ᠢᠷᠠᠭᠤ ᠡᠷᠬᠢᠮᠰᠦᠭ ᠠᠶᠠᠯᠭᠤ — ᠠᠪᠠᠭ᠎ᠠ ᠴᠤᠭᠤᠷ
2026-07-24 10:45:45
ᠵᠣᠬᠢᠶᠠᠭ᠍ᠴᠢ᠄
ᠯᠢ ᠬᠠᠢ ᠰᠢᠶᠡ
ᠣᠩᠱᠢᠭ᠍ᠰᠠᠨ ᠣᠳᠠᠭ᠎ᠠ᠄
★★★☆☆

downLoad-20260724110418.jpg


ᠠᠪᠠᠭ᠎ᠠ ᠬᠣᠰᠢᠭᠤ ᠪᠣᠯ ᠪᠣᠳᠠᠰ᠎ᠤᠨ ᠪᠤᠰᠤ ᠰᠣᠶᠣᠯ᠎ᠤᠨ ᠥᠪ ᠪᠤᠯᠬᠤ᠎ᠴᠤᠭᠤᠷ ᠳᠠᠭᠤᠤ ᠶ᠋ᠢᠨ ᠥᠯᠥᠭᠡᠢ ᠶᠤᠮ᠃ ᠠᠪᠠᠭ᠎ᠠ ᠬᠣᠰᠢᠭᠤ ᠨᠢ 2006 ᠣᠨ᠎ᠳᠤ ᠥᠪᠡᠷᠲᠡᠭᠡᠨ ᠵᠠᠰᠠᠬᠤ ᠣᠷᠣᠨ᠎ᠤ  《ᠴᠤᠭᠤᠷ᠎ᠤᠨ ᠥᠯᠥᠭᠡᠢ》 ᠎ᠪᠠᠷ ᠨᠡᠷᠡᠢᠳᠦᠭᠳᠡᠵᠦ᠂ 《ᠠᠪᠠᠭ᠎ᠠ ᠴᠤᠭᠤᠷ ᠳᠠᠭᠤᠤ》 ᠵᠢᠨ ᠰᠣᠶᠣᠯ᠎ᠤᠨ ᠠᠮᠢ ᠠᠬᠤᠢ ᠵᠢᠨ ᠬᠠᠮᠠᠭᠠᠯᠠᠯᠲᠠ ᠵᠢᠨ ᠣᠷᠣᠨ ᠵᠶ᠋ᠠᠷ ᠲᠣᠭᠲᠠᠭᠠᠭᠳᠠᠵᠦ᠂ 2010 ᠣᠨ᠎ᠳᠤ ᠴᠤᠭᠤᠷ ᠳᠠᠭᠤᠤ ᠨᠢ ᠤᠯᠤᠰ᠎ᠤᠨ ᠲᠡᠰ᠎ᠦᠨ ᠪᠤᠳᠠᠰ᠎ᠤᠨ ᠪᠤᠰᠤ ᠰᠤᠶᠤᠯ᠎ᠤᠨ ᠥᠪ᠎ᠦᠨ ᠲᠥᠷᠦᠯ᠎ᠳᠦ ᠰᠤᠩᠭᠤᠭᠳᠠᠨ ᠣᠷᠣᠪᠠ᠃

ᠠᠪᠠᠭ᠎ᠠ ᠴᠤᠭᠤᠷ ᠳᠠᠭᠤᠤ ᠪᠣᠯ ᠳᠡᠯᠡᠬᠡᠢ᠎ᠳᠤ ᠮᠡᠳᠡᠷᠡᠭᠳᠡᠭᠰᠡᠨ ᠲᠥᠷᠪᠡᠨ ᠴᠤᠭᠤᠷ ᠲᠠᠭᠤᠤ ᠵᠢᠨ ᠨᠢᠭᠡ ᠪᠤᠯᠬᠤ ᠮᠥᠷᠲᠡᠭᠡᠨ ᠲᠤᠮᠳᠠᠳᠤ ᠤᠯᠤᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠦᠷᠦᠯ ᠪᠠᠢᠵᠤ᠂ ᠪᠦᠭᠦ ᠬᠥᠮᠥᠨ ᠲᠥᠷᠥᠯᠬᠢᠲᠡᠨ᠎ᠤ ᠢᠵᠠᠭᠤᠷ ᠤᠷᠠᠯᠢᠭ᠋᠎ᠤᠨ ᠨᠢᠭᠡᠨ ᠭᠢᠯᠠᠰ ᠴᠡᠭ ᠪᠣᠯᠣᠨ᠎ᠠ᠃ ᠮᠦᠨ ᠴᠤ᠌ ᠳᠤᠮᠳᠠᠳᠤ᠎ᠶᠢᠨ ᠦᠨᠳᠦᠰᠦᠲᠡᠨ᠎ᠤ ᠰᠢᠯᠢᠳᠡᠭ ᠤᠯᠠᠮᠵᠢᠯᠠᠯᠲᠤ ᠰᠣᠶᠣᠯ ᠳᠤᠮᠳᠠᠬᠢ ᠣᠷᠣᠯᠠᠭᠤᠯᠵᠤ ᠪᠣᠯᠤᠰᠢ ᠥᠬᠡᠶ ᠤᠷᠠᠯᠢᠭ᠋᠎ᠤᠨ ᠦᠨᠡᠲᠦ ᠡᠷᠳᠡᠨᠢ᠃ ᠮᠣᠩᠭᠤᠯ ᠦᠨᠳᠦᠰᠦᠲᠡᠨ᠎ᠤ ᠤᠯᠠᠮᠵᠢᠯᠠᠯᠲᠤ ᠳᠠᠭᠤᠤ ᠤᠷᠠᠯᠢᠭ᠋᠎ᠤᠨ ᠬᠡᠯᠪᠡᠷᠢ ᠪᠣᠯᠤᠭᠰᠠᠨ᠎ᠤ ᠬᠤᠪᠢ᠎ᠳᠤ᠂ ᠪᠠᠰᠠ ᠲᠠᠯ᠎ᠠ ᠨᠤᠲᠤᠭ᠎ᠤᠨ ᠨᠡᠭᠦᠳᠡᠯ ᠮᠠᠯᠵᠢᠯ᠎ᠤᠨ ᠪᠣᠯᠪᠠᠰᠤᠨ᠎ᠤ ᠲᠡᠤᠬᠡᠨ ᠳᠤᠷᠠᠰᠤᠮᠵᠢ ᠪᠠ ᠠᠮᠢ ᠠᠬᠤᠶ᠎ᠶᠢᠨ ᠣᠶᠤᠨ ᠤᠬᠠᠭᠠᠨ᠎ᠢ ᠠᠴᠢᠶᠠᠯᠠᠵᠤ ᠪᠠᠶ᠋ᠢᠳᠠᠭ᠃

ᠴᠤᠭᠤᠷ ᠳᠠᠭᠤᠤ ᠨᠢ ᠥᠪᠥᠷ ᠮᠣᠩᠭᠣᠯ᠎ᠤᠨ ᠰᠢᠯᠢ ᠵᠢᠨ ᠭᠣᠣᠯ ᠠᠢᠮᠠᠭ᠎ᠲᠤ ᠭᠤᠤᠯᠴᠠᠭᠤ ᠳᠠᠭᠤᠯᠠᠭᠳᠠᠳᠠᠭ᠃ ᠴᠤᠭᠤᠷ ᠳᠠᠭᠤᠤ ᠵᠢᠨ ᠳᠠᠭᠤᠯᠠᠬᠤ ᠭᠡᠯᠪᠡᠷᠢ ᠨᠢ ᠤᠷᠳᠤ ᠵᠢᠨ ᠳᠠᠭᠤᠤ ᠵᠢᠨ ᠳᠠᠭᠠᠭᠤᠯᠭ᠎ᠠ᠂ ᠴᠤᠭᠤᠷ᠎ᠤᠨ ᠬᠠᠪᠰᠤᠷᠤᠯᠭ᠎ᠠ᠂ ᠲᠦᠷᠢᠯᠭᠡ ᠪᠡᠷ ᠪᠦᠷᠢᠯᠳᠦᠳᠡᠭ᠃ ᠲᠡᠭᠦᠨ᠎ᠤ ᠳᠠᠭᠤᠯᠠᠬᠤᠢ ᠵᠢᠨ ᠬᠡᠪ ᠨᠠᠮᠪᠠ ᠨᠢ ᠡᠷᠬᠢᠮᠰᠦᠭ ᠢᠷᠠᠭᠤ᠂ ᠲᠥᠪ ᠶᠡᠬᠡᠮᠰᠦᠭ᠂ ᠮᠣᠩᠭᠣᠯ ᠦᠨᠳᠦᠰᠦᠲᠡᠨ᠎ᠤ ᠰᠣᠩᠭᠣᠳᠠᠭ ᠳᠠᠭᠤᠤ ᠬᠥᠭᠵᠢᠮ᠎ᠤᠨ ᠰᠣᠳᠣᠨ ᠪᠦᠲᠦᠭᠡᠯ ᠪᠠᠢᠵᠤ᠂ ᠲᠠᠯ᠎ᠠ ᠨᠤᠲᠤᠭ᠎ᠤᠨ ᠦᠨᠳᠦᠰᠦᠲᠡᠨ᠎ᠤ ᠥᠪᠡᠷᠮᠢᠴᠡ ᠣᠨᠴᠠᠯᠢᠭ᠍ᠲᠤ ᠳᠠᠭᠤᠤ ᠬᠥᠭᠵᠢᠮ᠎ᠤᠨ ᠭᠤᠸ᠎ᠠ ᠰᠠᠢᠬᠠᠨ ᠪᠠ ᠤᠷᠠᠯᠢᠭ᠋᠎ᠤᠨ ᠬᠥᠭᠡᠭᠡᠴᠡᠯᠳᠦᠯ᠎ᠢ ᠬᠠᠷᠠᠭᠤᠯᠳᠠᠭ᠃ ᠴᠤᠭᠤᠷ ᠳᠠᠭᠤᠤ ᠵᠢᠨ ᠳᠠᠭᠤᠯᠠᠬᠤ ᠭᠡᠯᠪᠡᠷᠢ ᠶ᠋ᠢ ᠪᠠᠶᠠᠯᠢᠭ᠍ᠵᠢᠭᠤᠯᠬᠤ ᠵᠢᠨ ᠲᠥᠯᠥᠭᠡ᠂ ᠤᠯᠠᠮᠵᠢᠯᠠᠯᠲᠤ ᠳᠠᠭᠤᠯᠠᠬᠤ ᠭᠡᠯᠪᠡᠷᠢ ᠵᠢᠨ ᠰᠠᠭᠤᠷᠢᠨ ᠳᠡᠭᠡᠷ᠎ᠡ ᠮᠣᠷᠢᠨ ᠬᠤᠭᠤᠷ᠎ᠤᠨ ᠬᠥᠭᠵᠢᠮ᠂ ᠮᠣᠩᠭᠣᠯ ᠦᠨᠳᠦᠰᠦᠲᠡᠨ᠎ᠤ ᠤᠯᠠᠮᠵᠢᠯᠠᠯᠲᠤ ᠪᠥᠵᠢᠭ ᠵᠡᠷᠭᠡ ᠶ᠋ᠢ ᠠᠭᠤᠰᠬᠠᠨ ᠰᠢᠩᠭᠡᠭᠡᠵᠦ᠂ ᠴᠤᠭᠤᠷ ᠳᠠᠭᠤᠤ ᠶ᠋ᠢ ᠠᠶᠠᠨᠳᠠᠭᠠᠨ ᠲᠠᠯ᠎ᠠ ᠨᠤᠲᠤᠭ᠎ᠤᠨ ᠬᠡᠪ ᠨᠠᠮᠪᠠ᠎ᠲᠠᠢ ᠰᠢᠨ᠎ᠡ ᠲᠤᠬ᠍ᠯᠠᠯᠳᠠ ᠵᠢᠨ ᠭᠡᠯᠪᠡᠷᠢ᠎ᠲᠠᠢ ᠪᠣᠯᠭᠠᠵᠠᠢ᠃

ᠡᠳᠦᠬᠡ᠂ ᠴᠤᠭᠤᠷ ᠳᠠᠭᠤᠤ ᠵᠢᠨ ᠤᠯᠠᠮᠵᠢᠯᠠᠯ ᠵᠠᠯᠭᠠᠮᠵᠢᠯᠠᠯ ᠤᠷᠢᠳᠤ ᠡᠮᠦᠨ᠎ᠡ ᠪᠠᠢᠭ᠎ᠠ ᠦᠭᠡᠢ ᠠᠵᠠ ᠳᠣᠬᠢᠶᠠᠯ ᠣᠷᠣᠰᠢᠵᠤ ᠪᠠᠢᠨ᠎ᠠ᠃ ᠤᠯᠤᠰ᠎ᠠᠴᠠ ᠳᠤᠮᠳᠠᠳᠤ᠎ᠶᠢᠨ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠬᠥᠭᠵᠢᠭᠦᠯᠬᠦ ᠢᠨᠵᠧᠨᠧᠷᠢᠩ᠎ᠢ ᠭᠦᠨᠵᠡᠭᠡᠶ ᠬᠡᠷᠡᠭᠵᠢᠭᠦᠯᠵᠦ᠂ ᠬᠠᠮᠠᠭᠠᠯᠠᠯᠲᠠ᠎ᠶᠢᠨ ᠣᠷᠣᠨ᠎ᠤ ᠪᠦᠲᠦᠭᠡᠨ ᠪᠠᠶ᠋ᠢᠭᠤᠯᠤᠯᠲᠠ᠎ᠳᠤ ᠦᠨᠳᠦᠰᠦᠨ ᠵᠢᠷᠤᠮᠯᠠᠯ ᠬᠠᠩᠭᠠᠪᠠ᠃ ᠰᠣᠶᠣᠯ ᠵᠢᠭᠤᠯᠴᠢᠯᠠᠯ᠎ᠢ ᠭᠦᠨᠵᠡᠭᠡᠶ ᠠᠭᠤᠰᠤᠯᠴᠠᠭᠤᠯᠤᠨ ᠬᠥᠭᠵᠢᠭᠦᠯᠬᠦ᠎ᠨᠢ ᠶᠡᠭᠡ ᠬᠠᠨᠳᠤᠰᠢ ᠪᠣᠯᠵᠣ᠌᠂ 《ᠴᠤᠭᠤᠷ᠎ᠦᠨ ᠳᠠᠭᠤᠤ ᠬᠥᠭᠵᠢᠮ᠎ᠤᠨ ᠡᠮᠴᠢᠯᠡᠭᠡ + ᠴᠡᠭᠡ ᠵᠢᠨ ᠵᠠᠰᠠᠯ + ᠪᠡᠶ᠎ᠠ ᠴᠢᠬᠢᠷᠠᠭᠵᠢᠯ》 ᠬᠡᠬᠦ ᠬᠠᠮ ᠬᠡᠯᠪᠡᠷᠢ᠎ᠶᠢᠨ ᠡᠷᠡᠭᠦᠯᠵᠢᠯ ᠰᠤᠪᠢᠯᠠᠯᠲᠠ᠎ᠶᠢᠨ ᠵᠠᠭᠪᠤᠷ᠎ᠨᠢ ᠵᠠᠬ᠎ᠠ ᠳᠡᠯᠭᠡᠭᠦᠷ᠎ᠤᠨ ᠬᠡᠷᠡᠭᠴᠡᠭᠡ᠎ᠳᠤ ᠪᠦᠷᠢᠨ ᠲᠡᠭᠦᠯᠳᠡᠷ ᠨᠡᠶ᠋ᠢᠴᠡᠵᠦ᠂ ᠳᠤᠮᠳᠠᠳᠤ ᠤᠯᠤᠰ᠎ᠤᠨ ᠳᠠᠭᠤᠤ ᠬᠥᠭᠵᠢᠮ᠎ᠤᠨ ᠳᠡᠭᠡᠳᠦ ᠰᠤᠷᠭᠠᠭᠤᠯᠢ ᠵᠡᠷᠭᠡ ᠶᠡᠭᠡ ᠳᠡᠭᠡᠳᠦ ᠰᠤᠷᠭᠠᠭᠤᠯᠢ᠎ᠯᠤᠭ᠎ᠠ᠎ᠶᠢᠨ ᠬᠠᠮᠲᠤᠷᠠᠯᠴᠠᠭ᠎ᠠ ᠡᠳᠦᠷ ᠢᠷᠡᠬᠦᠶ᠎ᠡ ᠪᠣᠯᠪᠠᠰᠤᠷᠠᠩᠭᠤᠶ ᠪᠣᠯᠵᠣ᠌᠂ ᠳᠡᠭᠡᠳᠦ ᠲᠠᠰ᠎ᠤᠨ ᠣᠶᠤᠨ᠎ᠤ ᠬᠥᠮᠥᠷᠭᠡ᠎ᠶᠢ ᠣᠷᠣᠭᠤᠯᠤᠨ ᠠᠪᠴᠢᠷᠠᠬᠤ᠎ᠳᠤ ᠰᠠᠭᠤᠷᠢ ᠲᠠᠯᠪᠢᠵᠤ ᠥᠭᠴᠦ ᠪᠣᠢ᠃ ᠪᠠᠰᠠ ᠲᠣᠭᠠᠴᠢᠯᠠᠭᠰᠠᠨ ᠮᠡᠷᠭᠡᠵᠢᠯ᠎ᠢ ᠲᠦᠭᠡᠮᠡᠯᠵᠢᠭᠦᠯᠵᠦ᠂ ᠴᠠᠭ ᠬᠤᠭᠤᠴᠠᠭ᠎ᠠ ᠪᠠ ᠣᠷᠣᠨ ᠵᠠᠶ᠎ᠶᠢᠨ ᠬᠢᠵᠠᠭᠠᠷᠯᠠᠯ᠎ᠢ ᠡᠪᠳᠡᠵᠦ᠂ ᠵᠠᠯᠠᠭᠤ ᠤᠯᠠᠮᠵᠢᠯᠠᠭᠴᠢᠳ᠎ᠢ ᠲᠡᠳᠡᠨ ᠣᠷᠣᠭᠤᠯᠬᠤ᠎ᠳᠤ ᠨᠥᠬᠦᠴᠡᠯ ᠪᠦᠷᠢᠯᠳᠦᠭᠦᠯᠵᠦ ᠪᠠᠢᠭ᠎ᠠ ᠶᠤᠮ᠃

ᠢᠷᠡᠯᠲᠡ᠄ ᠠᠪᠠᠭ᠎ᠠ ᠬᠤᠰᠢᠭᠤᠨ᠎ᠤ ᠬᠠᠮ ᠵᠠᠭᠤᠴᠢᠯᠠᠭᠤᠷ ᠤ᠋ᠨ ᠳᠦᠪ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号