ᠡᠯᠡᠰᠤᠷᠭᠡᠭᠵᠢᠯ᠎ᠢ ᠰᠡᠷᠭᠡᠢᠯᠡᠨ ᠡᠯᠡᠰᠤ᠎ᠵᠢ ᠵᠠᠰᠠᠬᠤ᠎ᠳᠤ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠴᠢᠬᠤᠯᠠ ᠲᠤᠯᠭᠠᠭᠤᠷᠢᠯᠠᠯ ᠪᠤᠯᠳᠠᠭ᠃ ᠬᠦᠮᠤᠨ᠎ᠤ ᠬᠦᠴᠤ ᠪᠠᠷ ᠮᠤᠳᠤ ᠲᠠᠷᠢᠬᠤ ᠡᠴᠡ ᠮᠠᠰᠢᠨ ᠬᠦᠮᠤᠨ ᠮᠤᠳᠤ ᠲᠠᠷᠢᠬᠤ ᠬᠦᠷᠳᠡᠯ᠎ᠠ᠂ ᠲᠦᠷᠪᠡᠯᠵᠢ ᠡᠪᠡᠰᠤ ᠡᠴᠡ ᠡᠲᠸᠨ ᠤ ᠪᠦᠭᠡᠭᠡᠨᠠᠪᠤᠷᠢᠵᠢᠨ ᠲᠤᠤᠷ᠎ᠤᠨ ᠡᠯᠡᠰᠤᠨ ᠬᠠᠯᠬᠠᠪᠴᠢ ᠬᠦᠷᠳᠡᠯ᠎ᠠ ᠴᠦᠮ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠤᠨ ᠰᠢᠳ᠋ᠢ ᠬᠦᠴᠤᠨ ᠢ᠋ ᠲᠤᠳᠤᠷᠠᠭᠤᠯᠵᠤ᠂ ᠰᠢᠨ᠎ᠠ ᠮᠡᠷᠭᠡᠵᠢᠯ᠂ ᠰᠢᠨ᠎ᠠ ᠮᠠᠲᠸᠷᠢᠶᠠᠯ ᠪᠤᠯᠤᠨ ᠰᠢᠨ᠎ᠠ ᠠᠷᠭ᠎ᠠ ᠮᠠᠰᠢ ᠴᠢᠬᠤᠯᠠ ᠦᠢᠯᠡᠳᠤᠯ ᠦᠵᠡᠬᠦᠯᠵᠤ ᠪᠠᠢᠨ᠎ᠠ ᠭᠡᠳᠡᠭ᠎ᠢ ᠦᠨᠤᠳᠤᠷ᠎ᠤᠨ ᠦᠪᠤᠷ ᠮᠤᠡᠭᠭᠤᠯ᠎ᠤᠨ ᠡᠯᠡᠰᠤᠷᠭᠡᠭᠵᠢᠯ ᠢ ᠰᠡᠷᠭᠡᠢᠯᠡᠨ ᠡᠯᠡᠰᠤ᠎ᠵᠢ ᠵᠠᠰᠠᠭᠰᠠᠨ ᠦᠢᠯᠡᠳᠤᠯᠭᠡ ᠭᠡᠷᠡᠴᠢᠯᠡᠵᠤ ᠪᠠᠢᠭ᠎ᠠ ᠶᠤᠮ᠃
ᠨᠡᠭᠦᠳᠡᠯ ᠡᠯᠡᠰᠤᠨ᠎ᠳᠤ ᠳᠣᠬᠢᠭᠤᠷ ᠲᠤᠯᠤᠭᠠᠨ ᠣᠲᠣ ᠳᠠᠭᠠᠭᠤᠯᠢ ᠤᠳᠤᠨ ᠤ᠋ ᠵᠠᠮᠴᠢᠯᠠᠬᠤ ᠰᠢᠰᠲᠧᠮᠳᠤ ᠮᠠᠰᠢᠨ ᠮᠧᠬᠠᠨᠢᠭ ᠢ᠋ ᠬᠡᠷᠡᠭᠯᠡᠵᠤ᠂ ᠡᠯᠡᠰᠦᠨ ᠴᠦᠯ ᠳ᠋ᠤ ᠵᠠᠮᠠᠭ ᠤᠷᠭᠤᠮᠠᠯ ᠤ᠋ᠨ ᠵᠣᠬᠢᠶᠠᠮᠠᠯ ᠪᠦᠷᠭᠦᠪᠴᠢ ᠪᠠᠷ ᠡᠯᠡᠰᠦ ᠵᠢ ᠲᠦᠷᠭᠡᠨ ᠲᠣᠭᠲᠠᠪᠤᠷᠢᠵᠢᠭᠤᠯᠪᠠ︔ ᠭᠠᠩ ᠬᠠᠭᠤᠷᠠᠶ ᠡᠯᠡᠰᠦᠷᠬᠡᠭ ᠣᠷᠣᠨ ᠳ᠋ᠤ ᠭᠦᠨ ᠵᠠᠢᠯᠠᠵᠤ ᠭᠦᠶᠦᠭᠡᠨ ᠪᠤᠯᠠᠵᠤ ᠤᠰᠤ ᠠᠷᠪᠢᠯᠠᠵᠤ ᠤᠢᠵᠢᠭᠤᠯᠬᠤ ᠮᠡᠷᠭᠡᠵᠢᠯ ᠢ᠋ ᠳᠡᠯᠭᠡᠷᠡᠭᠦᠯᠪᠡ︔ ᠶᠡᠬᠡ ᠬᠡᠪᠴᠢᠶ᠎ᠡ ᠪᠡᠷ ᠡᠯᠡᠰᠦᠷᠬᠡᠭᠵᠢᠭᠰᠡᠨ ᠭᠠᠵᠠᠷ ᠲᠦ᠍ ᠬᠡᠷᠡᠯᠴᠢ ᠴᠡᠨᠡᠭ ᠤ᠋ᠨ ᠪᠣᠰᠣᠭ᠎ᠠ ᠴᠣᠭᠴᠠᠲᠤ ᠵᠠᠰᠠᠯᠲᠠ ᠵᠢ ᠬᠡᠷᠡᠭᠵᠢᠭᠦᠯᠪᠡ︔ ᠳᠠᠴᠢᠷᠳᠠᠭᠰᠠᠨ ᠪᠡᠯᠴᠢᠭᠡᠷ ᠨᠤᠳᠤᠭ ᠲᠦ᠍ ᠨᠤᠳᠤᠭ ᠤ᠋ᠨ ᠡᠭᠦᠯᠳᠡᠷ ᠤ᠋ᠨ ᠦᠷ᠎ᠡ ᠵᠢ ᠬᠡᠷᠡᠭᠯᠡᠨ ᠤᠷᠭᠤᠮᠠᠯ ᠤ᠋ᠨ ᠬᠤᠴᠢᠯᠭ᠎ᠠ ᠵᠢ ᠵᠠᠰᠠᠨ ᠰᠡᠷᠭᠦᠭᠡᠪᠡ︔ ᠪᠥᠬᠥ ᠴᠠᠷᠠᠭᠠᠨ ᠤ᠋ ᠢᠵᠢ ᠪᠥᠷᠢᠳᠦᠭᠰᠡᠨ 《ᠤᠶᠤᠨᠳᠤ ᠶᠡᠭᠡ ᠳᠠᠷᠢᠬᠢ》 ᠪᠡᠷ ᠣᠨᠣᠴᠠᠲᠠᠶ ᠪᠠᠷ ᠬᠠᠮᠢᠶᠠᠷᠤᠨ ᠡᠵᠡᠮᠳᠡᠪᠡ ᠁ ᠦᠪᠤᠷ ᠮᠤᠡᠭᠭᠤᠯ ᠭᠠᠵᠠᠷ ᠤᠷᠤᠨ᠎ᠤ ᠪᠠᠢᠳᠠᠯ᠎ᠳᠠᠭᠠᠨ ᠲᠤᠬᠢᠷᠠᠭᠤᠯᠵᠤ᠂ ᠡᠯᠡᠰᠤᠷᠭᠡᠭᠵᠢᠯ᠎ᠢ ᠰᠡᠷᠭᠡᠢᠯᠡᠨ ᠡᠯᠡᠰᠤ᠎ᠵᠢ ᠵᠠᠰᠠᠬᠤ ᠲᠤᠮᠳᠠ ᠮᠠᠰᠢ ᠤᠯᠠᠨ ᠪᠦᠳᠤᠮᠵᠢᠳᠠᠢ ᠵᠠᠬᠪᠤᠷ ᠪᠠ ᠠᠷᠭ᠎ᠠ ᠬᠢᠳᠠᠯ ᠢ ᠬᠠᠢᠨ ᠰᠦᠪᠡᠭᠴᠢᠯᠡᠵᠤ᠂ ᠪᠠᠰᠠ ᠴᠦᠭᠡᠨ ᠪᠤᠰᠤ 《ᠰᠢᠳᠢᠳᠤ ᠵᠡᠪᠰᠡᠭ》 ᠪᠠ 《ᠰᠠᠢᠨ ᠵᠤᠷ》 ᠢ᠋ ᠬᠠᠨᠳᠢᠪᠯᠠᠭᠰᠠᠨ ᠨᠢ ᠦᠨᠡᠨᠳᠠᠢ᠃
ᠦᠪᠤᠷ ᠮᠤᠡᠭᠭᠤᠯ᠎ᠤᠨ ᠡᠯᠡᠰᠤᠷᠭᠡᠭᠵᠢᠯ ᠢ ᠰᠡᠷᠭᠡᠢᠯᠡᠨ ᠡᠯᠡᠰᠤ᠎ᠵᠢ ᠵᠠᠰᠠᠬᠤ ᠰᠢᠨ᠎ᠠ ᠮᠡᠷᠭᠡᠵᠢᠯ᠎ᠤᠨ ᠦᠢᠯᠡᠳᠤᠯᠭᠡ ᠨᠢ ᠮᠡᠷᠭᠡᠵᠢᠯ᠎ᠤᠨ ᠠᠷᠭ᠎ᠠ ᠪᠠᠷᠢᠯ ᠤᠨ ᠰᠤᠯᠢᠬᠳᠠᠯ ᠪᠤᠯᠬᠤ ᠪᠡᠷ ᠪᠠᠷᠠᠬᠤ ᠦᠭᠡᠢ᠂ ᠨᠠᠡᠭ ᠴᠦ᠍ ᠠᠮᠢ ᠠᠬᠤᠢ᠎ᠵᠢᠨ ᠪᠤᠯᠪᠠᠰᠤᠨ ᠤ ᠦᠢᠯᠡᠭᠠᠭᠳᠠᠬᠤᠨᠤ᠋ ᠪᠤᠳᠠᠳᠠᠢ ᠢᠯᠡᠷᠡᠯ ᠪᠤᠯᠬᠤ ᠶᠤᠮ᠃ ᠦᠪᠤᠷ ᠮᠤᠡᠭᠭᠤᠯ ᠡᠯᠡᠰᠤᠷᠭᠡᠭᠵᠢᠯ ᠢ ᠰᠡᠷᠭᠡᠢᠯᠡᠨ ᠡᠯᠡᠰᠤ᠎ᠵᠢ ᠵᠠᠰᠠᠬᠤ᠎ᠳᠤ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠤᠨ ᠲᠤᠯᠭᠠᠭᠤᠷᠢᠯᠡᠯᠢ ᠦᠷᠬᠦᠯᠵᠢᠯᠡᠨ ᠴᠢᠡᠭᠭᠠᠳᠬᠠᠵᠤ᠂ ᠰᠢᠨ᠎ᠠ᠎ᠵᠢ ᠡᠬᠦᠳᠬᠦ ᠲᠠᠯᠳᠠ ᠬᠦᠴᠤᠨ ᠢ ᠬᠦᠭᠵᠢᠭᠡᠵᠤ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ᠠᠮᠢᠵᠢᠷᠠᠯ᠎ᠤᠨ ᠬᠦᠴᠤᠨ᠎ᠢ ᠪᠠᠳᠠᠷᠠᠭᠤᠯᠤᠨ᠂ ᠨᠠᠡᠭ ᠤᠯᠠᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠤᠨ ᠦᠷ᠎ᠠ ᠪᠦᠳᠤᠭᠡᠯ ᠢ ᠡᠯᠡᠰᠤᠷᠭᠡᠭᠵᠢᠯ᠎ᠢ ᠰᠡᠷᠭᠡᠢᠯᠡᠨ ᠡᠯᠡᠰᠤ᠎ᠵᠢ ᠵᠠᠰᠠᠬᠤ ᠦᠢᠯᠡᠳᠤᠯᠭᠡ ᠳ᠋ᠤ ᠭᠡᠷᠡᠭᠯᠡᠬᠦᠯᠵᠤ᠂ ᠠᠮᠢ ᠠᠬᠤᠢ᠎ᠵᠢ ᠬᠠᠮᠠᠭᠠᠯᠠᠬᠤ᠎ᠵᠢᠨ ᠬᠠᠮᠳᠤ ᠴᠢᠨᠠᠷ ᠰᠠᠢᠳᠠᠢ ᠬᠦᠭᠵᠢᠯᠳᠠ᠎ᠵᠢ ᠠᠬᠢᠭᠤᠯᠤᠨ᠂ 《ᠤᠮᠠᠷᠠᠳᠤ᠎ᠵᠢᠨ ᠭᠤᠷᠪᠠᠨ ᠤᠷᠤᠨ》 ᠵᠡᠷᠭᠡ ᠭᠤᠤᠯᠳᠠᠯᠭ᠎ᠠ ᠲᠠᠢ ᠠᠮᠢ ᠠᠬᠤᠢ᠎ᠵᠢᠨ ᠢᠨᠵᠸᠨ᠋ᠸᠷᠢᠡᠭ᠎ᠤᠨ ᠪᠦᠳᠤᠭᠡᠨ ᠪᠠᠢᠭᠤᠯᠤᠯᠳᠠ᠎ᠵᠢ ᠲᠦᠷᠭᠡᠳᠭᠡᠵᠤ᠂ ᠮᠠᠨ᠎ᠤ ᠤᠯᠤᠰ᠎ᠤᠨ ᠤᠮᠠᠷᠠᠳᠤ ᠵᠢᠨ ᠴᠢᠬᠤᠯᠠ ᠠᠮᠢ ᠠᠬᠤᠢ᠎ᠵᠢᠨ ᠠᠮᠤᠷ ᠲᠦᠪᠰᠢᠨ᠎ᠤ ᠬᠠᠯᠬᠠᠪᠴᠢ ᠵᠢ ᠨᠠᠡᠭ ᠪᠠᠳᠤ ᠴᠤᠭᠴᠠᠯᠠᠬᠤ ᠨᠢ ᠯᠠᠪᠳᠠᠢ᠃