ᠬᠦᠮᠡᠯᠢ ᠳᠠᠭᠠᠨ᠎ᠠ᠂ ᠠᠬᠢ ᠰᠤᠯᠢ᠂ ᠪᠤᠳᠠ ᠰᠢᠪᠠᠭ ᠵᠡᠷᠭᠡ ᠭᠠᠩ ᠬᠠᠭᠰᠠᠷᠠᠭᠠᠨ ᠳ᠋ᠥ ᠳᠠᠭᠠᠭᠠᠴᠠ ᠳᠠᠢ ᠰᠢᠮᠡᠯᠢᠭ ᠤᠷᠭᠤᠮᠠᠯ ᠲᠦᠯᠵᠢᠬᠦᠯᠦᠭᠰᠡᠨ ᠦᠷᠭᠡᠨ ᠠᠭᠤᠳᠠᠮ ᠳᠠᠯ᠎ᠠ ᠭᠣᠪᠢ ᠪᠡᠷ ᠰᠦᠨᠢᠳ ᠬᠤᠨᠢ ᠳᠠᠷᠬᠠᠨ ᠪᠡᠯᠴᠢᠵᠦ᠂ ᠦᠷᠡᠵᠢᠯ ᠰᠢᠮ᠎ᠡ ᠪᠠᠷ ᠢ᠋ᠶ᠋ᠠᠨ ᠮᠠᠯᠴᠢᠨ ᠲᠦᠮᠡᠨ ᠢ᠋ᠶ᠋ᠠᠨ ᠮᠠᠩᠨᠠᠢ ᠲᠡᠨᠢᠢᠯᠭᠡᠵᠤ ᠢᠷᠡᠭᠰᠡᠨ ᠳᠡᠳᠦᠢ ᠦᠬᠡᠢ ᠳᠤᠬᠠᠢ ᠶ᠋ᠢᠨ ᠭᠠᠵᠠᠷᠤᠨ ᠠᠵᠤ ᠦᠢᠯᠡᠰᠤᠨ ᠬᠦᠭᠵᠢᠯᠳᠡ ᠶ᠋ᠢᠨ ᠴᠢᠬᠤᠯᠠ ᠵᠦᠢᠯ ᠪᠤᠯᠵᠤ ᠪᠠᠢᠭ᠎ᠠ ᠪᠢᠯᠡ᠃
《ᠮᠠᠯᠤᠷ ᠦᠳᠡᠬᠡ ᠬᠤᠨᠢ》 ᠬᠡᠮᠡᠭᠳᠡᠭᠰᠡᠨ ᠰᠥᠨᠢᠳ ᠬᠤᠨᠢᠨ ᠮᠢᠬ᠎ᠠ ᠨᠢ ᠤᠯᠤᠰᠤᠨ ᠭᠠᠵᠠᠷ ᠵᠦᠶ ᠶᠢᠨ ᠢᠯᠡᠷᠬᠡᠢᠯᠡᠯᠳᠦ ᠲᠠᠸᠠᠷ ᠤᠨ ᠪᠦᠳᠦᠬᠡᠭᠳᠡᠬᠦᠨ ᠵᠢᠡᠷ ᠳᠠᠩᠰᠠᠯᠠᠭᠳᠠᠭᠰᠠᠨᠢ ᠳᠠᠶᠠᠭᠠᠷ ᠮᠡᠳᠡᠨ᠎ᠠ᠃ ᠰᠥᠨᠢᠳ ᠬᠤᠨᠢᠨ ᠮᠢᠬ᠎ᠠ ᠵᠢ ᠴᠢᠨᠠᠬᠤ᠂ ᠰᠢᠷᠠᠬᠤ᠂ ᠬᠠᠭᠤᠷᠬᠤ ᠵᠡᠷᠭᠡ ᠮᠠᠰᠢ ᠤᠯᠠᠨ ᠶᠠᠩᠵᠤ ᠪᠠᠷ ᠠᠮᠳᠠᠳᠤ ᠢᠳᠡᠭᠡᠨ ᠤ ᠭᠡᠷᠡᠭᠯᠡᠭᠡᠨ ᠳ᠋ᠥ ᠭᠡᠷᠡᠭᠯᠡᠵᠦ ᠪᠤᠯᠬᠤ ᠮᠦᠷᠳᠡᠭᠡᠨ ᠰᠢᠩᠭᠡᠭ ᠦᠨᠦᠷ ᠦᠬᠡᠢ᠂ ᠵᠦᠬᠡᠯᠡᠨ ᠪᠤᠯᠬᠤᠷ ᠬᠠᠯᠠᠭᠤᠨ ᠲᠣᠭᠣᠭ᠎ᠠ ᠬᠢᠬᠦᠳᠦ ᠤᠨᠴᠠᠭᠠᠢ ᠲᠣᠬᠢᠷᠠᠮᠵᠢᠲᠠᠶ᠃ ᠳᠡᠦᠬᠡᠨ ᠳ᠋ᠥ ᠶᠤᠸᠠᠨ᠂ ᠮᠢᠩ᠂ ᠴᠢᠩ ᠤᠯᠤᠰᠤᠨ ᠦᠶ᠎ᠡ ᠳ᠋ᠥ ᠬᠠᠭᠠᠨᠤ ᠣᠷᠳᠣᠨ ᠤ ᠲᠠᠬᠢᠯ ᠳ᠋ᠥ ᠭᠡᠷᠡᠭᠯᠡᠭᠳᠡᠵᠦ᠂ ᠪᠡᠭᠡᠵᠢᠩ ᠦᠨ《ᠳ᠋ᠦᠩ ᠯᠠᠶ ᠱᠦᠨ ᠵᠤᠭᠤᠭᠤᠨ ᠭᠠᠵᠠᠷ》ᠤᠨ ᠬᠠᠯᠠᠭᠤᠨ ᠲᠣᠭᠣᠭᠠᠶᠢᠨ ᠲᠤᠰᠬᠠᠶ ᠵᠤᠷᠢᠭᠤᠯᠤᠯᠳᠠ ᠳᠠᠢ ᠬᠣᠨᠢᠨ ᠮᠢᠬ᠎ᠠ ᠪᠡᠷ ᠬᠡᠷᠡᠭᠯᠡᠭᠳᠡᠳᠡᠭ᠃

ᠰᠥᠨᠢᠳ ᠬᠤᠨᠢ ᠨᠢ ᠪᠡᠶ᠎ᠡ ᠪᠢᠯᠳᠠᠷ ᠲᠣᠮᠣ᠌᠂ ᠬᠦᠵᠦᠬᠦᠦ ᠪᠤᠭᠤᠨᠢ᠂ ᠳᠥᠷᠪᠡᠨ ᠮᠥᠴᠢ ᠳᠤᠷᠪᠢᠯᠢᠭ᠋᠂ ᠭᠤᠶᠠᠨᠢ ᠮᠢᠬᠠᠯᠢᠭ᠋᠂ ᠰᠡᠬᠦᠯ ᠪᠠᠭᠠᠳᠠᠢ᠂ ᠬᠠᠷ᠎ᠠ ᠨᠢᠳᠦᠨ᠂ ᠬᠠᠷ᠎ᠠ ᠬᠠᠯᠵᠠᠨ ᠵᠡᠷᠭᠡ ᠵᠢᠰᠦᠮ ᠢ᠋ᠶ᠋ᠠᠷ ᠭᠤᠤᠯᠯᠠᠳᠠᠭ᠃ ᠰᠥᠨᠢᠳ ᠬᠣᠨᠢ ᠭᠠᠩ ᠬᠠᠭᠰᠠᠷᠠᠭᠠᠨ᠂ ᠬᠦᠢᠲᠡᠨᠳᠦ ᠲᠡᠰᠪᠦᠷᠢᠲᠡᠢ᠂ ᠡᠪᠡᠳᠴᠢᠨ ᠡᠰᠡᠷᠭᠦᠴᠡᠬᠦ ᠴᠢᠳᠠᠪᠤᠷᠢ ᠰᠠᠶ᠋ᠢᠨ᠂ ᠪᠡᠯᠴᠢᠭᠡᠷᠯᠡᠭᠦᠯᠦᠨ ᠮᠠᠯᠵᠢᠬᠤ ᠳ᠋ᠤ᠌ ᠲᠣᠬᠢᠷᠠᠮᠵᠢᠲᠠᠢ᠂ ᠲᠤᠬᠠᠢᠶᠢᠨ ᠭᠠᠵᠠᠷᠤᠨ ᠭᠠᠩ ᠬᠠᠭᠤᠷᠠᠢ ᠬᠠᠬᠢᠷ ᠬᠦᠢᠲᠡᠨ ᠠᠭᠤᠷ ᠠᠮᠢᠰᠬᠤᠯ ᠪᠠ ᠡᠯᠡᠰᠦ ᠳᠠᠯ᠎ᠠ ᠭᠤᠪᠢ ᠠᠯᠠᠭᠯᠠᠭᠰᠠᠨ ᠰᠦᠨᠢᠳ ᠨᠤᠳᠤᠭ ᠤᠨ ᠪᠡᠯᠴᠢᠭᠡᠷᠲᠦ ᠮᠠᠰᠢ ᠰᠠᠶ᠋ᠢᠨ ᠵᠣᠬᠢᠴᠠᠳᠠᠭ᠃ ᠤᠳᠤᠮᠰᠢᠯᠤᠨ ᠴᠢᠨᠠᠷ ᠨᠢ ᠲᠣᠭᠲᠠᠭᠤᠨ᠂ ᠥᠰᠥᠯᠲᠡ ᠨᠢ ᠲᠦᠷᠭᠡᠨ᠂ ᠪᠣᠶ᠋ᠢᠵᠢᠯᠲᠠ ᠨᠢ ᠰᠠᠶ᠋ᠢᠨ᠂ ᠦᠷᠡᠵᠢᠯᠲᠡ ᠤᠨᠳᠤᠷᠤᠯᠳᠠᠶᠢᠨ ᠨᠣᠷᠮ᠎ᠠ ᠪᠠᠷ ᠮᠠᠰᠢ ᠥᠨᠳᠥᠷ ᠪᠠᠢᠳᠠᠭ᠃

ᠰᠥᠨᠢᠳ ᠬᠣᠨᠢ ᠨᠢ ᠵᠢᠯᠦᠨ ᠳᠥᠷᠪᠡᠨ ᠤᠯᠠᠷᠢᠯᠳᠤ᠂ ᠡᠳᠦᠷᠲᠦ 20 ᠺᠢᠯᠣᠮᠧᠲᠷ ᠪᠡᠯᠴᠢᠳᠡᠭ ᠢ᠋ᠶ᠋ᠠᠷ ᠢ᠋ᠶ᠋ᠠᠨ ᠪᠠᠰᠠ《ᠮᠠᠷᠠᠰᠤᠨ ᠬᠣᠨᠢ》 ᠬᠡᠮᠡᠭᠳᠡᠵᠦ᠂ ᠤᠷᠲᠤ ᠬᠤᠭᠤᠴᠠᠭᠠᠪᠠᠷ ᠪᠡᠯᠴᠢᠬᠡᠷᠯᠡᠬᠦᠯᠦᠨ ᠮᠠᠯᠵᠢᠭ᠍ᠰᠠᠨ ᠰᠥᠨᠢᠳ ᠬᠤᠨᠢᠨ ᠮᠢᠬ᠎ᠠ ᠨᠢ ᠥᠭᠡᠬᠦ ᠪᠠᠭᠠᠲᠠᠢ᠂ ᠮᠢᠬᠠᠨᠤ ᠴᠢᠨᠠᠷ ᠨᠢ ᠰᠠᠢᠨ᠂ ᠰᠢᠨ᠎ᠡ ᠰᠣᠷᠭᠣᠭ ᠰᠢᠭᠦᠰᠦᠯᠢᠭ᠂ ᠰᠢᠩᠭᠡᠭ ᠦᠨᠦᠷ ᠦᠭᠡᠢ᠂ ᠮᠢᠬᠠᠨᠤ ᠳᠠᠪᠬᠤᠷᠭ᠎ᠠ ᠨᠢ ᠵᠤᠵᠠᠭᠠᠨ ᠨᠢᠭ᠍ᠲᠠ᠂ ᠤᠭᠤᠷᠠᠭ ᠥᠨᠳᠥᠷ᠂ ᠬᠠᠷ᠎ᠠ ᠮᠢᠬᠠᠨᠤ ᠬᠡᠮᠵᠢᠶ᠎ᠡ ᠶᠡᠬᠡ᠂ ᠪᠤᠯᠴᠢᠩᠤᠨ ᠬᠣᠭᠣᠷᠣᠨᠳᠣᠬᠢ ᠥᠭᠡᠬᠦ ᠨᠢ ᠵᠢᠭᠳᠡ᠂ ᠰᠢᠩᠭᠡᠭᠡᠬᠦ ᠳᠦ ᠬᠢᠯᠪᠠᠷ ᠵᠡᠷᠭᠡ ᠳᠠᠪᠠᠭᠤ ᠲᠠᠯᠠᠲᠠᠢ ᠪᠠᠢᠵᠤ᠂ ᠬᠥᠮᠦᠨᠦ ᠪᠡᠶᠡᠳᠦ ᠱᠠᠭᠠᠷᠳᠠᠭᠳᠠᠬᠤ ᠪᠦᠬᠦ ᠲᠥᠷᠥᠯᠦᠨ ᠠᠮᠢᠨᠣ᠋ ᠬᠦᠴᠢᠯ ᠪᠣᠯᠤᠨ ᠥᠭᠡᠬᠦᠨ ᠬᠦᠴᠢᠯ ᠡᠯᠪᠡᠭ ᠪᠠᠶ᠋ᠢᠳᠠᠭ᠃ ᠰᠥᠨᠢᠳ ᠬᠣᠨᠢᠨᠤ ᠮᠢᠬ᠎ᠠ ᠪᠣᠯᠤᠨ ᠳᠣᠲᠣᠷ ᠴᠤᠯᠤᠨᠢ ᠬᠥᠮᠦᠨᠦ ᠵᠢᠷᠦᠬᠡ᠂ ᠲᠠᠷᠢᠬᠢ ᠪᠣᠯᠤᠨ ᠦᠷᠡᠵᠢᠯᠦᠨ ᠰᠢᠰᠲᠸᠮᠳᠦ ᠳᠤᠩ ᠰᠠᠢᠨ ᠪᠥᠭᠡᠳ ᠥᠭᠡᠬᠦᠨᠦ ᠰᠣᠯᠢᠯᠴᠠᠭᠠᠶᠢ ᠰᠠᠶ᠋ᠢᠵᠢᠷᠠᠭᠤᠯᠵᠤ᠂ ᠪᠤᠯᠴᠢᠩ ᠨᠡᠮᠡᠭᠳᠡᠬᠦᠯᠵᠦ ᠮᠠᠷᠢᠶ᠎ᠠ ᠰᠢᠭᠤᠷᠠᠭᠤᠯᠬᠤ ᠦᠢᠯᠡᠳᠦᠯ ᠲᠡᠢ ᠪᠤᠯ ᠰᠥᠨᠢᠳ ᠬᠣᠨᠢᠨ ᠤ ᠰᠡᠭᠦᠯᠦᠨ ᠥᠭᠡᠬᠦᠨᠳᠦ ᠠᠭᠤᠯᠤᠭᠳᠠᠬᠤ ᠰᠥᠰᠥᠨᠦ ᠭᠤᠨᠠᠨ ᠠᠯᠺᠣᠣᠯ ᠨᠢ ᠬᠠᠮᠤᠭ ᠳᠣᠣᠷ᠎ᠠ᠂ ᠴᠠᠪᠠᠤᠯᠢᠭ᠋ ᠤᠭᠤᠷᠠᠭ ᠵᠡᠷᠬᠡ ᠨᠢ ᠬᠥᠮᠦᠨᠦ ᠪᠡᠶ᠎ᠡᠶᠢᠨ ᠰᠢᠮ᠎ᠡ ᠲᠡᠵᠢᠭᠡᠯᠦᠨ ᠬᠡᠷᠡᠭᠴᠡᠭᠡᠳᠦ ᠮᠠᠰᠢ ᠲᠣᠬᠢᠷᠠᠳᠠᠭ ᠠᠵᠢ᠃