ᠲᠥᠪ ᠲᠧᠯᠸᠢᠰ᠎ᠦᠨ ᠰᠣᠨᠢᠨ ᠮᠡᠳᠡᠭᠡ ᠵᠢᠨ ᠰᠤᠷᠪᠤᠯᠵᠢᠯᠠᠭ᠍ᠴᠢ
ᠤᠯᠤᠰ᠎ᠤᠨ ᠲᠡᠮᠦᠷ ᠵᠠᠮ ᠤᠨ ᠪᠡᠭᠡᠵᠢᠩ᠎ᠦᠨ ᠲᠣᠪᠴᠢᠶ᠎ᠠ᠎ᠡᠴᠠ ᠣᠢᠯᠠᠭᠠᠭᠰᠠᠨ᠎ᠢᠶᠠᠷ᠂ ᠪᠡᠭᠡᠵᠢᠩ ᠲᠢᠶᠠᠨᠵᠢᠨ
ᠾᠧᠪᠧᠢ᠎ᠶᠢᠨ ᠬᠡᠰᠡᠭ ᠭᠠᠵᠠᠷ ᠣᠷᠣᠨ᠎ᠳᠤ ᠰᠢᠷᠦᠭᠦᠨ ᠪᠣᠷᠣᠭᠠᠨ ᠣᠷᠣᠭᠰᠠᠨ᠎ᠤ ᠨᠥᠯᠥᠭᠡ᠎ᠪᠡᠷ᠂ ᠡᠨᠡ ᠡᠳᠦᠷ ᠲᠡᠮᠦᠷ
ᠵᠠᠮ᠎ᠤᠨ ᠰᠠᠯᠠᠭ᠎ᠠ ᠮᠥᠴᠢᠷ ᠪᠡᠭᠡᠵᠢᠩ᠎ᠡᠴᠡ ᠱᠠᠨ ᠰᠢ᠎ᠶᠢᠨ ᠶᠤᠸᠠᠨ ᠫᠢᠩ᠂ ᠥᠪᠥᠷ ᠮᠣᠩᠭᠣᠯ᠎ᠤᠨ ᠲᠦᠩᠯᠢᠶᠣᠣ᠂
ᠾᠧᠪᠧᠢ᠎ᠶᠢᠨ ᠴᠧᠩᠳ᠋ᠸ ᠬᠦᠷᠬᠦ; ᠱᠠᠨ ᠰᠢ᠎ᠶᠢᠨ ᠶᠠᠩ ᠴᠢᠤᠸᠠᠨ ᠡᠴᠡ ᠾᠧᠪᠧᠢ᠎ᠶᠢᠨ ᠱᠧ ᠰᠢᠶᠠᠨ ᠬᠦᠷᠬᠦ; ᠾᠧᠪᠧᠢ᠎ᠶᠢᠨ
ᠬᠠᠨᠳᠠᠨ᠎ᠠᠴᠠ ᠱᠠᠨ ᠰᠢ᠎ᠶᠢᠨ ᠴᠠᠩ ᡁᠢ ᠬᠦᠷᠬᠦ ᠵᠡᠷᠭᠡ ᠠᠭᠤᠯᠠᠷᠬᠠᠭ ᠣᠷᠣᠨ᠎ᠤ ᠡᠩ᠎ᠦᠨ ᠬᠤᠷᠳᠤᠴᠠᠲᠤ ᠲᠡᠮᠦᠷ
ᠵᠠᠮ᠎ᠤᠨ ᠬᠡᠰᠡᠭ ᠠᠶᠠᠨᠴᠢᠳ᠎ᠤᠨ ᠭᠠᠯᠲᠦ ᠲᠡᠷᠭᠡ ᠵᠢᠴᠢ ᠪᠡᠭᠡᠵᠢᠩ᠎ᠤᠨ ᠬᠣᠲᠠ᠎ᠶᠢᠨ ᠲᠡᠭᠦᠷᠭᠡ ᠵᠢᠨ S2 ᠱᠤᠭᠤᠮ᠂ ᠬᠤᠸᠠᠢ ᠷᠧᠦ᠎ᠡᠴᠡ
ᠮᠢ ᠶᠦᠨ ᠬᠦᠷᠬᠦ᠂ ᠲᠦᠩᠵᠸᠦ᠎ᠡᠴᠡ ᠮᠢ ᠶᠦᠨ ᠬᠦᠷᠬᠦ ᠵᠡᠷᠭᠡ ᠱᠤᠭᠤᠮ᠎ᠤᠨ ᠬᠡᠰᠡᠭ ᠠᠶᠠᠨᠴᠢᠳ᠎ᠤᠨ
ᠭᠠᠯᠲᠦ ᠲᠡᠷᠭᠡ᠎ᠳᠦ ᠲᠦᠷ ᠴᠠᠭ ᠵᠦᠭᠡᠭᠡᠪᠦᠷᠢᠯᠡᠬᠦ᠎ᠪᠡᠨ ᠵᠣᠭᠰᠣᠬᠤ ᠠᠷᠭ᠎ᠠ ᠬᠡᠮᠵᠢᠶ᠎ᠡ ᠠᠪᠴᠠᠢ᠃
ᠠᠶᠠᠨᠴᠢᠳ ᠪᠣᠳᠠᠲᠠᠢ ᠮᠡᠳᠡᠭᠡ ᠵᠠᠩᠭᠢ᠎ᠶᠢ ᠲᠡᠮᠦᠷ ᠵᠠᠮ ᠤᠨ
12306 ᠰᠦᠯᠵᠢᠶ᠎ᠡ ᠪᠠ ᠰᠢᠯᠵᠢᠶ᠎ᠡ᠎ᠡᠴᠡ ᠠᠰᠠᠭᠤᠨ ᠯᠠᠪᠯᠠᠬᠤ ᠪᠤᠶᠤ ᠭᠠᠯᠲᠤ ᠲᠡᠷᠭᠡᠨ ᠥᠷᠲᠡᠭᠡᠨ᠎ᠦ ᠠᠯᠪᠠᠨ
ᠵᠠᠷᠯᠠᠯ ᠢ ᠠᠩᠬᠠᠷᠴᠤ ᠪᠣᠯᠣᠨ᠎ᠠ᠃ ᠵᠦᠭᠡᠭᠡᠪᠦᠷᠢᠯᠡᠬᠦ᠎ᠪᠡᠨ ᠵᠣᠭᠰᠣᠭᠰᠠᠨ ᠭᠠᠯᠲᠤ ᠲᠡᠷᠭᠡᠨ᠎ᠦ ᠪᠢᠯᠧᠲ᠎ᠢ ᠨᠢᠭᠡᠨᠲᠡ
ᠬᠤᠳᠠᠯᠳᠤᠨ ᠠᠪᠤᠭᠰᠠᠨ ᠠᠶᠠᠨᠴᠢᠳ ᠲᠡᠷᠭᠡᠨ ᠪᠢᠯᠧᠲᠲᠡᠭᠡᠷᠡᠬᠢ ᠥᠷᠲᠡᠭᠡᠨ᠎ᠡᠴᠡ ᠬᠦᠳᠡᠯᠬᠦ ᠡᠳᠦᠷ᠎ᠡᠴᠡ ᠡᠬᠢᠯᠡᠨ
30 ᠡᠳᠦᠷ᠎ᠦᠨ ᠳᠣᠲᠣᠷ᠎ᠠ ᠰᠦᠢᠳᠬᠡᠯ ᠬᠤᠷᠢᠶᠠᠬᠤ ᠦᠭᠡᠢ᠎ᠪᠡᠷ ᠪᠢᠯᠧᠲ ᠪᠤᠴᠠᠭᠠᠬᠤ ᠭᠠᠷᠳᠠᠮ ᠭᠦᠢᠴᠡᠳᠬᠡᠵᠦ ᠪᠣᠯᠣᠨ᠎ᠠ᠃
ᠢᠷᠡᠯᠲᠡ᠄ ᠦᠪᠦᠷ ᠮᠤᠨᠭᠭᠤᠯ᠎ᠤᠨ ᠡᠳᠦᠷ᠎ᠤᠨ ᠰᠤᠨᠢᠨ᠎ᠤ ᠵᠢᠷᠬᠢᠶ᠎ᠡ
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号