2026 ᠣᠨ᠎ᠤ ᠵᠡᠭᠦᠨ ᠬᠤᠶ᠋ᠢᠲᠤ᠌ ᠣᠷᠤᠨ᠎ᠤ ᠬᠤᠲᠠ᠎ᠶ᠋ᠢᠨ ᠬᠥᠯ ᠪᠥᠮᠪᠦᠭᠡ᠎ᠶ᠋ᠢᠨ ᠬᠤᠯᠪᠤᠭᠠᠲᠤ᠌ ᠤᠷᠤᠯᠳᠤᠭᠠᠨ ᠬᠦᠭᠵᠢᠶᠡᠨᠳᠡᠢ ᠶᠠᠪᠤᠬᠳᠠᠵᠤ ᠪᠤᠢ
2026-07-06 11:57:59
ᠵᠣᠬᠢᠶᠠᠭ᠍ᠴᠢ᠄
ᠬᠤᠩ ᠰᠢᠶᠠ
ᠣᠩᠱᠢᠭ᠍ᠰᠠᠨ ᠣᠳᠠᠭ᠎ᠠ᠄
★★★☆☆

6 ᠰᠠᠷ᠎ᠠ᠎ᠶ᠋ᠢᠨ 27᠎ᠤ᠋ ᠡᠳᠦᠷ᠂ 2026 ᠣᠨ᠎ᠤ ᠵᠡᠭᠦᠨ ᠬᠤᠶ᠋ᠢᠲᠤ᠌ ᠣᠷᠤᠨ᠎ᠤ ᠬᠤᠲᠠ᠎ᠶ᠋ᠢᠨ ᠬᠥᠯ ᠪᠥᠮᠪᠦᠭᠡ᠎ᠶ᠋ᠢᠨ ᠬᠡᠳᠦ ᠲᠡᠰ᠎ᠤᠨ ᠬᠤᠯᠪᠤᠭᠠᠲᠤ᠌ ᠤᠷᠤᠯᠳᠤᠭᠠᠨ᠎ᠤ᠋ ᠪᠠᠢᠩᠭᠤ ᠵᠢᠨ ᠤᠷᠤᠯᠳᠤᠭᠠᠨ᠎ᠤ ᠭᠤᠷᠪᠠᠳᠤᠭᠠᠷ ᠡᠭᠡᠯᠵᠢ᠎ᠶ᠋ᠢᠨ ᠤᠷᠤᠯᠳᠤᠭᠠᠨ ᠬᠥᠬᠡᠬᠤᠲᠠ᠎ᠳᠤ ᠶᠠᠪᠤᠭᠳᠠᠪᠠ᠃ ᠬᠥᠬᠡᠬᠤᠲᠠ᠎ᠶ᠋ᠢᠨ ᠠᠩᠭᠢ ᠡᠵᠡᠨ ᠲᠠᠯᠠᠪᠠᠢ ᠳ᠋ᠦ ᠲᠦᠩᠯᠢᠶᠤᠤ᠎ᠶ᠋ᠢᠨ ᠠᠩᠭᠢ᠎ᠶ᠋ᠢ ᠤᠭᠲᠤᠨ ᠤᠷᠤᠯᠳᠤᠵᠤ᠂ ᠡᠴᠦᠰ᠎ᠲᠦ᠍ 0 ᠄  0  ᠬᠤᠪᠢ ᠪᠡᠷ ᠬᠠᠢᠨᠴᠠᠪᠠ᠃

ᠲᠤᠰ ᠤᠳᠠᠭ᠎ᠠ᠎ᠶ᠋ᠢᠨ ᠤᠷᠤᠯᠳᠤᠭᠠᠨ ᠤᠨᠴᠠ ᠵᠢᠨ ᠬᠦᠷ ᠬᠦᠭᠵᠢᠶᠡᠨᠲᠡᠢ ᠶᠠᠪᠤᠭᠳᠠᠵᠤ᠂ ᠬᠥᠬᠡᠬᠤᠲᠠ᠎ᠶ᠋ᠢᠨ ᠪᠥᠮᠪᠦᠭᠡᠨ ᠪᠠᠬᠠᠳᠠᠳ᠎ᠤᠨ ᠨᠡᠢᠭᠡᠮᠯᠢᠭ᠎ᠦᠨ ᠲᠣᠭᠲᠠᠮᠠᠯ ᠤᠷᠤᠯᠳᠤᠭᠠᠨ᠎ᠰᠤᠨᠢᠷᠬᠠᠬᠤ ᠡᠩᠨᠡᠭᠡ ᠡᠴᠠ ᠭᠠᠳᠠᠨ᠎ᠠ ᠪᠠᠰᠠ ᠲᠤᠬᠠᠢ ᠵᠢᠨ ᠭᠠᠵᠠᠷ᠎ᠤᠨ ᠶᠡᠬᠡ ᠬᠡᠮᠵᠢᠶᠡᠨ᠎ᠦ ᠪᠥᠮᠪᠦᠭᠡᠨ ᠪᠠᠬᠠᠳᠠᠳ ᠤᠷᠤᠯᠳᠤᠭᠠᠨ᠎ᠤ ᠲᠠᠯᠠᠪᠤᠷ᠎ᠲᠤ᠌ ᠬᠦᠷᠴᠦ᠍ ᠰᠦᠷ ᠬᠦᠴᠦᠨ ᠨᠡᠮᠡᠷᠢᠯᠡᠵᠡᠢ᠃ ᠳᠡᠭᠡᠷ᠎ᠡ ᠬᠠᠭᠠᠰ ᠲᠠᠯᠠᠪᠠᠢ ᠳ᠋ᠦ ᠬᠤᠶᠠᠷ ᠠᠩᠭᠢ ᠵᠢᠨ ᠬᠢᠨ ᠪᠦᠷ ᠡᠷᠴᠢᠮ ᠲᠡᠢ ᠳᠠᠭᠠᠷᠢᠯᠲᠠ ᠬᠢᠵᠦ᠍᠂ ᠬᠦᠴᠦᠨ ᠲᠡᠩᠴᠡᠬᠦᠦ ᠪᠠᠢᠯ᠎ᠠ᠃ ᠬᠤᠶᠠᠷ ᠲᠠᠯ᠎ᠠ᠎ᠪᠡᠷ ᠵᠢᠡᠨ ᠵᠣᠬᠢᠶᠠᠨ ᠪᠠᠶ᠋ᠢᠭᠤᠯᠤᠯᠲᠠ ᠲᠠᠢ ᠪᠡᠷ ᠤᠯᠠᠨ ᠤᠳᠠᠭ᠎ᠠ ᠬᠠᠷᠢᠯᠴᠠᠨ ᠲᠠᠭᠠᠷᠢᠯᠲᠠ ᠬᠢᠭᠰᠡᠨ ᠪᠤᠯᠪᠠᠴᠤ ᠪᠦᠷ ᠪᠦᠲᠦᠮᠵᠢᠲᠠᠢ ᠬᠠᠮᠠᠭᠠᠯᠠᠯᠲᠠ ᠭᠢᠵᠦ᠂ ᠤᠯᠠᠨ ᠤᠳᠠᠭ᠎ᠠ ᠵᠢᠨ ᠵᠠᠩᠭᠢᠯᠠᠭ᠎ᠠ᠎ᠶ᠋ᠢᠨ ᠪᠦᠮᠪᠦᠭᠡ ᠵᠢ ᠬᠤᠷᠢᠬᠯᠠᠵᠤ᠂ ᠡᠴᠦᠰ᠎ᠲᠡᠭᠡᠨ 0 ᠄ 0  ᠪᠡᠷ ᠬᠠᠢᠨᠴᠠᠪᠠ᠃

ᠲᠤᠤᠷ᠎ᠠ ᠬᠠᠭᠠᠰ ᠲᠠᠯᠠᠪᠠᠢ ᠳ᠋ᠦ ᠬᠤᠶᠠᠷ ᠠᠩᠬᠢ ᠵᠢᠨ ᠬᠢᠨ᠎ᠤ ᠬᠦᠴᠦᠨ ᠨᠢ ᠤᠬᠳᠤᠬᠠᠨ ᠪᠠᠭᠤᠷᠠᠬᠰᠠᠨ᠎ᠦᠭᠡᠢ᠂ ᠬᠣᠶᠠᠷ ᠲᠠᠯ᠎ᠠ᠎ᠪᠠᠷ ᠵᠢᠡᠨ ᠣᠯᠠᠨ ᠤᠳᠠᠭ᠎ᠠ ᠬᠠᠷᠢᠯᠴᠠᠨ ᠲᠠᠭᠠᠷᠢᠯᠲᠠ ᠬᠢᠵᠦ᠂ ᠬᠣᠶᠠᠷ ᠠᠩᠭᠢ᠎ᠶ᠋ᠢᠨ ᠪᠥᠮᠪᠦᠭᠡᠨ ᠬᠣᠷᠤᠬᠠᠢᠳᠠᠳ᠎ᠤᠨ ᠤᠷᠮ᠎ᠠ ᠰᠡᠳᠭᠢᠯᠭᠡ ᠪᠤᠴᠠᠯᠵᠤ᠂ ᠲᠠᠰᠤᠷᠠᠯᠲᠠ᠎ᠦᠭᠡᠢ ᠲᠤᠭ ᠳᠠᠯᠪᠠᠭ᠎ᠠ ᠬᠡᠢᠰᠭᠡᠨ᠂ ᠥᠨᠳᠦᠷ ᠳᠠᠭᠤᠨ᠎ᠢᠶᠠᠷ ᠤᠤᠬᠠᠢᠯᠠᠨ᠂ ᠥᠪᠡᠷ ᠥᠪᠡᠷ᠎ᠦᠨ ᠲᠡᠮᠵᠢᠵᠦ ᠪᠠᠢᠭ᠎ᠠ ᠪᠥᠮᠪᠦᠭᠡᠨ ᠠᠩᠭᠢ᠎ᠳ᠋ᠠᠭᠠᠨ ᠤᠷᠮ᠎ᠠ ᠵᠤᠷᠢᠬ ᠬᠠᠢᠷᠠᠯᠠᠪᠠ᠃ ᠤᠷᠤᠯᠳᠤᠭᠠᠨ᠎ᠤ ᠬᠠᠮᠤᠭ᠎ᠤᠨ ᠰᠡᠭᠦᠯ᠎ᠦᠨ ᠨᠢᠭᠡ ᠮᠢᠨᠦ᠋ᠲ᠎ᠲᠦ᠍ ᠤᠨᠴᠠ ᠰᠢᠷᠦᠭᠦᠨ ᠦᠷᠢᠰᠦᠯᠳᠦᠭᠰᠡᠨ ᠪᠤᠯᠪᠠᠴᠤ ᠬᠣᠶᠠᠷ ᠠᠩᠭᠢ ᠵᠢᠨ ᠬᠢᠨ ᠮᠥᠨᠬᠦ ᠬᠠᠷᠢᠯᠴᠠᠨ ᠡᠭᠦᠳᠡ ᠡᠪᠳᠡᠵᠦ ᠪᠥᠮᠪᠦᠭᠡ ᠤᠷᠤᠭᠤᠯᠵᠤ ᠳᠡᠢᠯᠦᠭᠰᠡᠨ᠎ᠦᠭᠡᠢ᠂ ᠪᠦᠬᠦ᠌ ᠲᠠᠯᠠᠪᠠᠢ᠎ᠶ᠋ᠢᠨ ᠤᠷᠤᠯᠳᠤᠭᠠᠨ᠎ᠨᠢ ᠡᠴᠦᠰ᠎ᠲᠡᠬᠡᠨ 0 ᠄ 0 ᠪᠡᠷ ᠬᠠᠢᠨᠴᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号