭᠠᠭᠰᠠᠨ ᠰᠤᠶᠤᠯ ᠵᠢᠭᠤᠯᠴᠢᠯᠠᠯ ᠤ᠋ᠨ ᠤᠷᠤᠨ ᠤᠷᠢᠳ ᠬᠤᠵᠢᠳ ᠪᠠᠢᠭᠤᠯᠤᠭᠳᠠᠨ ᠠᠰᠢᠭ᠍ᠯᠠᠯᠳᠠ ᠳ᠋ᠤ᠌ ᠤᠷᠤᠵᠤ᠂ ᠤᠷᠤᠨ ᠨᠤᠲᠤᠭ ᠤ᠋ᠨ ᠠᠵᠤ ᠠᠬᠤᠢ ᠰᠤᠶᠤᠯ ᠤ᠋ᠨ ᠬᠦᠭᠵᠢᠯᠳᠡ ᠳ᠋ᠤ᠌ ᠲᠦᠯᠬᠢᠴᠡ ᠬᠦᠴᠥᠨ ᠪᠤᠯᠤᠭᠰᠠᠨ ᠪᠠᠢᠨ᠎ᠠ᠃ ᠡᠭᠥᠨ ᠳ᠋ᠤ᠌ ᠷᠠᠰᠢᠶᠠᠨ ᠰᠤᠶᠤᠯ ᠵᠢᠭᠤᠯᠴᠢᠯᠠᠯ ᠤ᠋ᠨ ᠬᠤᠷᠰᠢᠶ᠎ᠠ ᠨᠢ ᠭᠠᠴᠠᠭᠠᠨ ᠤ᠋ ᠠᠷᠠᠳ ᠢ᠋ᠶ᠋ᠠᠨ ᠳᠠᠢᠴᠢᠯᠠᠨ ᠪᠡᠯᠡ ᠤᠷᠤᠭᠤᠯᠤᠯᠳᠠ ᠪᠡᠨ ᠨᠡᠮᠡᠭᠳᠡᠭᠥᠯᠵᠥ᠂ ᠪᠡᠯᠡ ᠮᠦᠩᠭᠥ᠂ ᠭᠠᠵᠠᠷ ᠨᠤᠲᠤᠭ ᠵᠢᠡᠷ ᠢ᠋ᠶ᠋ᠠᠨ ᠬᠤᠪᠢ ᠤᠷᠤᠵᠤ᠂ ᠨᠠᠭᠠᠳᠤᠮ ᠤ᠋ᠨ ᠮᠠᠰᠢᠨ ᠲᠡᠷᠭᠡ᠂ ᠲᠤᠨᠤᠭ ᠲᠦᠬᠥᠭᠡᠷᠥᠮᠵᠢ ᠵᠡᠷᠭᠡ ᠶ᠋ᠢ ᠢᠵᠢ ᠪᠦᠷᠢᠳᠥᠭᠥᠯᠥᠨ ᠡᠵᠡᠩᠨᠡᠭᠰᠡᠨ ᠠ᠋ᠴᠠ ᠵᠢᠭᠤᠯᠴᠢᠯᠠᠭᠰᠠᠳ ᠤ᠋ᠨ ᠲᠠᠭᠠᠰᠢᠶᠠᠯ ᠢ᠋ ᠶᠡᠬᠡ ᠪᠡᠷ ᠤᠯᠵᠤ᠂ ᠨᠡᠷ᠎ᠡ ᠲᠦᠷᠥ ᠨᠢ ᠮᠠᠨᠳᠤᠨ᠂ ᠠᠰᠢᠭ᠋ ᠤᠷᠤᠯᠭ᠎ᠠ ᠨᠢ ᠬᠡᠳᠥᠨ ᠳᠠᠬᠢᠨ ᠨᠡᠮᠡᠭᠳᠡᠭᠰᠡᠨ ᠠ᠋ᠴᠠ 2025 ᠤᠨ ᠳ᠋ᠤ᠌ ᠭᠠᠴᠠᠭᠠᠨ ᠤ᠋ ᠬᠤᠪᠢ ᠤᠷᠤᠭᠰᠠᠨ ᠮᠠᠯᠴᠢᠳ ᠲᠠᠭᠠᠨ 700 ᠲᠦᠮᠡᠨ ᠲᠦᠭᠥᠷᠢᠭ ᠤ᠋ᠨ 《ᠤᠯᠠᠭᠠᠨ ᠪᠠᠭᠯᠠᠭ᠎ᠠ》 ᠬᠤᠪᠢᠶᠠᠵᠤ ᠦᠭᠭᠥᠭᠰᠡᠨ ᠦᠩᠭᠡᠷᠡᠯᠳᠡ ᠲᠠᠢ ᠪᠢᠯᠡ᠃
2025 ᠤᠨ ᠳ᠋ᠤ᠌ ᠬᠠᠰ ᠯᠤᠤ ᠨᠠᠭᠤᠷ ᠪᠦᠷᠢᠳᠥᠳᠥ ᠵᠢᠭᠤᠯᠴᠢᠯᠠᠯ ᠤ᠋ᠨ ᠭᠠᠵᠡᠷ ᠲᠤ᠌᠂ ᠤᠯᠠᠭᠠᠠᠬᠠᠳᠠ ᠬᠤᠲᠠ ᠶ᠋ᠢᠨ ᠬᠠᠰ ᠯᠤᠤ ᠨᠠᠭᠤᠷ ᠪᠦᠷᠢᠳᠥᠳᠥ ᠵᠢᠭᠤᠯᠴᠢᠯᠠᠯ ᠤ᠋ᠨ ᠤᠷᠤᠨᠳᠡᠬᠢ ᠬᠠᠪᠤᠷ ᠤ᠋ᠨ ᠣᠯᠠᠷᠢᠯ ᠤ᠋ᠨ ᠪᠦᠬᠥ ᠤᠯᠤᠰ ᠤ᠋ᠨ ᠡᠯᠡᠰᠥ ᠮᠠᠩᠬᠠᠨ ᠤ᠋ ᠬᠡᠭᠡᠷᠡᠯᠡᠨ ᠳᠠᠪᠬᠢᠬᠤ ᠮᠠᠰᠢᠨ ᠲᠡᠷᠭᠡᠨ ᠤ᠋ ᠲᠡᠮᠡᠴᠡᠭᠡᠨ ᠳ᠋ᠤ᠌ ᠬᠦᠭ ᠨᠡᠮᠡᠵᠥ᠂ ᠦᠨᠳᠥᠰᠥᠳᠡᠨ ᠤ᠋ ᠪᠦᠯᠬᠥᠮᠳᠡᠯ ᠳᠠᠪᠰᠢᠯᠳᠠ ᠶ᠋ᠢ ᠠᠬᠢᠭᠤᠯᠬᠤ《128 ᠵᠠᠩᠭᠢᠶᠠᠳᠤ ᠪᠦᠬᠡ》 ᠶ᠋ᠢᠨ ᠤᠷᠤᠯᠳᠤᠭᠠᠨ ᠡᠷᠬᠢᠯᠡᠵᠥ᠂ 2026 ᠤᠨ ᠳ᠋ᠤ᠌ ᠪᠦᠬᠥ ᠬᠤᠲᠠ ᠶ᠋ᠢᠨ ᠭᠤᠷᠪᠠᠳᠤᠭᠠᠷ ᠤᠳᠠᠭᠠᠨ ᠪᠦᠬᠡ ᠶ᠋ᠢᠨ ᠴᠤᠯᠠ ᠤᠯᠭᠤᠬᠤ ᠨᠠᠢᠷ ᠢ᠋ ᠷᠠᠰᠢᠶᠠᠨ ᠵᠢᠭᠤᠯᠴᠢᠯᠠᠯ ᠤ᠋ᠨ ᠬᠤᠷᠰᠢᠶ᠎ᠠ ᠳ᠋ᠤ᠌ ᠶᠠᠪᠤᠭᠳᠠᠭᠤᠯᠤᠭᠰᠠᠨ ᠪᠠᠢᠨ᠎ᠠ᠃2026 ᠤᠨ ᠳ᠋ᠤ᠌ ᠪᠠᠰᠠ᠂ ᠪᠡᠭᠡᠵᠢᠩ ᠲᠡᠮᠳᠡᠭᠳᠥ ᠬᠡᠭᠡᠷᠡᠯᠡᠨ ᠳᠠᠪᠬᠢᠬᠤ ᠮᠠᠰᠢᠨ ᠤ᠋ ᠪᠦᠯᠥᠭᠯᠡᠯ ᠤ᠋ᠨ ᠬᠢᠨ ᠤᠩᠨᠢᠭᠤᠳ ᠬᠤᠰᠢᠭᠤᠨ ᠤ᠋ ᠷᠠᠰᠢᠶᠠᠨ ᠵᠢᠭᠤᠯᠴᠢᠯᠠᠯ ᠤ᠋ᠨ ᠤᠷᠤᠨ ᠤ᠋ ᠡᠯᠡᠰᠥ ᠮᠠᠩᠬᠠᠨ ᠳ᠋ᠤ᠌ ᠬᠡᠭᠡᠷᠡᠯᠡᠨ ᠳᠠᠪᠬᠢᠬᠤ ᠤᠷᠤᠯᠳᠤᠭᠠᠨ ᠡᠷᠬᠢᠯᠡᠵᠥ᠂ ᠪᠦᠬᠥ ᠤᠯᠤᠰ ᠤ᠋ᠨ ᠡᠯ᠎ᠡ ᠭᠠᠵᠠᠷ ᠠ᠋ᠴᠠ 250 ᠭᠠᠷᠤᠢ ᠲᠡᠷᠭᠡ᠂ 6000 ᠭᠠᠷᠤᠢ ᠬᠥᠮᠥᠨ ᠬᠦᠷᠥᠯᠴᠡᠨ ᠢᠷᠡᠵᠥ ᠤᠷᠤᠯᠳᠤᠭᠠᠨ ᠳ᠋ᠤ᠌ ᠤᠷᠤᠯᠴᠠᠵᠤ᠂ ᠤᠩᠨᠢᠭᠤᠳ ᠨᠤᠲᠤᠭ ᠤ᠋ᠨ ᠠᠯᠳᠠᠷᠰᠢᠯ ᠢ᠋ ᠨᠡᠮᠡᠭᠳᠡᠭᠥᠯᠥᠭᠰᠡᠨ ᠪᠠᠢᠨ᠎ᠠ᠃
ᠤᠢᠷ᠎ᠠ ᠶ᠋ᠢᠨ ᠬᠡᠳᠥᠨ ᠵᠢᠯ ᠤ᠋ᠨ ᠲᠤᠷᠰᠢ᠂ ᠤᠩᠨᠢᠭᠤᠳ ᠬᠤᠰᠢᠭᠤᠨ ᠤ᠋ ᠬᠡᠪᠴᠢᠶᠡᠨ ᠳ᠋ᠤ᠌ ᠨᠡᠯᠢᠶᠡᠳ ᠬᠡᠳᠥ ᠤᠳᠠᠭᠠᠨ ᠤ᠋ ᠡᠯᠡᠰᠥᠨ ᠴᠦᠯ ᠳ᠋ᠡᠬᠢ ᠮᠠᠰᠢᠨ ᠲᠡᠷᠭᠡ ᠪᠡᠷ ᠬᠡᠭᠡᠷᠡᠯᠡᠨ ᠠᠶᠠᠯᠠᠬᠤ ᠠᠵᠢᠯᠯᠠᠭ᠎ᠠ ᠶ᠋ᠢ ᠷᠠᠰᠢᠶᠠᠨ ᠵᠢᠭᠤᠯᠴᠢᠯᠠᠯ ᠤ᠋ᠨ ᠤᠷᠤᠨ᠂ ᠪᠤᠮᠠᠨ ᠮᠦᠩᠭᠥᠨ ᠡᠯᠡᠰᠥᠨ ᠵᠢᠭᠤᠯᠴᠢᠯᠠᠯ ᠤ᠋ᠨ ᠭᠠᠵᠠᠷ ᠲᠤ᠌ ᠤᠳᠠᠭ᠎ᠠ ᠳᠠᠷᠠᠭ᠎ᠠ ᠡᠭᠡᠯᠵᠢᠯᠡᠨ ᠡᠷᠬᠢᠯᠡᠵᠥ᠂ ᠮᠠᠩᠬᠠᠨ ᠨᠤᠲᠤᠭ ᠤ᠋ᠨ ᠤᠨᠴᠠᠯᠢᠭ᠋ ᠢ᠋ ᠭᠦᠢᠴᠡᠳ ᠠᠰᠢᠭ᠍ᠯᠠᠨ᠂ ᠵᠢᠭᠤᠯᠴᠢᠯᠠᠭᠰᠠᠳ ᠤ᠋ᠨ ᠠᠩᠬᠠᠷᠤᠯ ᠢ᠋ ᠶᠡᠬᠡ ᠪᠡᠷ ᠳᠠᠲᠠᠭᠰᠠᠨ ᠪᠠᠢᠨ᠎ᠠ᠃ ᠡᠭᠥᠨ ᠤ᠋ ᠬᠠᠮᠲᠤ ᠪᠠᠭᠠᠴᠤᠳ ᠬᠡᠥᠬᠡᠳ ᠲᠤ᠌ ᠵᠤᠷᠢᠭᠤᠯᠤᠭᠰᠠᠨ ᠡᠯᠡᠰᠥ ᠮᠠᠩᠬᠠᠨ ᠳ᠋ᠡᠬᠢ ᠡᠯᠳᠡᠪ ᠲᠦᠷᠥᠯ ᠤ᠋ᠨ ᠲᠡᠮᠡᠴᠡᠭᠡᠨ ᠤᠷᠤᠯᠳᠤᠭᠠᠨ ᠨᠢ ᠪᠦᠬᠥ ᠤᠯᠤᠰ ᠤ᠋ᠨ ᠡᠯ᠎ᠡ ᠭᠠᠵᠠᠷ ᠤ᠋ᠨ ᠪᠠᠭᠠᠴᠤᠳ ᠬᠡᠥᠬᠡᠳ ᠤ᠋ᠨ ᠠᠩᠬᠠᠷᠤᠯ ᠳ᠋ᠤ᠌ ᠬᠦᠷᠴᠥ᠂ ᠰᠢᠨ᠎ᠡ ᠨᠢᠭᠡᠨ ᠭᠢᠯᠠᠰ ᠴᠡᠭ ᠪᠤᠯᠤᠭᠰᠠᠭᠠᠷ ᠪᠠᠢᠨ᠎ᠠ᠃