ᠳᠤᠮᠳᠠᠳᠤ ᠤᠯᠤᠰ᠎ᠤᠨ ᠲᠣᠭᠠᠨ᠎ᠤ ᠤᠬᠠᠭᠠᠨᠲᠠᠳ ᠹᠢᠯᠳ᠋ᠼ ᠱᠠᠩᠨᠠᠯ ᠎ᠢ ᠠᠩᠬ᠎ᠠ ᠤᠳᠠᠭ᠎ᠠ ᠬᠦᠷᠳᠡᠪᠡ
2026-07-24 17:13:29
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠲᠤᠬᠠᠢ᠎ᠶᠢᠨ ᠭᠠᠵᠠᠷ᠎ᠤᠨ ᠴᠠᠭ᠎ᠢᠶᠠᠷ 7 ᠰᠠᠷ᠎ᠠ᠎ᠶᠢᠨ 23᠎ᠤ ᠡᠳᠦᠷ᠎ᠦᠨ ᠥᠷᠯᠥᠭᠡ᠂ 2026 ᠣᠨ ᠎ᠤ ᠣᠯᠠᠨ ᠤᠯᠤᠰ ᠎ᠤᠨ ᠲᠣᠭᠠᠨ᠎ᠤ ᠤᠬᠠᠭᠠᠨᠲᠠᠨ᠎ᠤ ᠶᠡᠬᠡ ᠬᠤᠷᠠᠯ ᠠᠮᠧᠷᠢᠺᠠ᠎ᠶᠢᠨ ᠹᠢᠯᠠᠳ᠋ᠸᠯᠹᠢᠶ᠎ᠠ ᠬᠣᠲᠠ ᠎ᠳᠤ ᠡᠬᠢᠯᠡᠪᠡ᠃ ᠤᠯᠠᠨ ᠤᠯᠤᠰ᠎ᠤᠨ ᠲᠣᠭᠠᠨ᠎ᠤ ᠤᠬᠠᠭᠠᠨ᠎ᠤ ᠬᠣᠯᠪᠣᠭ᠎ᠠ ᠡᠬᠢᠯᠡᠯᠲᠡ᠎ᠶᠢᠨ ᠶᠣᠰᠣᠯᠠᠯ ᠳᠡᠭᠡᠷ᠎ᠡ ᠬᠣᠷᠢᠨ ᠨᠢᠭᠡᠳᠦᠭᠡᠷ ᠬᠤᠭᠤᠴᠠᠭᠠᠨ᠎ᠤ ᠹᠢᠯᠳ᠋ᠼ ᠱᠠᠩᠨᠠᠯ (Fields Medal ) ᠎ᠤᠨ ᠱᠠᠩᠨᠠᠯ ᠬᠦᠷᠲᠡᠭᠰᠡᠳ ᠎ᠦᠨ ᠨᠡᠷᠡᠰ᠎ᠢ ᠵᠢᠩᠬᠢᠨᠢ᠎ᠪᠡᠷ ᠨᠡᠢᠲᠡᠯᠡᠵᠦ᠂ ᠸᠠᠩ ᠬᠣᠩ᠂ ᠳ᠋ᠧᠩ ᠢᠦᠢ ᠬᠣᠶᠠᠭᠤᠯᠠ ᠱᠠᠩᠨᠠᠯ ᠭᠥᠷᠳᠡᠪᠡ᠂ ᠡᠨᠡ ᠪᠣᠯ ᠳᠤᠮᠳᠠᠳᠤ ᠤᠯᠤᠰ᠎ᠤᠨ ᠬᠠᠷᠢᠶ᠎ᠠ ᠲᠠᠢ ᠲᠣᠭᠠᠨ᠎ᠤ ᠤᠬᠠᠭᠠᠨᠲᠠᠨ ᠠᠩᠬ᠎ᠠ ᠤᠳᠠᠭ᠎ᠠ ᠹᠢᠯᠳ᠋ᠼ ᠱᠠᠩᠨᠠᠯ ᠭᠥᠷᠳᠡᠵᠦ ᠪᠠᠢᠭ᠎ᠠ ᠶᠠᠪᠤᠳᠠᠯ ᠪᠣᠯᠣᠨ᠎ᠠ᠃

ᠹᠢᠯᠳ᠋ᠼ ᠱᠠᠩᠨᠠᠯ᠎ᠢ ᠳᠥᠷᠪᠡᠨ ᠵᠢᠯ᠎ᠳᠦ ᠨᠢᠭᠡ ᠤᠳᠠᠭ᠎ᠠ ᠣᠯᠭᠣᠵᠤ᠂ ᠤᠳᠠᠭ᠎ᠠ ᠪᠦᠷᠢ᠎ᠶᠢᠨ ᠱᠠᠩᠨᠠᠯ ᠬᠦᠷᠲᠡᠭᠴᠢ ᠳᠥᠷᠪᠡᠨ ᠬᠦᠮᠦᠨ ᠎ᠡᠴᠡ ᠬᠡᠲᠦᠷᠡᠵᠦ ᠪᠣᠯᠬᠤ ᠦᠭᠡᠢ᠂ ᠡᠭᠦᠨ᠎ᠢᠶᠡᠷ ᠲᠤᠬᠠᠢ᠎ᠶᠢᠨ ᠵᠢᠯ ᠎ᠳᠦ 40 ᠨᠠᠰᠤ ᠬᠦᠷᠦᠭᠡᠳᠦᠢ᠂ ᠲᠣᠭᠠᠨ ᠎ᠤ ᠤᠬᠠᠭᠠᠨ᠎ᠤ ᠬᠦᠷᠢᠶᠡᠨ᠎ᠳᠦ ᠭᠠᠷᠮᠠᠭᠠᠢ ᠬᠤᠪᠢ ᠨᠡᠮᠡᠷᠢ ᠦᠵᠡᠭᠦᠯᠦᠭᠰᠡᠨ ᠡᠷᠳᠡᠮᠲᠡᠨ ᠎ᠢ ᠬᠥᠬᠢᠭᠦᠯᠦᠨ ᠱᠠᠩᠨᠠᠳᠠᠬ᠃ ᠡᠨᠡ ᠪᠣᠯ ᠤᠯᠠᠨ ᠤᠯᠤᠰ ᠎ᠤᠨ ᠲᠣᠭᠠᠨ᠎ᠤ ᠤᠬᠠᠭᠠᠨ᠎ᠤ ᠬᠢᠨ᠎ᠦ ᠬᠠᠮᠤᠭ᠎ᠤᠨ ᠳᠡᠭᠡᠳᠦ ᠢᠷᠠᠭᠤ ᠠᠯᠳᠠᠷ᠎ᠤᠨ ᠨᠢᠭᠡ ᠪᠤᠯᠤᠨ᠎ᠠ᠂ 《ᠲᠣᠭᠠᠨ᠎ᠤ ᠤᠬᠠᠭᠠᠨ᠎ᠤ ᠬᠢᠨ᠎ᠦ ᠨᠣᠪᠧᠯ᠎ᠤᠨ ᠱᠠᠩᠨᠠᠯ》 ᠭᠡᠳᠡᠭ᠃

 

ᠢᠷᠡᠯᠲᠡ ᠄  ᠰᠢᠨᠬᠤᠸᠠ ᠰᠦᠯᠵᠢᠶ᠎ᠡ

 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号