ᠥᠷᠯᠥᠭᠡ ᠪᠣᠰᠤᠭᠰᠠᠨ᠎ᠤ ᠳᠠᠷᠠᠭ᠎ᠠ ᠡᠨᠡ ᠳᠥᠷᠪᠡᠨ ᠢᠯᠡᠷᠡᠯ ᠰᠢᠨᠵᠢ ᠭᠠᠷᠪᠠᠯ ᠲᠠᠨ᠎ᠤ ᠴᠢᠰᠤᠨ᠎ᠤ ᠥᠭᠡᠬᠦ᠌ ᠪᠠᠷᠢᠮᠵᠢᠶ᠎ᠠ ᠡᠴᠨ ᠬᠡᠳᠤᠷᠡᠵᠤ᠂ ᠥᠨᠳᠥᠷ ᠪᠤᠯᠤᠭᠰᠠᠠ ᠮᠠᠭᠠᠳ ᠦᠭᠡᠢ᠃
ᠨᠣᠶ᠋ᠢᠷ ᠬᠦᠷᠴᠦ᠍ ᠲᠠᠮᠢᠷᠳᠠᠬᠤ᠄ ᠴᠢᠰᠤᠨ᠎ᠤ ᠥᠭᠡᠬᠦ᠌ ᠦᠨᠳᠦᠷ ᠬᠥᠮᠦᠨ᠎ᠤ ᠴᠢᠰᠤᠨ᠎ᠤ ᠨᠢᠯᠴᠠᠭᠠᠢ᠎ᠶᠢᠨ ᠬᠡᠮᠵᠢᠶ᠎ᠡ ᠶᠡᠬᠡ᠂ ᠴᠢᠰᠤᠨ᠎ᠤ ᠭᠦᠶᠦᠳᠡᠯ ᠰᠠᠭᠠᠳ᠎ᠲᠠᠢ ᠪᠠᠶ᠋ᠢᠳᠠᠭ ᠪᠣᠯᠬᠣᠷ ᠥᠷᠯᠥᠭᠡ ᠪᠣᠰᠤᠭᠰᠠᠨ᠎ᠤ ᠳᠠᠷᠠᠭ᠎ᠠ ᠮᠥᠨ ᠯᠡ ᠨᠣᠶ᠋ᠢᠷ ᠬᠦᠷᠬᠦ᠂ ᠲᠠᠮᠢᠷᠳᠠᠬᠤ᠂ ᠲᠠᠷᠢᠬᠢ ᠲᠣᠯᠣᠭᠠᠢ ᠰᠡᠷᠭᠡᠭ ᠪᠤᠰᠤ ᠰᠠᠨᠠᠭᠳᠠᠳᠠᠭ᠃
ᠲᠣᠯᠣᠭᠠᠢ ᠡᠷᠭᠢᠵᠦ᠍ ᠲᠣᠯᠣᠭᠠᠢ ᠡᠪᠡᠳᠬᠦ᠄ ᠴᠢᠰᠤᠨ᠎ᠤ ᠥᠭᠡᠬᠦ᠌ ᠥᠨᠳᠥᠷᠵᠢᠪᠡᠯ ᠥᠷᠯᠥᠭᠡ ᠪᠣᠰᠤᠭᠰᠠᠨ᠎ᠤ ᠳᠠᠷᠠᠭ᠎ᠠ ᠲᠣᠯᠣᠭᠠᠢ ᠡᠷᠭᠢᠬᠦ᠂ ᠲᠣᠯᠣᠭᠠᠢ ᠡᠪᠡᠳᠬᠦ ᠢᠯᠡᠷᠡᠯ ᠭᠠᠷᠳᠠᠭ᠃
ᠴᠡᠭᠡᠵᠢ ᠪᠢᠲᠡᠭᠦᠷᠡᠵᠦ᠍ ᠠᠮᠢᠰᠬᠤᠯ ᠴᠢᠬᠤᠯᠳᠠᠬᠤ᠄ ᠴᠢᠰᠤᠨ᠎ᠤ ᠥᠭᠡᠬᠦ᠌ ᠥᠨᠳᠥᠷ ᠬᠥᠮᠦᠰ᠎ᠲᠤ᠌ ᠠᠪᠴᠤ᠌ ᠬᠡᠯᠡᠪᠡᠯ ᠬᠡᠲᠦ᠍ ᠠᠷᠪᠢᠨ ᠥᠭᠡᠬᠦ᠌᠎ᠨᠢ ᠴᠢᠰᠤᠨ ᠰᠤᠳᠠᠯ᠎ᠤᠨ ᠬᠠᠨ᠎ᠠ ᠳᠡᠭᠡᠷ᠎ᠡ ᠬᠤᠷᠠᠵᠤ ᠨᠠᠭᠠᠯᠳᠤᠳᠠᠭ ᠡᠴᠡ ᠴᠢᠰᠤᠨ᠎ᠤ ᠡᠷᠭᠢᠯᠲᠡ᠎ᠶᠢ ᠨᠥᠯᠥᠭᠡᠯᠡᠵᠦ᠍᠂ ᠵᠢᠷᠦᠬᠡᠨ ᠪᠤᠯᠴᠢᠩ᠎ᠤᠨ ᠴᠢᠰᠤ ᠳᠤᠲᠠᠬᠤ᠂ ᠬᠦᠴᠢᠯᠲᠥ᠋ᠷᠥᠭᠴᠢ ᠳᠤᠲᠠᠭᠳᠠᠬᠤ ᠬᠡᠮ ᠡᠭᠦᠰᠭᠡᠵᠦ᠍ ᠮᠡᠳᠡᠨ᠎ᠡ᠂ ᠡᠭᠦᠨ᠎ᠠᠴᠠ ᠪᠣᠯᠵᠣ ᠴᠡᠭᠡᠵᠢ ᠪᠢᠲᠡᠭᠦᠷᠡᠬᠦ᠂ ᠠᠮᠢᠰᠬᠤᠯ ᠴᠢᠬᠤᠯᠳᠠᠬᠤ ᠪᠠᠶ᠋ᠢᠳᠠᠯ ᠢᠯᠡᠷᠡᠨ᠎ᠡ᠃
ᠭᠠᠷ ᠬᠥᠯ ᠠᠮᠠᠷᠬᠠᠨ ᠮᠢᠨᠴᠦᠭᠦᠷᠡᠬᠦ᠄ ᠴᠢᠰᠤᠨ᠎ᠤ ᠥᠭᠡᠬᠦ᠌ ᠥᠨᠳᠥᠷ ᠬᠥᠮᠦᠰ᠎ᠤᠨ ᠭᠠᠷ ᠬᠥᠯ ᠨᠢ ᠴᠢᠰᠤᠨ᠎ᠤ ᠬᠠᠩᠭᠠᠯᠲᠠ ᠬᠦᠷᠦᠯᠴᠡᠬᠦ᠌ ᠦᠭᠡᠢ᠎ᠠᠴᠠ ᠪᠣᠯᠵᠤ ᠠᠮᠠᠷᠬᠠᠨ ᠮᠢᠨᠴᠦᠭᠦᠷᠡᠬᠦ᠂ ᠬᠦᠨᠳᠦᠷᠡᠬᠦ᠌ ᠦᠵᠡᠭᠳᠡᠯ ᠭᠠᠷᠳᠠᠭ᠃
ᠡᠳᠡᠬᠡᠷ 4 ᠵᠢᠭᠠᠯᠲᠠ ᠲᠣᠭ᠎ᠠ᠎ᠶᠢ ᠦᠨᠳᠦᠰᠦᠯᠡᠨ ᠴᠢᠰᠤᠨ᠎ᠤ ᠥᠭᠡᠬᠦ᠌ ᠡᠷᠡᠭᠦᠯ ᠪᠤᠰᠤ ᠪᠠᠶ᠋ᠢᠬᠤ᠎ᠵᠢ ᠮᠡᠳᠡᠵᠤ ᠪᠤᠯᠤᠨ᠎ᠠ᠄ ᠥᠨᠳᠥᠷ ᠰᠥᠰᠥᠨ᠎ᠤ ᠭᠤᠨᠠᠨ ᠠᠯᠺᠣᠣᠯ᠎ᠤᠨ ᠴᠢᠰᠤᠨ ᠭᠡᠮ (TC ≥ 5.2 mmol / L); ᠭᠯᠢᠼᠧᠷᠢᠨ ᠭᠤᠷᠪᠠᠴᠢ ᠡᠰᠲ᠋ᠧᠷ ᠶᠡᠬᠡᠳᠡᠮᠡᠯ ᠴᠢᠰᠤᠨ ᠬᠡᠮ (TG ≥1.7 mmol / L); ᠥᠨᠳᠥᠷ ᠳᠣᠣᠷ᠎ᠠ ᠨᠢᠭᠲᠠᠴᠠᠲᠤ᠌ ᠥᠭᠡᠬᠦᠨ ᠤᠭᠤᠷᠠᠭᠲᠤ᠌ ᠰᠥᠰᠥᠨ᠎ᠤ ᠭᠤᠨᠠᠨ ᠠᠯᠺᠣᠣᠯᠲᠤ᠌ ᠴᠢᠰᠤᠨ ᠬᠡᠮ (LDL-C ≥ 3.4mmol/L); ᠳᠣᠣᠷ᠎ᠠ ᠨᠢᠭᠲᠠᠴᠠᠲᠤ᠌ ᠥᠭᠡᠬᠦᠨ ᠤᠭᠤᠷᠠᠭᠲᠤ᠌ ᠰᠥᠰᠥᠨ᠎ᠤ ᠭᠤᠨᠠᠨ ᠠᠯᠺᠣᠣᠯᠲᠤ᠌ ᠴᠢᠰᠤᠨ ᠬᠡᠮ (HDL-C ≥1.0mmol/L)᠃
ᠡᠨᠡ 4 ᠭᠦᠢᠴᠡᠳᠬᠡᠯ ᠲᠣᠭ᠎ᠠ᠎ᠨᠢ ᠨᠢᠭᠡ ᠵᠦᠢᠯ ᠵᠢᠴᠢ ᠨᠢᠭᠡ ᠵᠦᠢᠯ᠎ᠠᠴᠠ ᠳᠡᠭᠡᠭᠰᠢ ᠬᠡᠪ᠎ᠤᠨ ᠪᠤᠰᠤ ᠪᠠᠶ᠋ᠢᠪᠠᠯ ᠳᠠᠷᠤᠢ ᠴᠢᠰᠤᠨ᠎ᠤ ᠥᠭᠡᠬᠦ᠌ ᠡᠷᠡᠭᠦᠯ ᠪᠤᠰᠤ ᠪᠠᠶ᠋ᠢᠬᠤ ᠵᠢ ᠬᠠᠷᠠᠭᠤᠯᠵᠤ ᠪᠠᠶ᠋ᠢᠨ᠎ᠠ᠃ ᠴᠢᠰᠤᠨ᠎ᠤ ᠥᠭᠡᠬᠦ᠌ ᠶᠡᠷᠦ᠍ ᠨᠢ ᠪᠠᠭᠤᠷᠠᠵᠤ ᠲᠡᠶ᠋ᠢᠯᠬᠦ᠌ ᠦᠭᠡᠢ ᠪᠤᠯ ᠶᠠᠮᠠᠷ ᠪᠠᠶ᠋ᠢᠳᠠᠯ ᠭᠠᠷᠬᠤ ᠪᠤᠢ? ᠬᠡᠷᠪᠡ ᠴᠢᠰᠤᠨ᠎ᠤ ᠥᠭᠡᠬᠦ᠌ ᠨᠢ ᠪᠠᠭᠤᠷᠠᠵᠤ ᠳᠡᠶ᠋ᠢᠯᠬᠦ᠌ ᠦᠭᠡᠢ ᠪᠣᠯ ᠠᠭᠠᠵᠢᠮ᠎ᠢᠶᠠᠷ ᠨᠡᠯᠢᠶᠡᠳ ᠬᠦᠨᠳᠦ ᠪᠥᠭᠡᠷᠡᠨ ᠡᠪᠡᠳᠴᠢᠨ᠎ᠢ ᠡᠭᠦᠰᠭᠡᠵᠦ᠍᠂ ᠰᠢᠬᠢᠷ ᠰᠢᠵᠢᠩ ᠡᠪᠡᠳᠴᠢᠨ᠎ᠤ ᠳᠠᠪᠬᠤᠴᠠᠭᠰᠠᠨ ᠡᠪᠡᠳᠴᠢᠨ᠎ᠢ ᠬᠦᠨᠳᠦᠷᠡᠭᠦᠯᠦᠨ᠎ᠡ᠃
ᠴᠢᠰᠤᠨ᠎ᠤ ᠥᠭᠡᠬᠦ᠌᠎ᠶᠢ ᠬᠢᠵᠠᠭᠠᠷᠯᠠᠬᠤ ᠠᠷᠭ᠎ᠠ᠄ ᠥᠭᠡᠬᠦ᠌ ᠢᠳᠡᠬᠦ᠌ ᠪᠡᠨ ᠬᠢᠵᠠᠭᠠᠷᠯᠠᠵᠤ᠂ ᠡᠯᠳᠡᠪ ᠲᠦᠷᠤᠯ ᠵᠤᠢᠯ᠎ᠤᠨ ᠢᠳᠡᠭᠡᠨ ᠢ᠋ ᠢᠳᠡᠵᠦ᠍᠂ ᠵᠢᠮ᠎ᠡ ᠬᠠᠤᠯᠢ᠎ᠲᠠᠢ ᠬᠥᠳᠡᠯᠭᠡᠭᠡᠨ ᠬᠢᠬᠦ᠌᠎ᠶᠢ ᠪᠠᠷᠢᠮᠲᠠᠯᠠᠬᠤ ᠬᠡᠷᠡᠭᠳᠡᠢ᠃
(《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ)