ᠰᠦᠷᠦᠨ ᠤᠷᠤᠭᠰᠢᠯᠠᠵᠤ ᠬᠠᠷᠢᠭᠤᠴᠠᠯᠭ᠎ᠠ ᠡᠭᠦᠷᠭᠡᠯᠡᠯ᠎ᠢ ᠪᠢᠴᠢᠭᠯᠡᠨ ᠭᠠᠪᠰᠢᠭᠠᠢᠯᠠᠨ ᠲᠡᠮᠡᠴᠡᠵᠦ ᠠᠨᠳᠠᠭᠠᠢ ᠲᠠᠩᠭᠠᠷᠢᠭ᠎ᠢᠶᠠᠨ ᠦᠢᠯᠡᠳᠦᠯᠭᠡᠵᠢᠭᠦᠯᠦᠨ᠎ᠡ
2026-07-05 12:33:21
ᠵᠣᠬᠢᠶᠠᠭ᠍ᠴᠢ᠄
ᠸᠠᠩ ᠶᠠ ᠵᠢᠩ
ᠣᠩᠱᠢᠭ᠍ᠰᠠᠨ ᠣᠳᠠᠭ᠎ᠠ᠄
★★★☆☆

— ᠪᠥᠬᠥ᠌ ᠤᠯᠤᠰ᠎ᠤᠨ ᠰᠢᠯᠢᠳᠡᠭ ᠡᠪ ᠬᠠᠮᠲᠤ᠌ ᠨᠠᠮ᠎ᠤᠨ ᠭᠡᠰᠢᠭᠦᠨ ᠪᠠᠭᠠᠲᠤᠷ᠎ᠢ ᠲᠡᠮᠳᠡᠭᠯᠡᠪᠡ


ᠵᠤᠨ᠎ᠤ ᠥᠷᠯᠥᠭᠡ᠎ᠶᠢᠨ ᠤᠷᠭᠤᠬᠤ ᠨᠠᠷᠠᠨ᠎ᠢ ᠤᠭᠲᠤᠨ᠂ ᠬᠥᠬᠡᠬᠣᠲᠠ᠎ᠶᠢᠨ ᠢᠦᠢᠴᠢᠤᠸᠠᠨ ᠲᠣᠭᠣᠷᠢᠭ᠎ᠤᠨ ᠡᠮᠦᠨ᠎ᠡ ᠬᠣᠶᠠᠳᠤᠭᠠᠷ ᠲᠣᠭᠣᠷᠢᠯ ᠵᠠᠮ᠎ᠤᠨ ᠭᠠᠯ ᠰᠡᠷᠭᠡᠶ᠋ᠢᠯᠡᠵᠦ᠍ ᠭᠠᠯ ᠤᠨᠲᠠᠷᠠᠭᠠᠬᠤ ᠠᠪᠤᠷᠠᠨ ᠲᠤᠰᠠᠯᠠᠬᠤ ᠦᠷᠳᠡᠭᠡ᠎ᠶᠢᠨ ᠪᠣᠯᠪᠠᠰᠤᠷᠠᠯ᠎ᠤᠨ ᠲᠠᠯᠠᠪᠠᠢ᠎ᠳᠤ᠂ ᠥᠷᠲᠡᠭᠡᠨ ᠳᠠᠷᠤᠭ᠎ᠠ ᠪᠠᠭᠠᠲᠤᠷ ᠪᠣᠯᠤᠨ ᠠᠩᠭᠢ᠎ᠶᠢᠨ ᠬᠡᠰᠢᠭᠦᠳ  ᠡᠳᠦᠷ ᠲᠤᠳᠤᠮ᠎ᠤᠨ ᠪᠣᠯᠪᠠᠰᠤᠷᠠᠯ᠎ᠢᠶᠡᠨ ᠡᠬᠢᠯᠡᠭᠦᠯᠦᠯ᠎ᠡ᠃ ᠵᠤᠨ᠎ᠤ ᠤᠯᠠᠷᠢᠯ᠎ᠤᠨ ᠪᠣᠳᠠᠲᠤ᠌ ᠪᠠᠢᠯᠳᠤᠭᠠᠨᠴᠢᠯᠠᠭᠰᠠᠨ ᠠᠵᠢᠯ᠎ᠤᠨ ᠪᠠᠢᠷᠢ᠎ᠵᠢᠨ ᠴᠡᠷᠢᠭ ᠪᠣᠯᠪᠠᠰᠤᠷᠠᠭᠤᠯᠬᠤ ᠠᠵᠢᠯ ᠡᠬᠢᠯᠡᠭᠰᠡᠨ᠎ᠦ ᠳᠠᠷᠠᠭ᠎ᠠ᠂ ᠪᠠᠭᠠᠲᠤᠷ ᠠᠩᠭᠢ᠎ᠶᠢᠨ ᠭᠡᠰᠢᠭᠦᠳ᠎ᠢᠶᠡᠨ ᠳᠠᠭᠠᠭᠤᠯᠤᠨ ᠭᠠᠯ ᠤᠨᠲᠠᠷᠠᠭᠠᠬᠤ 3 ᠬᠥᠮᠦᠨ᠎ᠦ ᠳᠤᠭᠤᠶ᠋ᠢᠯᠠᠩ᠎ᠤᠨ ᠪᠠᠶ᠋ᠢᠯᠳᠤᠬᠤ ᠠᠷᠭ᠎ᠠ ᠵᠢᠴᠢ ᠭᠠᠯ ᠤᠨᠲᠠᠷᠠᠭᠠᠵᠤ ᠬᠥᠮᠦᠨ ᠠᠪᠤᠷᠠᠬᠤ ᠲᠠᠮᠢᠷ ᠵᠡᠷᠭᠡ ᠠᠩᠭᠢ ᠳᠤᠭᠤᠶ᠋ᠢᠯᠠᠩ᠎ᠤᠨ ᠬᠠᠮᠵᠢᠯᠴᠠᠬᠤ ᠲᠥᠷᠥᠯ ᠵᠦᠢᠯ᠎ᠢ ᠭᠤᠤᠯᠳᠠᠯᠭ᠎ᠠ᠎ᠲᠠᠶ ᠪᠤᠯᠪᠠᠰᠤᠷᠠᠪᠠ᠃

《ᠪᠣᠯᠪᠠᠰᠤᠷᠠᠯ ᠢ᠋ ᠶᠣᠰᠣᠨ ᠲᠡᠳᠦᠢ ᠬᠢᠵᠤ ᠪᠣᠯᠬᠤ ᠦᠭᠡᠢ᠂ ᠥᠪᠡᠷ᠎ᠢ᠎ᠪᠡᠨ ᠭᠠᠯ᠎ᠤᠨ ᠠᠶᠤᠯ᠎ᠳᠤ ᠪᠠᠶ᠋ᠢᠨ᠎ᠠ ᠭᠡᠵᠦ᠍ ᠪᠤᠳᠤᠵᠤ᠂ ᠪᠠᠶ᠋ᠢᠯᠳᠤᠭᠠᠨ ᠬᠢᠬᠦ᠌ ᠭᠤᠤᠯᠳᠠᠯᠭ᠎ᠠ ᠲᠠᠢ ᠵᠦᠢᠯ᠎ᠢ᠎ᠲᠤᠢᠯᠪᠦᠷᠢᠲᠠᠢ ᠪᠤᠯᠪᠠᠰᠤᠷᠠᠩᠭᠤᠢ ᠡᠵᠡᠮᠰᠢᠬᠦ ᠬᠡᠷᠡᠭᠲᠡᠢ᠂ ᠢᠩᠭᠢᠮᠡᠨᠵᠢᠨ ᠰᠠᠶᠢ ᠵᠢᠩᠬᠢᠨᠢ ᠭᠠᠯ᠎ᠤᠨ ᠠᠶᠤᠯ᠎ᠤᠨ ᠤᠷᠴᠢᠨ᠎ᠳᠦ ᠪᠤᠲᠠᠲᠠᠢ ᠦᠢᠯᠡᠳᠦᠯ᠎ᠢᠶᠡᠨ ᠪᠠᠳᠠᠷᠠᠭᠤᠯᠵᠤ᠂ ᠢᠯᠠᠯᠲᠠ ᠵᠢ ᠣᠯᠵᠤ ᠴᠢᠳᠠᠨ᠎ᠠ》᠃ ᠪᠠᠭᠠᠲᠤᠷ ᠠᠩᠭᠢ᠎ᠶᠢᠨ ᠭᠡᠰᠢᠭᠦᠳ᠎ᠪᠤᠯᠤᠨ ᠥᠪᠡᠷ᠎ᠢ᠎ᠪᠡᠨ ᠢᠩᠭᠢᠵᠦ᠍ ᠱᠠᠭᠠᠷᠳᠠᠳᠠᠭ᠃

ᠲᠡᠷᠡ 《ᠠᠪᠤᠷᠠᠨ ᠲᠤᠰᠠᠯᠠᠯᠲᠠ ᠲᠤᠮᠳᠠ ᠰᠧᠺᠦ᠋ᠨ᠋ᠳ᠋ ᠪᠦᠷᠢ ᠵᠢ ᠠᠮᠵᠢᠬᠤ᠎ᠳᠤ ᠬᠦᠷᠪᠡᠯ᠂ ᠤᠯᠠᠨ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ᠎ᠢ ᠨᠡᠩ ᠢᠯᠡᠭᠦᠦ ᠪᠠᠲᠤᠯᠠᠵᠤ ᠴᠢᠳᠠᠨ᠎ᠠ》 ᠭᠡᠳᠡᠭ᠎ᠢ ᠪᠠᠲᠤ᠌ ᠢᠲᠡᠭᠡᠨ᠎ᠠ᠃ ᠰᠧᠺᠦ᠋ᠨ᠋ᠳ᠋᠎ᠪᠦᠷᠢ ᠵᠢᠨ ᠠᠪᠤᠷᠠᠨ ᠲᠤᠰᠠᠯᠠᠬᠤ ᠦᠷ᠎ᠡ ᠪᠦᠲᠦᠮᠵᠢ᠎ᠶᠢ ᠳᠡᠭᠡᠭᠰᠢᠯᠡᠭᠦᠯᠬᠦ᠌᠎ᠶᠢᠨ ᠲᠥᠯᠥᠭᠡ᠂ ᠲᠡᠷᠡ ᠬᠥᠳᠡᠯᠤᠯ ᠪᠠᠷᠢᠯ᠎ᠤᠨ᠎ᠨᠠᠷᠢᠨ ᠵᠦᠢᠯᠡᠰ᠎ᠢ ᠳᠠᠬᠢᠨ ᠳᠠᠪᠲᠠᠨ ᠲᠤᠩᠭᠠᠵᠤ᠂ ᠪᠠᠭᠠᠵᠢ ᠬᠡᠷᠡᠭᠰᠡᠯ᠎ᠦᠨ ᠲᠣᠬᠢᠷᠠᠭᠤᠯᠤᠯᠲᠠ᠎ᠶᠢ ᠰᠢᠯᠢᠳᠡᠭᠵᠢᠭᠦᠯᠪᠡ᠃ ᠪᠣᠳᠠᠲᠤ᠌ ᠪᠠᠶ᠋ᠢᠯᠳᠤᠭᠠᠨ᠎ᠤ ᠰᠠᠭᠤᠷᠢ᠎ᠶᠢ ᠪᠡᠬᠢᠵᠢᠭᠦᠯᠬᠦ᠌᠎ᠶᠢᠨ ᠲᠥᠯᠥᠭᠡ᠂ ᠲᠡᠷᠡ 8 ᠶᠡᠬᠡ ᠲᠦᠷᠦᠯ᠎ᠦᠨ 27 ᠪᠠᠭ᠎ᠠ ᠲᠦᠷᠦᠯ᠎ᠦᠨ ᠭᠠᠮᠰᠢᠭ᠎ᠤᠨ ᠡᠨᠳᠡᠯ᠎ᠢ ᠰᠢ᠌ᠳᠪᠦᠷᠢᠯᠡᠬᠦ᠌ ᠠᠷᠭ᠎ᠠ᠎ᠶᠢ ᠲᠦᠷᠦᠭᠦᠯᠡᠨ ᠡᠮᠬᠢᠯᠡᠵᠦ᠍᠂ 200 ᠭᠠᠷᠤᠢ ᠬᠤᠪᠢ ᠲᠣᠭᠠᠴᠢᠯᠠᠭᠰᠠᠨ ᠪᠠᠴᠢᠮ ᠪᠠᠶ᠋ᠢᠳᠠᠯ᠎ᠢ ᠠᠷᠭᠠᠴᠠᠭᠠᠬᠤ ᠪᠡᠯᠡᠳᠬᠡᠯ ᠲᠥᠰᠦᠯ᠎ᠢ ᠡᠷᠬᠢᠯᠡᠨ ᠵᠢᠷᠤᠵᠤ᠂ ᠪᠦᠯᠬᠦᠮ᠎ᠢᠶᠡᠨ ᠳᠠᠭᠠᠭᠤᠯᠤᠨ ᠬᠠᠷᠢᠶ᠎ᠠ ᠣᠷᠣᠨ᠎ᠤ ᠨᠢᠭᠡᠴᠢ᠎ᠳᠦ ᠭᠦᠨᠵᠡᠭᠡᠶ᠋ᠢᠷᠡᠨ 900 ᠭᠠᠷᠤᠢ ᠤᠳᠠᠭ᠎ᠠ᠎ᠶᠢᠨ ᠰᠣᠷᠢᠯᠲᠠ ᠵᠢ ᠥᠷᠨᠢᠭᠦᠯᠵᠦ᠍᠂ ᠲᠣᠭᠣᠷᠢᠨ ᠴᠠᠭᠳᠠᠬᠰᠠᠨ ᠵᠠᠮ᠎ᠤᠨ ᠤᠷᠳᠤ ᠨᠢ  ᠨᠡᠢ᠌ᠳᠡ 3 ᠲᠦᠮᠡ ᠭᠠᠷᠤᠢ ᠺᠢᠯᠤᠮᠸᠲᠷ ᠲᠦ᠍ ᠬᠦᠷᠴᠡᠢ᠃

ᠲᠡᠷᠡ ᠪᠣᠯ ᠲᠤᠬᠠᠢᠯᠠᠭᠰᠠᠨ ᠠᠵᠢᠯ᠎ᠳᠠᠭᠠᠨ ᠴᠠᠭᠠᠷᠠᠭᠰᠠᠨ ᠮᠡᠷᠭᠡᠵᠢᠯᠲᠡᠨ ᠮᠥᠷᠲᠡᠭᠡᠨ ᠪᠠᠰᠠ ᠵᠣᠷᠢᠭ᠍ᠲᠠᠢ᠎ᠪᠠᠷ ᠰᠢᠨ᠎ᠡ᠎ᠶᠢ ᠡᠭᠦᠳᠬᠦ 《ᠡᠭᠦᠳᠦᠯᠲᠡ᠎ᠶᠢᠨ ᠬᠣᠰᠢᠭᠤᠴᠢ》 ᠮᠥᠨ᠃ ᠡᠪᠦᠯ᠎ᠦᠨ ᠤᠯᠠᠷᠢᠯ᠎ᠳᠤ ᠤᠰᠤ ᠰᠦᠷᠴᠢᠬᠦ ᠪᠦᠰᠡ ᠵᠢ ᠤᠷᠢᠶᠠᠬᠤ᠎ᠳᠦ ᠳᠦᠭᠦᠮ ᠦᠭᠡᠢ ᠬᠦᠴᠢᠷ ᠠᠰᠠᠭᠤᠳᠠᠯ᠎ᠳᠤ ᠬᠠᠨᠳᠤᠭᠤᠯᠤᠨ᠂ ᠲᠡᠷᠡ ᠲᠦᠷᠦᠭᠦᠯᠡᠨ 《ᠤᠰᠤ ᠰᠦᠷᠴᠢᠬᠦ ᠪᠦᠰᠡ ᠵᠢ ᠤᠷᠢᠶᠠᠬᠤ ᠮᠠᠰᠢᠨ》᠎ᠢ᠋ ᠰᠤᠳᠤᠯᠤᠨ ᠦᠢᠯᠡᠳᠦᠭᠰᠡᠨ ᠪᠥᠭᠡᠳ ᠤᠯᠤᠰ᠎ᠤᠨ ᠲᠤᠰᠬᠠᠢ ᠠᠰᠢᠭ᠋ ᠬᠦᠷᠳᠡᠪᠡ᠃ ᠴᠠᠭᠳᠠᠭ᠎ᠠ ᠳᠤᠮᠢᠯᠠᠬᠤ ᠲᠣᠬᠢᠷᠠᠭᠤᠯᠭ᠎ᠠ᠎ᠶᠢᠨ ᠡᠮᠵᠡᠭ᠎ᠢ ᠣᠨᠢᠯᠠᠵᠤ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠪᠣᠭᠣᠮᠲᠠ ᠰᠢᠪᠲᠤᠯᠬᠤ ᠳᠤᠭᠤᠢᠯᠠᠩ᠎ᠢ ᠵᠣᠬᠢᠶᠠᠨ ᠪᠠᠢᠭᠤᠯᠵᠤ᠂ ᠭᠠᠯ ᠤᠨᠲᠠᠷᠠᠭᠠᠬᠤ ᠠᠪᠤᠷᠠᠨ ᠲᠤᠰᠠᠯᠠᠬᠤ᠎ᠶᠢ ᠲᠣᠬᠢᠷᠠᠭᠤᠯᠤᠨ ᠵᠢᠯᠤᠭᠣᠳᠬᠤ᠎ᠳᠦ ᠬᠡᠷᠡᠭᠯᠡᠬᠦ ᠭᠠᠷ ᠤᠲᠠᠰᠤᠨ᠎ᠤ APP ᠵᠢ ᠰᠤᠳᠤᠯᠤᠨ ᠨᠡᠭᠡᠭᠡᠵᠦ᠂ ᠠᠵᠢᠯ ᠲᠥᠷᠥᠯ᠎ᠦᠨ ᠳᠣᠲᠣᠭᠠᠳᠤ᠎ᠳᠤ ᠳᠡᠯᠭᠡᠷᠡᠭᠦᠯᠦᠨ ᠬᠡᠷᠡᠭᠯᠡᠵᠦ᠂ ᠭᠠᠯ ᠲᠦᠢᠮᠡᠷ᠎ᠤᠨ ᠡᠮᠦᠨ᠎ᠡ ᠵᠠᠷᠯᠢᠭ᠋ ᠵᠠᠪᠳᠤᠨ ᠬᠦᠷᠬᠦ ᠵᠢ ᠪᠠᠳᠤᠯᠠᠪᠠ᠃ ᠬᠠᠷ᠎ᠠ ᠤᠲᠤᠭ᠎ᠠ ᠪᠠᠭᠠᠬᠢᠭᠰᠠᠨ ᠬᠣᠣᠷ᠎ᠲᠠᠢ ᠲᠤᠬᠠᠢ᠎ᠶᠢᠨ ᠲᠠᠯᠠᠪᠤᠷ᠎ᠲᠤ ᠲᠣᠳᠣᠷᠬᠠᠢ ᠣᠯᠵᠤ ᠬᠠᠷᠠᠬᠤ ᠦᠭᠡᠢ ᠬᠦᠴᠢᠷᠳᠡᠯ᠎ᠳᠦ ᠴᠢᠭᠯᠡᠭᠦᠯᠦᠨ᠂ ᠲᠤᠰᠬᠠᠢ ᠮᠡᠷᠭᠡᠵᠢᠯ᠎ᠦᠨ ᠠᠵᠤ ᠠᠬᠤᠢᠯᠠᠯ᠎ᠲᠠᠢ ᠬᠠᠮᠲᠤᠷᠠᠨ ᠠᠯᠤᠰ ᠡᠵᠡᠮᠰᠢᠯᠲᠦ ᠳᠠᠭᠤ ᠳᠦᠷᠰᠦ ᠰᠢᠩᠭᠡᠭᠡᠯᠲᠡ᠎ᠶᠢᠨ ᠤᠯᠠᠭᠠᠨ᠎ᠤ ᠭᠠᠳᠠᠨᠠᠬᠢ ᠲᠤᠶᠠᠭᠠᠨ᠎ᠤ ᠢᠯᠴᠢᠲᠦ ᠳᠦᠷᠰᠦ ᠳᠡᠩᠨᠡᠨ ᠪᠠᠢᠴᠠᠭᠠᠬᠤ ᠳᠤᠭᠤᠯᠠᠭ᠎ᠠ᠎ᠶᠢᠨ ᠰᠢᠰᠲᠧᠮ᠎ᠢ ᠰᠤᠳᠤᠯᠤᠨ ᠨᠡᠭᠡᠭᠡᠵᠦ᠂ ᠳᠠᠢᠴᠢᠨ ᠨᠥᠬᠥᠳ ᠳᠡᠭᠡᠨ 《ᠭᠢᠷᠠᠬᠠᠢ ᠨᠢᠳᠦ》 ᠬᠠᠨᠭᠭᠠᠪᠠ᠃

2009 ᠣᠨ᠎ᠤ 7 ᠰᠠᠷ᠎ᠠ᠎ᠳᠤ᠂ ᠲᠡᠷᠡ ᠪᠡᠷ ᠨᠠᠮ᠎ᠳᠤ ᠣᠷᠣᠬᠤ ᠡᠷᠡᠮᠡᠯᠵᠡᠯ᠎ᠦᠨ ᠪᠢᠴᠢᠭ᠎ᠲᠡᠬᠡᠨ᠄ ᠡᠴᠢᠭᠡ᠎ᠶᠢᠨ ᠵᠢᠡᠨ ᠭᠡᠷᠢᠶᠡᠰ ᠵᠣᠷᠢᠭ᠋᠎ᠢ ᠵᠠᠯᠭᠠᠮᠵᠢᠯᠠᠵᠤ᠂ ᠵᠠᠯᠠᠭᠤ ᠨᠠᠰᠤ ᠪᠣᠯᠣᠨ ᠬᠠᠯᠠᠭᠤᠨ ᠴᠢᠰᠤ᠎ᠪᠠᠨ ᠨᠠᠮ᠎ᠳᠠᠭᠠᠨ ᠡᠷᠭᠦᠵᠦ᠂ ᠠᠷᠠᠳ ᠲᠦᠮᠡᠨ᠎ᠳᠦ ᠵᠣᠷᠢᠭᠤᠯᠵᠤ᠂ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠦᠢᠯᠡᠰ᠎ᠲᠦ ᠵᠣᠷᠢᠭᠤᠯᠤᠨ᠎ᠠ ᠭᠡᠵᠦ ᠲᠥᠪ ᠴᠢᠩᠭ᠎ᠠ᠎ᠪᠠᠷ ᠠᠮᠠᠯᠳᠠᠪᠠ᠃

《ᠪᠢ ᠪᠣᠯ ᠦᠷᠡᠭᠳᠡᠭᠰᠡᠨ ᠪᠠᠭᠠᠲᠤᠷ᠎ᠤᠨ ᠬᠣᠢᠴᠢ ᠦᠶ᠎ᠡ᠂ ᠮᠥᠨ ᠴᠦ᠍ ᠭᠠᠯ ᠰᠡᠷᠭᠡᠢᠯᠡᠬᠦ ᠭᠠᠯ ᠤᠨᠲᠠᠷᠠᠭᠠᠬᠤ ᠡᠮᠦᠨ᠎ᠡ ᠹᠷᠣᠨᠲ᠎ᠲᠤ 18 ᠵᠢᠯ ᠦᠨᠳᠦᠰᠦᠯᠡᠭᠰᠡᠨ ᠦᠨᠳᠦᠰᠦᠨ ᠱᠠᠲᠤᠨ᠎ᠤ ᠨᠠᠮ᠎ᠤᠨ ᠭᠡᠰᠢᠭᠦᠨ ᠪᠣᠯᠣᠨ᠎ᠠ᠃ ᠨᠠᠳᠠ᠎ᠳᠤ ᠠᠪᠴᠤ ᠬᠡᠯᠡᠪᠡᠯ᠂ ᠨᠢᠭᠡᠨ ᠭᠠᠯ ᠤᠨᠲᠠᠷᠠᠭᠠᠬᠤ ᠵᠢᠯᠣᠭᠣᠳᠤᠭ᠍ᠴᠢ ᠪᠠᠢᠯᠳᠤᠭ᠍ᠴᠢ᠂ ᠨᠢᠭᠡᠨ ᠡᠪ ᠬᠠᠮᠲᠤ ᠨᠠᠮ᠎ᠤᠨ ᠭᠡᠰᠢᠭᠦᠨ ᠪᠤᠯᠤᠭᠰᠠᠨ᠎ᠤ ᠬᠤᠪᠢ᠎ᠳᠦ  ᠡᠭᠦᠷᠭᠡ ᠬᠠᠷᠢᠭᠤᠴᠠᠯᠭ᠎ᠠ  ᠪᠣᠯ ᠳᠠᠷᠤᠢ ᠠᠬᠠᠮᠠᠳ ᠦᠶ᠎ᠡ᠎ᠶᠢᠨ ᠢᠲᠡᠭᠡᠯ ᠪᠢᠰᠢᠷᠡᠯ᠎ᠢ ᠵᠠᠯᠭᠠᠮᠵᠢᠯᠠᠵᠤ᠂ 〈ᠨᠠᠮ᠎ᠳᠠᠭᠠᠨ ᠦᠨᠡᠨᠴᠢ ᠰᠢᠳᠤᠷᠭᠤ᠂ ᠰᠠᠬᠢᠯᠭ᠎ᠠ ᠪᠠᠲᠤ ᠴᠢᠩᠭ᠎ᠠ᠂ ᠠᠶᠤᠯ ᠵᠣᠪᠠᠯᠠᠩ ᠡᠴᠡ ᠠᠶᠤᠬᠤ ᠦᠭᠡᠢ᠂ ᠦᠨᠡᠨ ᠰᠡᠳᠬᠢᠯ᠎ᠡᠴᠡ᠎ᠪᠡᠨ ᠠᠷᠠᠳ ᠲᠦᠮᠡᠨ᠎ᠦ ᠲᠥᠯᠥᠭᠡ ᠵᠢᠳᠬᠦᠬᠦ〉 ᠲᠠᠩᠭᠠᠷᠢᠭ᠋᠎ᠢᠶᠠᠨ ᠪᠡᠶᠡᠯᠡᠭᠦᠯᠬᠦ ᠶᠠᠪᠤᠳᠠᠯ ᠪᠣᠯᠣᠨ᠎ᠠ》 ᠭᠡᠵᠦ ᠪᠠᠭᠠᠲᠤᠷ ᠬᠡᠯᠡᠪᠡ᠃

2018 ᠣᠨ᠎ᠤ 2 ᠰᠠᠷ᠎ᠠ᠎ᠳᠤ᠂ ᠬᠥᠬᠡᠬᠣᠲᠠ᠎ᠶᠢᠨ ᠹᠦ ᠹᠸᠩ ᠠᠮᠢᠳᠤ ᠪᠣᠳᠠᠰ᠎ᠤᠨ ᠦᠵᠦᠮ᠎ᠦᠨ ᠰᠢᠬᠢᠷ᠎ᠦᠨ ᠦᠢᠯᠡᠳᠪᠦᠷᠢ᠎ᠶᠢᠨ ᠪᠠᠢᠰᠢᠩ᠎ᠳᠤ ᠭᠡᠨᠡᠳᠲᠡ ᠭᠠᠯ ᠭᠠᠷᠴᠤ᠂ ᠬᠣᠣᠷᠲᠠᠢ ᠥᠳᠬᠡᠨ ᠤᠳᠤᠭ᠎ᠠ ᠲᠤᠬᠠᠢ᠎ᠶᠢᠨ ᠲᠠᠯᠠᠪᠠᠢ᠎ᠳᠤ ᠳᠦᠭᠦᠷᠴᠦ᠂ ᠪᠠᠷᠢᠯᠭ᠎ᠠ᠎ᠴᠠᠭ ᠢᠮᠠᠭᠲᠠ ᠨᠤᠷᠠᠬᠤ ᠠᠶᠤᠯ᠎ᠲᠠᠢ ᠪᠠᠢᠪᠠ᠃ ᠲᠤᠬᠠᠢ᠎ᠶᠢᠨ ᠲᠠᠯᠠᠪᠤᠷ᠎ᠤᠨ ᠵᠢᠯᠣᠭᠣᠳᠤᠭ᠍ᠴᠢ ᠪᠣᠯᠤᠭᠰᠠᠨ᠎ᠤ ᠬᠤᠪᠢ᠎ᠳᠤ᠂ ᠲᠡᠷᠡ ᠪᠡᠷ ᠮᠢᠬ᠎ᠠ ᠰᠢᠷᠠᠴᠢᠬᠠᠮᠠᠷ ᠬᠠᠯᠠᠭᠤᠨ ᠲᠡᠮᠦᠷᠯᠢᠭ ᠵᠠᠮ᠎ᠢᠶᠡᠷ ᠤᠷᠤᠭᠰᠢᠯᠠᠬᠤ᠎ᠶᠢᠨ ᠬᠠᠮᠳᠤ ᠠᠩᠭᠢ᠎ᠶᠢᠨ ᠨᠥᠬᠥᠳ᠎ᠢᠶᠡᠨ ᠭᠠᠳᠠᠭ᠍ᠰᠢ ᠲᠦᠯᠬᠢᠵᠦ᠄ 《ᠮᠢᠨᠤ ᠲᠤᠷᠰᠢᠯᠭ᠎ᠠ ᠤᠯᠠᠨ᠂ ᠪᠢ ᠡᠮᠦᠨ᠎ᠡ ᠨᠢ ᠶᠠᠪᠤᠶ᠎ᠠ》 ᠭᠡᠪᠡ᠃ ᠲᠡᠷᠡ ᠴᠡᠭᠡᠵᠢ᠎ᠪᠡᠷ᠎ᠢᠶᠡᠨ ᠤᠰᠤᠨ ᠰᠦᠷᠴᠢᠬᠦᠷ᠎ᠢ ᠲᠤᠯᠵᠤ᠂ ᠦᠷᠭᠦᠯᠵᠢᠯᠡᠨ 6 ᠴᠠᠭ ᠭᠠᠷᠤᠢ ᠪᠠᠢᠯᠳᠤᠵᠤ᠂ ᠶᠡᠬᠡ ᠭᠠᠯ᠎ᠢ ᠠᠮᠵᠢᠯᠲᠠ᠎ᠲᠠᠢ ᠤᠨᠲᠠᠷᠠᠭᠠᠵᠤ᠂ ᠰᠦᠷᠳᠡᠬᠦ ᠵᠢ ᠮᠡᠳᠡᠬᠦ ᠦᠭᠡᠢ ᠰᠦᠷᠯᠢᠭ ᠪᠡᠶ᠎ᠡ ᠴᠤᠭᠴᠠ ᠪᠡᠷ᠎ᠢᠶᠡᠨ ᠠᠮᠢ ᠨᠠᠰᠤ᠎ᠶᠢ ᠬᠠᠮᠠᠭᠠᠯᠠᠬᠤ ᠪᠠᠲᠤ ᠪᠡᠬᠢ ᠰᠡᠷᠭᠡᠢᠯᠡᠯᠲᠡ᠎ᠶᠢᠨ ᠱᠤᠭᠤᠮ᠎ᠢ ᠴᠣᠭᠴᠠᠯᠠᠪᠠ᠃

2023 ᠣᠨ᠎ᠤ 2 ᠰᠠᠷ᠎ᠠ᠎ᠳᠤ᠂ ᠬᠠᠷᠢᠶ᠎ᠠ ᠣᠷᠣᠨ᠎ᠤ ᠬᠦᠢᠲᠡᠨ ᠬᠥᠮᠥᠷᠭᠡ᠎ᠳᠦ ᠭᠠᠯ᠎ᠤᠨ ᠠᠶᠤᠯ ᠭᠠᠷᠴᠤ᠂ ᠲᠦᠮᠡ ᠰᠢᠬᠠᠮ ᠪᠣᠰᠣᠭ᠎ᠠ ᠳᠥᠷᠪᠡᠯᠵᠢᠨ ᠮᠧᠲᠷ᠎ᠦᠨ ᠮᠣᠳᠣᠨ ᠮᠠᠲᠧᠷᠢᠶᠠᠯ᠎ᠤᠨ ᠬᠥᠮᠥᠷᠭᠡ᠂ ᠬᠥᠮᠥᠷᠭᠡ᠎ᠶᠢᠨ ᠳᠣᠲᠣᠷᠠᠬᠢ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠦᠨ ᠪᠣᠯᠣᠳ ᠯᠣᠩᠬᠣ᠌ ᠪᠣᠯᠣᠨ ᠰᠢᠷ᠎ᠠ ᠲᠣᠰᠣ᠌ ᠵᠡᠷᠭᠡ ᠨᠣᠴᠣᠮᠠᠲᠠᠭᠠᠢ ᠳᠡᠯᠪᠡᠷᠡᠮᠡᠲᠡᠭᠡᠢ ᠪᠣᠳᠠᠰ ᠴᠠᠭ ᠢᠮᠠᠭᠲᠠ ᠦᠷᠭᠦᠯᠵᠢᠯᠡᠨ ᠳᠡᠯᠪᠡᠷᠡᠬᠦ ᠲᠦᠭᠰᠢᠭᠦᠷᠢᠲᠦ ᠪᠠᠢᠳᠠᠯ᠎ᠳᠦ ᠤᠷᠤᠪᠠ᠃ ᠭᠠᠯ ᠤᠨᠲᠠᠷᠠᠭᠠᠬᠤ ᠶᠠᠪᠤᠴᠠ᠎ᠳᠤ ᠪᠣᠯᠣᠳ ᠯᠣᠩᠬᠣ᠌ ᠭᠡᠨᠡᠳᠲᠡ ᠳᠡᠯᠪᠡᠷᠡᠭᠡᠳ ᠬᠡᠷᠡᠮ ᠡᠪᠳᠡᠷᠡᠪᠡ᠂ ᠲᠡᠷᠡ ᠬᠠᠮᠤᠭ ᠤ᠋ᠨ ᠲᠦᠷᠦᠭᠦᠨ᠎ᠳᠦ ᠨᠦᠬᠦᠳ᠎ᠢᠶᠠᠨ ᠤᠬᠤᠷᠢᠭᠤᠯᠬᠤ ᠵᠠᠷᠯᠢᠭ᠋ ᠪᠠᠭᠤᠯᠭᠠᠵᠤ᠂ ᠥᠪᠡᠷ᠎ᠢᠶᠡᠨ ᠬᠠᠷᠢᠨ ᠤᠰᠤᠨ ᠫᠤᠤ ᠪᠠᠷᠢᠵᠤ ᠪᠡᠬᠢᠯᠡᠯᠲᠡ᠎ᠪᠡᠨ ᠪᠠᠲᠤ ᠰᠠᠬᠢᠵᠤ᠂ ᠬᠠᠮᠤᠭ ᠤ᠋ᠨ ᠰᠡᠭᠦᠯ᠎ᠳᠦ ᠤᠬᠤᠷᠢᠨ ᠭᠠᠷᠪᠠ᠃ ᠲᠤᠰᠠᠯᠠᠬᠤ ᠬᠦᠴᠦᠨ 15 ᠮᠢᠨᠦ᠋ᠲ᠎ᠲᠦ ᠬᠦᠷᠴᠦ ᠢᠷᠡᠬᠦ᠎ᠶᠢ ᠮᠡᠳᠡᠭᠰᠡᠨ᠎ᠦ ᠳᠠᠷᠠᠭ᠎ᠠ᠂ ᠲᠡᠷᠡ ᠪᠠᠰᠠ ᠰᠠᠨᠠᠭᠠᠴᠢᠯᠠᠭ᠎ᠠ᠎ᠡᠴᠡ᠎ᠪᠠᠨ ᠪᠠᠢᠯᠳᠤᠭᠠᠨ᠎ᠳᠤ ᠣᠷᠤᠯᠴᠠᠬᠤ᠎ᠪᠠᠷ ᠭᠤᠶᠤᠴᠢᠯᠠᠵᠤ ᠪᠣᠭᠣᠮᠲᠠ ᠰᠢᠪᠲᠤᠯᠬᠤ ᠳᠤᠭᠤᠢᠯᠠᠩ᠎ᠢ ᠳᠠᠭᠠᠭᠤᠯᠤᠨ ᠠᠶᠤᠯᠲᠠᠢ ᠣᠷᠴᠢᠨ᠎ᠳᠤ ᠭᠦᠨᠵᠡᠭᠡᠢᠷᠡᠵᠦ᠂ ᠠᠶᠤᠯᠲᠠᠢ ᠪᠣᠯᠣᠳ ᠯᠣᠩᠬᠣ᠌᠎ᠶᠢ ᠪᠦᠭᠦᠨ᠎ᠢ ᠠᠮᠵᠢᠯᠲᠠ᠎ᠲᠠᠢ ᠰᠢᠯᠵᠢᠭᠦᠯᠵᠦ᠂ 4 ᠴᠠᠭ᠎ᠤᠨ ᠰᠢᠷᠭᠠᠭᠤ ᠬᠠᠲᠠᠭᠤᠵᠢᠯᠲᠠᠢ ᠪᠠᠢᠯᠳᠤᠭᠠᠨ᠎ᠢᠶᠠᠷ ᠳᠠᠮᠵᠢᠨ ᠮᠣᠳᠣᠨ ᠮᠠᠲᠧᠷᠢᠶᠠᠯ᠎ᠤᠨ ᠬᠥᠮᠥᠷᠭᠡ᠎ᠶᠢ ᠬᠠᠮᠠᠭᠠᠯᠠᠵᠤ᠂ ᠡᠷᠭᠢᠨ ᠲᠣᠭᠣᠷᠢᠨ᠎ᠤ ᠤᠯᠠᠨ ᠲᠦᠮᠡᠨ᠎ᠦ ᠠᠮᠢ ᠨᠠᠰᠤ ᠪᠣᠯᠣᠨ ᠡᠳ᠋ ᠬᠥᠷᠥᠩᠭᠡ᠎ᠶᠢᠨ ᠠᠮᠤᠷ ᠲᠦᠪᠰᠢᠨ᠎ᠢ ᠬᠠᠮᠠᠭᠠᠯᠠᠵᠤ᠂ ᠰᠥᠰᠥ ᠵᠣᠷᠢᠭ᠋ ᠪᠣᠯᠣᠨ ᠡᠭᠦᠷᠭᠡᠯᠡᠯ᠎ᠢᠶᠡᠷ᠎ᠢᠶᠡᠨ ᠭᠠᠯ ᠰᠡᠷᠭᠡᠢᠯᠡᠵᠦ ᠭᠠᠯ ᠤᠨᠲᠠᠷᠠᠭᠠᠵᠤ ᠠᠪᠤᠷᠠᠨ ᠲᠤᠰᠠᠯᠠᠬᠤ ᠬᠥᠮᠥᠰ᠎ᠦᠨ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠶᠢ ᠲᠠᠢᠯᠪᠤᠷᠢᠯᠠᠪᠠ᠃

ᠥᠷᠲᠡᠭᠡᠨ ᠳᠠᠷᠤᠭ᠎ᠠ᠎ᠶᠢᠨ ᠲᠤᠰᠢᠶᠠᠯ᠎ᠢ ᠬᠠᠷᠢᠭᠤᠴᠠᠭᠰᠠᠨ᠎ᠤ ᠲᠠᠷᠠᠭ᠎ᠠ᠂ ᠲᠡᠷᠡ ᠪᠦᠭᠦᠶ᠋ᠢᠯᠡ ᠡᠩᠨᠡᠭᠡᠨ᠎ᠦ ᠳᠠᠪᠲᠠᠯᠲᠠ ᠪᠤᠯᠪᠠᠰᠤᠷᠠᠯ᠎ᠢ ᠨᠡᠩ ᠴᠢᠬᠤᠯᠠᠴᠢᠯᠠᠪᠠ᠃ 《ᠨᠠᠮ᠎ᠤᠨ ᠵᠢᠯᠣᠭᠣᠳᠤᠯᠭ᠎ᠠ᠎ᠶᠢ ᠳᠠᠭᠠᠵᠤ᠂ ᠡᠭᠦᠷᠭᠡ ᠲᠤᠰᠢᠶᠠᠯ᠎ᠢᠶᠠᠨ ᠦᠨᠡᠨᠴᠢ᠎ᠪᠡᠷ ᠭᠦᠢᠴᠡᠳᠬᠡᠬᠦ》 ᠶ᠋ᠢ ᠴᠢᠨᠭᠭᠠᠳᠬᠠᠬᠤ᠎ᠶᠢᠨ ᠲᠥᠯᠥᠭᠡ᠂ ᠲᠡᠷᠡ ᠲᠦᠷᠦᠭᠦᠯᠡᠨ ᠨᠠᠮ᠎ᠤᠨ ᠰᠢᠨ᠎ᠡ ᠡᠭᠦᠳᠦᠯᠲᠡ᠎ᠶᠢᠨ ᠤᠨᠤᠯ ᠪᠣᠯᠣᠨ ᠶᠡᠷᠦᠨᠭᠬᠡᠢ ᠱᠦᠵᠢ ᠰᠢ᠎ᠶᠢᠨ ᠫᠢᠩ ᠤ᠋ᠨ ᠴᠢᠬᠤᠯᠠ ᠰᠤᠷᠭᠠᠯ ᠦᠭᠡ᠎ᠶᠢᠨ ᠵᠣᠷᠢᠭ᠋ ᠰᠠᠨᠠᠭ᠎ᠠ᠎ᠶᠢ ᠭᠦᠨᠵᠡᠭᠡᠢ ᠰᠤᠷᠤᠯᠴᠠᠨ ᠨᠠᠷᠢᠨ ᠣᠢᠯᠠᠭᠠᠵᠤ᠂ ᠦᠷᠳᠡᠭᠡ᠎ᠳᠦ 《ᠳᠥᠷᠪᠡ᠎ᠶᠢ ᠨᠢᠭᠡ ᠴᠣᠭᠴᠠᠵᠢᠭᠤᠯᠬᠤ》 ᠰᠤᠷᠤᠯᠴᠠᠯᠭ᠎ᠠ ᠬᠥᠮᠦᠵᠢᠯ᠎ᠦᠨ ᠵᠠᠭᠪᠤᠷ᠎ᠢ  ᠡᠭᠦᠳᠦᠨ ᠳᠡᠯᠭᠡᠷᠡᠭᠦᠯᠪᠡ — 《ᠯᠧᠢ ᠹᠧᠨᠭ ᠶᠠᠷᠢᠶᠠᠨ᠎ᠤ ᠲᠠᠪᠴᠠᠩ》 ᠭᠠᠷᠭᠠᠵᠤ᠂ ᠳᠡᠷᠭᠡᠳᠡᠬᠢ ᠦᠯᠢᠭᠡᠷ ᠳᠠᠭᠤᠷᠢᠶᠠᠯ᠎ᠢᠶᠠᠨ ᠤᠷᠢᠵᠤ ᠬᠤᠪᠢ ᠨᠡᠮᠡᠷᠢ ᠦᠵᠡᠭᠦᠯᠦᠭᠰᠡᠨ ᠦᠯᠢᠭᠡᠷ᠎ᠢ ᠶᠠᠷᠢᠭᠤᠯᠪᠠ; 《ᠤᠯᠠᠭᠠᠨ ᠠᠨᠠᠷ》 ᠤ᠋ᠨ ᠤᠬᠠᠭᠤᠯᠤᠨ ᠲᠠᠢᠯᠪᠤᠷᠢᠯᠠᠬᠤ ᠪᠠᠭ᠎ᠠ ᠰᠠᠯᠪᠤᠷᠢ ᠠᠩᠭᠢ᠎ᠶᠢ ᠵᠣᠬᠢᠶᠠᠨ ᠪᠠᠢᠭᠤᠯᠵᠤ᠂ ᠦᠨᠳᠦᠰᠦᠲᠡᠨ᠎ᠦ ᠪᠦᠯᠬᠦᠮᠳᠡᠯ᠎ᠦᠨ ᠦᠷ᠎ᠡ᠎ᠶᠢ ᠴᠡᠷᠢᠭ᠎ᠦᠨ ᠬᠤᠸᠠᠷᠠᠨ᠎ᠳᠤ ᠰᠠᠴᠤᠪᠠ; 《ᠨᠡᠭᠦᠳᠡᠯ ᠨᠠᠮ᠎ᠤᠨ ᠬᠢᠴᠢᠶᠡᠯ》 ᠎ᠢ᠋ ᠥᠷᠨᠢᠭᠦᠯᠵᠦ᠂ ᠬᠤᠪᠢᠰᠬᠠᠯ᠎ᠤᠨ ᠬᠠᠭᠤᠴᠢᠨ ᠪᠠᠭᠤᠷᠢ᠎ᠳᠤ ᠨᠠᠮ᠎ᠳᠤ ᠣᠷᠣᠬᠤ ᠲᠠᠩᠭᠠᠷᠢᠭ᠋᠎ᠤᠨ ᠦᠭᠡᠰ᠎ᠢ ᠲᠠᠭᠢᠨ ᠡᠷᠭᠢᠴᠡᠭᠦᠯᠪᠡ; 《ᠬᠦᠬᠡ ᠲᠦᠯᠦ ᠰᠤᠷᠤᠯᠴᠠᠬᠤ ᠳᠠᠩᠬᠢᠮ》᠎ᠢ᠋ ᠪᠠᠢᠭᠤᠯᠵᠤ᠂ ᠣᠨᠣᠯ᠎ᠤᠨ ᠰᠤᠷᠤᠯᠴᠠᠯᠭ᠎ᠠ᠎ᠶᠢ ᠡᠳᠦᠷ ᠲᠤᠲᠤᠮ᠎ᠤᠨ ᠠᠮᠢᠳᠤᠷᠠᠯ᠎ᠳᠤ ᠠᠭᠤᠰᠤᠯᠴᠠᠭᠤᠯᠵᠠᠢ᠃

ᠤᠯᠠᠨ ᠤᠳᠠᠭ᠎ᠠ᠎ᠶᠢᠨ ᠰᠤᠷᠤᠯᠴᠠᠯᠭ᠎ᠠ ᠪᠡᠷ ᠳᠠᠮᠵᠢᠨ᠂ ᠢᠲᠡᠭᠡᠯ ᠪᠢᠰᠢᠷᠡᠯ ᠪᠣᠯ ᠤᠷᠢᠶ᠎ᠠ ᠯᠤᠽᠦᠢ᠍ᠨᠭ ᠲᠡᠳᠦᠢ ᠪᠢᠰᠢ᠂ ᠬᠠᠷᠢᠨ ᠵᠠᠩᠭᠢᠯᠠᠭ᠎ᠠ᠎ᠶᠢᠨ ᠦᠶ᠎ᠡ᠎ᠳᠦ ᠰᠢᠪᠲᠤᠯᠤᠨ ᠭᠠᠷᠴᠤ ᠳᠡᠶ᠋ᠢᠯᠭᠦ ᠲᠥᠷᠥᠯᠬᠢ ᠴᠢᠳᠠᠪᠤᠷᠢ ᠮᠥᠨ ᠭᠡᠳᠡᠭ᠎ᠢ ᠠᠩᠭᠢ᠎ᠶᠢᠨ ᠭᠡᠰᠢᠭᠦᠳ ᠨᠢ  ᠠᠭᠠᠵᠢᠮ᠎ᠢᠶᠠᠷ ᠣᠢᠯᠠᠭᠠᠪᠠ᠃

ᠢᠲᠡᠭᠡᠯ ᠪᠢᠰᠢᠷᠡᠯ᠎ᠦᠨ ᠤᠴᠢ ᠪᠡᠷ ᠪᠦᠭᠦᠶ᠋ᠢᠯᠡ ᠡᠩᠨᠡᠭᠡ᠎ᠶᠢ ᠬᠦᠭᠵᠢᠭᠡᠵᠦ᠂ ᠬᠤᠪᠢᠰᠬᠠᠯ᠎ᠤᠨ ᠤᠳᠤᠮᠰᠢᠯ᠎ᠢ ᠭᠠᠯ ᠰᠡᠷᠭᠡᠢᠯᠡᠵᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠡᠮᠦᠨ᠎ᠠ  ᠹᠷᠣᠨᠲ᠎ᠲᠤ ᠦᠶ᠎ᠡ᠎ᠶᠢᠨ ᠦᠶ᠎ᠡ᠎ᠪᠡᠷ ᠠᠮᠢᠵᠢᠷᠠᠯ᠎ᠤᠨ ᠬᠦᠴᠦᠨ᠎ᠲᠠᠢ ᠪᠠᠢᠯᠭᠠᠬᠤ ᠪᠤᠯ ᠪᠠᠭᠠᠲᠤᠷ ᠤ᠋ᠨ ᠬᠦᠰᠡᠯ ᠬᠦᠭᠡᠭᠡᠴᠡᠯᠳᠦᠯ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号