ᠬᠥᠬᠡᠬᠣᠲᠠ᠎ᠶ᠋ᠢᠨ ᠬᠥᠮᠦᠰ ᠠᠩᠬᠠᠷᠤᠭᠠᠷᠠᠢ︕ ᠮᠠᠰᠢᠨ ᠲᠡᠷᠭᠡᠨᠦ᠌ ᠳᠤᠷ᠎ᠠ
ᠪᠡᠷ ᠵᠢᠡᠨ ᠪᠦᠷᠢᠶ᠎ᠡ ᠳᠤᠤᠭᠠᠷᠭᠠᠨ ᠠᠷᠠᠳ ᠢ᠋ ᠦᠢᠮᠡᠭᠦᠯᠬᠦ ᠦᠵᠡᠭᠳᠡᠯ ᠢ᠋ ᠪᠦᠲᠦᠮᠵᠢᠲᠡᠢ ᠵᠠᠰᠠᠬᠤ᠎ᠶ᠋ᠢᠨ ᠲᠥᠯᠥᠭᠡ᠂
ᠣᠢᠷ᠎ᠠ᠎ᠳᠦ ᠬᠥᠬᠡᠬᠣᠲᠠ᠎ᠶ᠋ᠢᠨ ᠵᠠᠮ ᠬᠠᠷᠢᠯᠴᠠᠭᠠᠨ ᠤ᠋ ᠴᠠᠭᠳᠠᠭ᠎ᠠ ᠬᠠᠤᠯᠢ ᠡᠴᠡ ᠵᠥᠷᠢᠴᠡᠨ ᠪᠦᠷᠢᠶ᠎ᠡ ᠳᠤᠤᠭᠠᠷᠭᠠᠬᠤ
ᠵᠢ ᠲᠤᠰᠬᠠᠢ ᠲᠦᠷᠦᠯ ᠵᠢᠡᠷ ᠴᠡᠭᠴᠡᠯᠡᠨ ᠵᠠᠰᠠᠬᠤ ᠠᠵᠢᠯᠯᠠᠭ᠎ᠠ
ᠥᠷᠨᠢᠭᠦᠯᠵᠦ᠂ ᠬᠣᠶᠠᠳᠤᠭᠠᠷ ᠲᠣᠭᠣᠷᠢᠯ ᠵᠠᠮ ᠡᠴᠡ ᠳᠤᠳᠤᠭᠰᠢ᠎ᠬᠢ ᠬᠡᠪᠴᠢᠶ᠎ᠡ ᠵᠢ ᠪᠦᠭᠦᠳᠡ ᠪᠦᠷᠢᠶ᠎ᠡ
ᠳᠤᠤᠭᠠᠷᠭᠠᠬᠤ᠎ᠵᠢ ᠬᠤᠷᠢᠭᠯᠠᠬᠤ ᠵᠠᠬᠢᠷᠤᠨ ᠬᠠᠮᠢᠶᠠᠷᠬᠤ ᠣᠷᠣᠨ᠎ᠳ᠋ᠤ᠌ ᠤᠷᠤᠭᠤᠯᠵᠠᠢ᠃ ᠵᠠᠮ ᠬᠠᠷᠢᠯᠴᠠᠭᠠᠨ᠎ᠤ᠋
ᠴᠠᠭᠳᠠᠭ᠎ᠠ ᠭᠣᠣᠯᠳᠠᠯᠭ᠎ᠠ᠎ᠲᠠᠢ ᠵᠠᠮ᠎ᠤ᠋ᠨ ᠠᠭᠤᠯᠵᠠᠷ᠂ ᠣᠨᠴᠠᠭᠠᠢᠯᠠᠨ ᠰᠤᠷᠭᠠᠭᠤᠯᠢ᠂ ᠡᠮᠨᠡᠯᠭᠡ᠎ᠶ᠋ᠢᠨ ᠬᠣᠷᠢᠶ᠎ᠠ
ᠵᠢᠴᠢ ᠰᠠᠭᠤᠭᠠᠯᠢ ᠠᠷᠠᠳ᠎ᠤ᠋ᠨ ᠲᠣᠭᠣᠷᠢᠭ ᠤ᠋ᠨ ᠣᠢᠷ᠎ᠠ ᠬᠠᠪᠢ᠎ᠶ᠋ᠢᠨ ᠵᠠᠮ᠎ᠤ᠋ᠨ ᠬᠡᠰᠡᠭ᠎ᠲᠦ᠍ ᠨᠡᠭᠠᠰᠢ ᠴᠠᠭᠠᠰᠢ
ᠥᠩᠭᠡᠷᠡᠬᠦ ᠲᠡᠷᠭᠡ ᠬᠥᠰᠬᠡ ᠶ᠋ᠢᠨ ᠬᠠᠤᠯᠢ ᠡᠴᠡ ᠵᠥᠷᠢᠴᠡᠭᠰᠡᠨ ᠪᠦᠷᠢᠶ᠎ᠡ ᠳᠤᠤᠭᠠᠷᠭᠠᠬᠤ ᠦᠢᠯᠡ ᠠᠵᠢᠯᠯᠠᠭ᠎ᠠ᠎ᠶ᠋ᠢ
ᠣᠨᠣᠪᠴᠢᠲᠠᠢ ᠪᠠᠢᠴᠠᠭᠠᠨ ᠰᠢᠢᠳᠪᠦᠷᠢᠯᠡᠬᠦ᠎ᠶ᠋ᠢᠨ ᠬᠠᠮᠲᠤ᠂ ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡᠶ᠋ᠢᠴᠤ
ᠭᠣᠣᠯᠳᠠᠯᠭ᠎ᠠ᠎ᠲᠠᠢ ᠬᠠᠮᠢᠶᠠᠷᠤᠯᠲᠠ᠎ᠶ᠋ᠢᠨ ᠬᠡᠪᠴᠢᠶᠡᠨ᠎ᠳ᠋ᠦ᠍ ᠣᠷᠣᠭᠤᠯᠪᠠ᠃

ᠬᠥᠬᠡᠬᠣᠲᠠ᠎ᠶ᠋ᠢᠨ ᠵᠠᠮ ᠬᠠᠷᠢᠯᠴᠠᠭᠠᠨ᠎ᠤ᠋
ᠴᠠᠭᠳᠠᠭ᠎ᠠ 《ᠲᠣᠭᠲᠠᠭᠰᠠᠨ ᠴᠡᠭᠲᠤ᠌ ᠰᠠᠬᠢᠬᠤ + ᠬᠥᠳᠡᠯᠦᠨᠭᠭᠦᠢ ᠲᠣᠭᠣᠷᠢᠨ ᠴᠠᠭᠳᠠᠯᠲᠠ》 ᠶ᠋ᠢ ᠤᠶᠠᠯᠳᠤᠭᠤᠯᠬᠤ ᠵᠠᠭᠪᠤᠷ᠎ᠢ᠋ ᠬᠡᠷᠡᠭᠯᠡᠵᠦ᠂ ᠬᠠᠤᠯᠢ ᠡᠴᠡ ᠵᠥᠷᠢᠴᠡᠭᠰᠡᠨ
ᠪᠦᠷᠢᠶ᠎ᠡ ᠳᠤᠤᠭᠠᠷᠭᠠᠬᠤ ᠦᠢᠯᠡ ᠠᠵᠢᠯᠯᠠᠭ᠎ᠠ᠎ᠶ᠋ᠢ ᠪᠠᠢᠴᠠᠭᠠᠨ ᠰᠢᠢᠳᠪᠦᠷᠢᠯᠡᠵᠤ ᠪᠤᠢ᠃
ᠬᠠᠤᠯᠢ ᠬᠡᠷᠡᠭᠵᠢᠭᠦᠯᠬᠦ
ᠶᠠᠪᠤᠴᠠ᠎ᠳ᠋ᠤ᠌᠂ ᠠᠷᠠᠳ᠎ᠤ᠋ᠨ ᠴᠠᠭᠳᠠᠭ᠎ᠠ 《ᠰᠤᠷᠭᠠᠨ ᠬᠥᠮᠦᠵᠢᠭᠦᠯᠬᠦ ᠪᠠ ᠰᠢᠢᠳᠬᠡᠨ
ᠲᠣᠷᠭᠠᠬᠤ᠎ᠶ᠋ᠢ ᠵᠡᠷᠭᠡ ᠪᠡᠷ ᠴᠢᠬᠤᠯᠠᠴᠢᠯᠠᠬᠤ》 ᠵᠠᠷᠴᠢᠮᠢ᠋
ᠪᠠᠷᠢᠮᠲᠠᠯᠠᠵᠤ᠂ ᠡᠩ ᠲᠡᠷᠢᠭᠦᠨ᠎ᠳ᠋ᠦ᠍ ᠨᠢᠭᠤᠷᠳᠠᠵᠤ ᠰᠡᠷᠡᠮᠵᠢᠯᠡᠭᠦᠯᠬᠦ ᠬᠥᠮᠦᠵᠢᠯ ᠥᠷᠨᠢᠭᠦᠯᠵᠦ᠂
ᠵᠠᠮ᠎ᠤ᠋ᠨ ᠠᠭᠤᠯᠵᠠᠷ᠎ᠤ᠋ᠨ ᠪᠦᠷᠢᠶ᠎ᠡ ᠳᠤᠤᠭᠠᠷᠭᠠᠬᠤ ᠵᠢ ᠬᠣᠷᠢᠭᠯᠠᠬᠤ ᠲᠡᠮᠳᠡᠭᠲᠡᠢ ᠤᠶᠠᠯᠳᠤᠭᠤᠯᠤᠨ《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤ᠋ᠨ ᠵᠠᠮ ᠬᠠᠷᠢᠯᠴᠠᠭᠠᠨ᠎ᠤ᠋ ᠠᠮᠤᠷ
ᠲᠦᠪᠰᠢᠨᠦ᠌ ᠬᠠᠤᠯᠢ》 ᠵᠢᠨ ᠬᠠᠮᠢᠶ᠎ᠠ ᠪᠦᠬᠦᠢ ᠲᠣᠭᠲᠠᠭᠠᠯᠢ᠋
ᠨᠠᠷᠢᠨ ᠬᠢᠨᠠᠮᠠᠭᠠᠢ ᠤᠩᠰᠢᠨ ᠲᠠᠶ᠋ᠢᠯᠪᠤᠷᠢᠯᠠᠵᠤ᠂ ᠱᠤᠤᠭᠢᠶ᠎ᠠ ᠳᠠᠭᠤᠨ᠎ᠤ ᠬᠣᠣᠷ ᠬᠥᠨᠥᠭᠡᠯᠢ᠋ ᠭᠦᠨᠵᠡᠭᠡᠢ
ᠵᠠᠳᠠᠯᠤᠨ᠂ ᠵᠢᠯᠣᠭᠣᠴᠢ᠎ᠶ᠋ᠢ ᠬᠥᠲᠥᠯᠦᠨ ᠵᠢᠯᠣᠭᠣᠳᠴᠤ ᠪᠠᠶ᠋ᠢᠭᠠᠳ ᠬᠦᠯᠢᠴᠡᠩᠭᠦᠢ ᠨᠠᠢᠷ ᠲᠠᠯᠪᠢᠬᠤ ᠰᠠᠢᠨ
ᠰᠠᠢᠬᠠᠨ ᠳᠠᠳᠬᠠᠯ᠎ᠲᠠᠢ ᠪᠣᠯᠭᠠᠬᠤ ᠵᠢ ᠴᠢᠬᠤᠯᠠᠴᠢᠯᠠᠵᠤ ᠪᠠᠢᠨ᠎ᠠ᠃ ᠳᠠᠷᠠᠭ᠎ᠠ ᠨᠢ ᠬᠠᠤᠯᠢ ᠶᠣᠰᠣᠭᠠᠷ
ᠲᠡᠭᠦᠨ᠎ᠦ᠌ ᠬᠠᠤᠯᠢᠠ᠋ᠴᠠ ᠵᠥᠷᠢᠴᠡᠭᠰᠡᠨ ᠦᠢᠯᠡ ᠠᠵᠢᠯᠯᠠᠭᠠᠳ᠋ᠤ᠌ ᠰᠢᠢᠳᠬᠡᠯ ᠥᠭᠴᠦ᠂《ᠨᠢᠭᠡ ᠵᠢ ᠪᠠᠢᠴᠠᠭᠠᠨ ᠭᠠᠷᠭᠠᠪᠠᠯ᠂ ᠨᠢᠭᠡ ᠵᠢ ᠰᠤᠷᠭᠠᠨ ᠬᠥᠮᠦᠵᠢᠭᠦᠯᠵᠦ᠂ ᠨᠢᠭᠡ
ᠪᠥᠯᠥᠭ ᠢ᠋ ᠰᠡᠷᠡᠮᠵᠢᠯᠡᠭᠦᠯᠬᠦ》 ᠵᠢ ᠦᠨᠡᠨᠬᠦ ᠭᠦᠢᠴᠡᠳᠬᠡᠵᠦ ᠪᠤᠢ᠃
ᠳᠠᠷᠠᠭᠠᠴᠢ᠎ᠶ᠋ᠢᠨ ᠠᠯᠬᠤᠮᠳ᠋ᠤ᠌᠂ ᠬᠥᠬᠡᠬᠣᠲᠠ᠎ᠶ᠋ᠢᠨ
ᠵᠠᠮ ᠬᠠᠷᠢᠯᠴᠠᠭᠠᠨ᠎ᠤ᠋ ᠴᠠᠭᠳᠠᠭ᠎ᠠ ᠭᠣᠣᠯᠳᠠᠯᠭ᠎ᠠ᠎ᠲᠠᠢ ᠵᠠᠮ ᠪᠣᠯᠤᠨ ᠭᠣᠣᠯᠳᠠᠯᠭ᠎ᠠ᠎ᠲᠠᠢ ᠴᠠᠭ ᠬᠤᠭᠤᠴᠠᠭᠠᠨ᠎ᠳ᠋ᠤ᠌
ᠦᠷᠭᠦᠯᠵᠢᠯᠡᠨ ᠠᠩᠬᠠᠷᠤᠯᠢ᠋ᠶ᠋ᠠᠨ ᠲᠥᠪᠯᠡᠷᠡᠭᠦᠯᠵᠦ᠂ ᠬᠠᠤᠯᠢ ᠠ᠋ᠴᠠ
ᠵᠥᠷᠢᠴᠡᠭᠰᠡᠨ ᠪᠦᠷᠢᠶ᠎ᠡ ᠳᠤᠤᠭᠠᠷᠭᠠᠬᠤ ᠦᠢᠯᠡ ᠠᠵᠢᠯᠯᠠᠭ᠎ᠠ ᠳᠤ ᠥᠨᠳᠥᠷ ᠳᠠᠷᠤᠯᠲᠠᠲᠤ ᠴᠢᠩᠭ᠎ᠠ ᠬᠠᠮᠢᠶᠠᠷᠤᠯᠲᠠ
ᠶ᠋ᠢ ᠪᠠᠢᠩᠭᠤᠵᠢᠭᠤᠯᠤᠨ ᠬᠡᠷᠡᠭᠵᠢᠭᠦᠯᠵᠦ᠂ ᠥᠷᠭᠡᠨ ᠣᠯᠠᠨ ᠵᠠᠮ ᠬᠠᠷᠢᠯᠴᠠᠭᠠᠨ᠎ᠤ᠋ ᠣᠷᠣᠯᠴᠠᠭᠴᠢ᠎ᠶ᠋ᠢ ᠵᠢᠯᠣᠭᠣᠳᠤᠨ
ᠪᠣᠯᠪᠠᠰᠤᠨ᠂ ᠨᠠᠮ ᠵᠢᠮ᠂ ᠨᠠᠢᠷ ᠲᠠᠯᠪᠢᠬᠤ ᠳᠠᠳᠬᠠᠯ ᠢ᠋ ᠤᠬᠠᠮᠰᠠᠷᠠ᠋ᠴᠠ ᠨᠢ ᠪᠦᠷᠢᠯᠳᠦᠭᠦᠯᠵᠦ᠂ ᠨᠠᠮ ᠵᠢᠮ
ᠡᠮᠬᠢ ᠵᠢᠷᠤᠮ᠎ᠲᠠᠢ᠂ ᠪᠣᠯᠪᠠᠰᠤᠨ ᠰᠠᠭᠠᠳ ᠦᠭᠡᠢ ᠨᠡᠪᠲᠡᠷᠡᠬᠦ ᠵᠠᠮ ᠬᠠᠷᠢᠯᠴᠠᠭᠠᠨ᠎ᠤ᠋ ᠣᠷᠴᠢᠨ ᠲᠣᠭᠣᠷᠢᠨ᠎ᠢ᠋
ᠪᠦᠬᠦ ᠬᠦᠴᠦᠨ᠎ᠢ᠋ᠶ᠋ᠡᠷ᠎ᠢ᠋ᠶ᠋ᠡᠨ ᠪᠣᠢ ᠪᠣᠯᠭᠠᠨ᠎ᠠ᠃
ᠢᠷᠡᠯᠲᠡ᠄ ᠴᠢᠩ ᠴᠧᠩ ᠬᠠᠮ ᠵᠠᠭᠤᠴᠢᠯᠠᠭᠤᠷ᠂ ᠬᠦᠬᠡᠬᠤᠲᠠ ᠵᠢᠨ ᠵᠠᠮ
ᠬᠠᠷᠢᠯᠴᠠᠭᠠᠨ᠎ᠤ ᠴᠠᠭᠳᠠᠭ᠎ᠠ