ᠲᠦᠷᠦᠭᠦᠬᠡᠨ᠂ ᠤᠯᠤᠰ᠎ᠤᠨ ᠪᠡᠶ᠎ᠡ᠎ᠶ᠋ᠢᠨ ᠲᠠᠮᠢᠷ᠎ᠤᠨ ᠶᠡᠷᠦᠩᠬᠡᠢ ᠲᠣᠪᠴᠢᠶ᠎ᠠ ᠡᠴᠡ ᠭᠤᠤᠯᠯᠠᠨ ᠡᠷᠬᠢᠯᠡᠵᠦ᠂ ᠬᠥᠬᠡᠬᠤᠲᠠ᠎ᠶ᠋ᠢᠨ ᠪᠡᠶ᠎ᠡ᠎ᠶ᠋ᠢᠨ ᠲᠠᠮᠢᠷ᠎ᠤᠨ ᠲᠣᠪᠴᠢᠶ᠎ᠠ ᠵᠡᠷᠭᠡ ᠨᠢᠭᠡᠴᠢ ᠡᠴᠡ ᠲᠠᠭᠠᠭᠠᠴᠢᠯᠠᠨ ᠡᠷᠬᠢᠯᠡᠭᠰᠡᠨ 2026 ᠤᠨ᠎ᠤ ᠪᠡᠶ᠎ᠡ᠎ᠶ᠋ᠢᠨ ᠲᠠᠮᠢᠷ᠎ᠤᠨ ᠰᠣᠶᠤᠯ᠎ᠤᠨ ᠪᠥᠬᠦ᠌ ᠤᠯᠤᠰ᠎ᠤᠨ ᠠᠶᠠᠯᠠᠯ (ᠥᠪᠦᠷ ᠮᠣᠩᠭᠤᠯ·ᠬᠥᠬᠡᠬᠤᠲᠠ)᠎ᠤ᠋ᠨ ᠪᠡᠶ᠎ᠡ᠎ᠶ᠋ᠢᠨ ᠲᠠᠮᠢᠷ᠎ᠤᠨ ᠰᠣᠶᠤᠯ᠎ᠢ ᠰᠤᠷᠭᠠᠭᠤᠯᠢ᠎ᠶ᠋ᠢᠨ ᠬᠦᠷᠢᠶᠡᠨ᠎ᠳᠤ ᠣᠷᠤᠭᠤᠯᠬᠤ ᠠᠵᠢᠯᠯᠠᠭ᠎ᠠ ᠥᠪᠦᠷ ᠮᠣᠩᠭᠤᠯ᠎ᠤᠨ ᠠᠵᠤ ᠦᠢᠯᠡᠳᠪᠦᠷᠢ᠎ᠶ᠋ᠢᠨ ᠶᠡᠭᠡ ᠰᠤᠷᠭᠠᠭᠤᠯᠢ᠎ᠶ᠋ᠢᠨ ᠬᠠᠷᠢᠶᠠᠲᠤ᠌ ᠪᠠᠭ᠎ᠠ ᠰᠤᠷᠭᠠᠭᠤᠯᠢ᠎ᠳᠤ ᠶᠠᠪᠤᠬᠳᠠᠪᠠ᠃ 2012 ᠣᠨ᠎ᠤ ᠯᠤᠨᠳᠤᠨᠦ ᠣᠯᠢᠮᠫᠢᠺ᠎ᠤᠨ ᠴᠤᠭᠯᠠᠭᠠᠨ᠎ᠤ ᠡᠷᠡᠭᠲᠡᠢ ᠵᠢᠨ 69 ᠺᠢᠯᠤᠭ᠌ᠷᠠᠮ᠎ᠤᠨ ᠲᠡᠰ᠎ᠦᠨ ᠬᠦᠨᠳᠦ ᠡᠷᠭᠦᠯᠲᠠ ᠵᠢᠨ ᠮᠠᠩᠯᠠᠢ ᠯᠢᠨ ᠴᠢᠩ ᠹᠧᠩ ᠰᠤᠷᠭᠠᠭᠤᠯᠢ᠎ᠶ᠋ᠢᠨ ᠬᠦᠷᠢᠶᠡᠨ᠎ᠳᠦ ᠢᠷᠡᠵᠦ᠂ ᠬᠠᠲᠤᠨ ᠭᠣᠤᠯ᠎ᠤᠨ ᠰᠣᠶᠤᠯ᠂ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠵᠢᠷᠭᠤᠭᠠᠨ ᠤᠷ᠎ᠠ ᠮᠡᠷᠭᠡᠵᠢᠯ᠂ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶ᠋ᠢ ᠡᠭᠦᠳᠬᠦ᠌ ᠬᠢᠴᠢᠶᠡᠯ᠎ᠦᠨ ᠲᠠᠩᠬᠢᠮ᠎ᠲᠠᠢ ᠬᠣᠯᠪᠤᠭᠳᠠᠭᠤᠯᠵᠤ᠂ ᠪᠦᠬᠦ᠌ ᠰᠤᠷᠤᠭᠴᠢᠳ᠎ᠲᠤ᠌ ᠡᠯᠪᠡᠭ ᠪᠠᠶᠠᠯᠢᠭ ᠰᠣᠶᠤᠯ ᠲᠠᠮᠢᠷ᠎ᠤᠨ ᠦᠢᠯᠡᠳᠦᠯᠭᠡ᠎ᠶ᠋ᠢᠨ ᠠᠵᠢᠯᠯᠠᠭ᠎ᠠ ᠠᠪᠴᠢᠷᠠᠭᠰᠠᠨ ᠪᠠᠢᠨ᠎ᠠ᠃
ᠪᠡᠶ᠎ᠡ᠎ᠶ᠋ᠢᠨ ᠲᠠᠮᠢᠷ᠎ᠤᠨ ᠵᠢᠷᠭᠤᠭᠠᠨ ᠤᠷᠠᠯᠢᠭ᠎ᠤᠨ ᠦᠵᠡᠭᠦᠯᠭᠡ ᠶ᠋ᠢᠨ ᠰᠠᠮᠪᠠᠷ᠎ᠠ᠎ᠶ᠋ᠢᠨ ᠡᠮᠦᠨ᠎ᠡ ᠪᠢᠴᠢᠬᠠᠨ ᠲᠠᠢᠯᠪᠤᠷᠢᠯᠠᠭᠴᠢᠠᠴᠠ ᠮᠢᠩᠭᠠᠨ ᠣᠨ᠎ᠤ ᠪᠡᠶ᠎ᠡ᠎ᠶ᠋ᠢᠨ ᠲᠠᠮᠢᠷ᠎ᠤᠨ ᠵᠢᠷᠭᠤᠭᠠᠨ ᠤᠷ᠎ᠡ ᠮᠡᠷᠭᠡᠵᠢᠯ᠎ᠢ ᠰᠤᠷᠭᠠᠭᠤᠯᠢ᠎ᠶ᠋ᠢᠨ ᠬᠦᠷᠢᠶᠡᠨ᠎ᠦ ᠪᠡᠶ᠎ᠡ᠎ᠶ᠋ᠢᠨ ᠲᠠᠮᠢᠷ᠂ ᠪᠠᠭᠠᠴᠤᠳ᠎ᠤᠨ ᠦᠰᠦᠨ ᠪᠣᠢᠵᠢᠯᠲᠠ᠎ᠲᠠᠢ ᠨᠢᠭᠲᠠ ᠤᠶᠠᠯᠳᠤᠭᠤᠯᠵᠤ᠂ 《ᠶᠣᠰᠤᠯᠠᠯ》 ᠵᠢᠡᠷ ᠠᠮᠢ ᠨᠠᠰᠤᠨ᠎ᠤ ᠰᠠᠭᠤᠷᠢ ᠪᠣᠯᠭᠠᠵᠤ᠂ ᠤᠷᠤᠯᠳᠤᠭᠠᠨ᠎ᠤ ᠲᠠᠯᠠᠪᠠᠢ᠎ᠶ᠋ᠢᠨ ᠲᠤᠳᠤᠨ᠎ᠠ ᠭᠠᠳᠠᠨ᠎ᠠ ᠨᠥᠬᠦᠷᠰᠡᠭ ᠪᠠᠢᠬᠤ ᠶᠣᠰᠤᠯᠠᠯ᠎ᠤᠨ ᠬᠤᠷᠢᠭ᠎ᠠ ᠱᠤᠭᠤᠮ᠎ᠢ ᠲᠠᠢᠯᠪᠤᠷᠢᠯᠠᠪᠠ;
ᠪᠡᠶ᠎ᠡ᠎ᠶ᠋ᠢᠨ ᠲᠠᠮᠢᠷ᠎ᠤᠨ ᠭᠣᠤᠯ ᠰᠡᠳᠦᠪᠲᠦ᠍ ᠭᠠᠷᠪᠢᠴᠢᠮᠡᠯ ᠰᠣᠨᠢᠨ ᠪᠠ ᠭᠠᠷ ᠤᠷᠠᠯᠠᠯ᠎ᠤᠨ ᠪᠦᠲᠦᠭᠡᠭᠳᠡᠬᠦᠨ᠎ᠦ ᠦᠵᠡᠭᠦᠯᠭᠡ᠎ᠶ᠋ᠢᠨ ᠲᠣᠭᠤᠷᠢᠭ᠎ᠲᠤ᠌ ᠰᠤᠷᠤᠭᠴᠢᠳ᠎ᠤᠨ ᠬᠢᠭᠰᠡᠨ ᠪᠦᠲᠦᠭᠡᠯ᠎ᠤᠳ᠎ᠨᠢ ᠭᠤᠴᠤ ᠰᠠᠢᠬᠠᠨ ᠪᠠᠢᠵᠤ᠂ ᠬᠡᠦᠬᠡᠳ᠎ᠦᠨ ᠣᠯᠢᠮᠫᠢᠺ᠎ᠤᠨ ᠴᠤᠭᠯᠠᠭᠠᠨ᠂ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ᠎ᠳᠦ ᠬᠢᠵᠠᠭᠠᠯᠠᠰᠢ᠎ᠦᠭᠡᠢ ᠬᠠᠢᠷ᠎ᠠ ᠰᠡᠳᠬᠢᠯᠭᠡ ᠲᠠᠢ ᠪᠠᠢᠭ᠎ᠠ ᠵᠢ ᠭᠦᠢᠴᠡᠳ ᠢᠯᠡᠷᠡᠭᠦᠯᠪᠡ᠃ ᠣᠯᠢᠮᠫᠢᠺ᠎ᠤᠨ ᠮᠠᠩᠯᠠᠢ ᠯᠢᠨ ᠴᠢᠩ ᠹᠧᠩ ᠰᠤᠷᠤᠭᠴᠢᠳ ᠲᠠᠢ ᠬᠠᠮᠲᠤ᠎ᠪᠠᠷ ᠤᠷᠳᠤ ᠵᠠᠮ᠎ᠤᠨ ᠠᠶᠠᠨ ᠲᠠᠶ᠋ᠢᠨ᠎ᠤ ᠵᠠᠮ ᠵᠢᠡᠷ ᠲᠠᠬᠢᠨ ᠵᠠᠮᠨᠠᠬᠤ᠂ ᠯᠦ᠍ ᠳ᠋ᠢᠩ ᠴᠢᠶᠤᠤ ᠬᠥᠭᠦᠷᠭᠡ᠎ᠶ᠋ᠢ ᠪᠤᠯᠢᠶᠠᠨ ᠠᠪᠤᠭᠰᠠᠨ᠂ ᠲᠦᠷᠪᠡᠨᠲᠡ ᠮᠦᠷᠡᠨ ᠭᠠᠳᠤᠯᠤᠭᠰᠠᠨ ᠵᠡᠷᠭᠡ ᠰᠣᠩᠭᠤᠳᠠᠭ ᠲᠡᠦᠬᠡᠨᠭᠡᠷᠡᠭᠢ 《ᠪᠡᠶᠡᠴᠢᠯᠡᠨ ᠤᠢᠯᠠᠭᠠᠬᠤ》 ᠬᠡᠯᠪᠡᠷᠢ ᠪᠡᠷ ᠬᠤᠪᠢᠰᠬᠠᠯ᠎ᠤᠨ ᠣᠨ ᠵᠢᠯ᠎ᠢ ᠲᠠᠬᠢᠨ ᠡᠷᠭᠢᠴᠡᠭᠦᠯᠪᠡ᠃
ᠲᠣᠰ ᠤᠳᠠᠭᠠᠨ᠎ᠤ ᠠᠵᠢᠯᠯᠠᠭ᠎ᠠ᠎ᠨᠢ ᠤᠯᠠᠮᠵᠢᠯᠠᠯᠲᠤ᠌ ᠪᠡᠶ᠎ᠡ᠎ᠶ᠋ᠢᠨ ᠲᠠᠮᠢᠷ᠎ᠤᠨ ᠵᠢᠷᠭᠤᠭᠠᠨ ᠤᠷ᠎ᠠ ᠮᠡᠷᠭᠡᠵᠢᠯ ᠵᠢᠡᠷ ᠰᠠᠭᠤᠷᠢ ᠵᠢ ᠪᠠᠳᠤᠳᠬᠠᠬᠤ᠂ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠤᠨ ᠰᠢᠨ᠎ᠡ ᠡᠬᠦᠳᠦᠯᠳᠡ ᠪᠡᠷ ᠬᠠᠷᠠᠭ᠎ᠠ ᠵᠢ ᠦᠷᠭᠡᠳᠭᠡᠬᠦ᠂ ᠮᠠᠩᠯᠠᠶ᠋ᠢᠯᠠᠭᠴᠢ ᠵᠢᠨ ᠥᠯᠢᠭᠡᠷ ᠳᠠᠭᠤᠷᠢᠶᠠᠯ᠎ᠢᠶᠠᠷ ᠬᠦᠴᠦᠨ᠎ᠢ ᠨᠢᠭᠲᠠᠷᠠᠭᠤᠯᠵᠤ᠂ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ ᠬᠢᠭᠡᠳ ᠣᠲᠤ᠌ ᠦᠶ᠎ᠡ᠎ᠶ᠋ᠢᠨ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠤᠨ ᠬᠥᠮᠦᠨ᠎ᠢ ᠬᠥᠮᠦᠵᠢᠭᠦᠯᠬᠦ ᠵᠠᠮ᠎ᠢ ᠨᠡᠪᠲᠡᠷᠡᠭᠦᠯᠪᠡ᠃ ᠣᠯᠢᠮᠫᠢᠺ᠎ᠤᠨ ᠮᠠᠩᠯᠠᠢ ᠯᠢᠨ ᠴᠢᠩ ᠹᠧᠩ᠎ᠦᠨ ᠠᠢᠯᠴᠢᠯᠠᠯᠲᠠ ᠨᠢ ᠡᠷᠡᠯᠬᠡᠭᠯᠡᠨ ᠲᠡᠮᠡᠴᠡᠬᠦ ᠣᠯᠢᠮᠫᠢᠺ᠎ᠤᠨ ᠵᠣᠷᠢᠭ ᠰᠠᠨᠠᠭ᠎ᠠ᠎ᠶ᠋ᠢ ᠰᠤᠷᠭᠠᠭᠤᠯᠢ᠎ᠶ᠋ᠢᠨ ᠬᠦᠷᠢᠶᠡᠨ᠎ᠳᠦ ᠦᠨᠳᠦᠰᠦᠯᠡᠭᠦᠯᠦᠭᠰᠡᠨ ᠪᠥᠭᠡᠳ ᠰᠤᠷᠤᠭᠴᠢᠳ᠎ᠤᠨ ᠪᠢᠴᠢᠭ ᠵᠡᠪᠰᠡᠭ᠎ᠦᠨ ᠡᠷᠳᠡᠮ ᠬᠣᠤᠰᠯᠠᠭᠰᠠᠨ ᠴᠢᠳᠠᠪᠤᠷᠢᠳᠠᠨ ᠪᠤᠯᠬᠤ ᠪᠡᠷ ᠮᠡᠷᠡᠢᠨ ᠴᠢᠷᠮᠠᠢᠬᠤ ᠬᠦᠰᠡᠯ ᠵᠤᠷᠢᠭ᠎ᠢ ᠬᠦᠪᠴᠢᠯᠡᠪᠡ᠃