ᠤᠢᠷ᠎ᠠ ᠳ᠋ᠤ ᠪᠤᠭᠤᠲᠤ᠌ ᠬᠣᠲᠠ ᠶ᠋ᠢᠨ ᠳ᠋ᠦᠩ ᠾᠧ ᠲᠣᠭᠣᠷᠢᠭ᠎ᠤᠨ 《ᠵᠢᠶᠠ ᠾᠧ ᠰᠢᠨ᠎ᠡ ᠤᠷᠤᠨ ᠰᠠᠭᠤᠴᠠ》 ᠰᠠᠭᠤᠭᠠᠯᠢ ᠲᠤᠭᠤᠷᠢᠭ᠎ᠤᠨ ᠰᠠᠭᠤᠭᠠᠯᠢ ᠠᠷᠠᠳ ᠵᠢᠩᠬᠢᠨᠢ᠎ᠪᠡᠷ ᠪᠤᠴᠠᠨ ᠨᠡᠬᠦᠨ ᠢᠷᠠᠵᠠᠢ᠃
ᠴᠠᠭᠠᠨ ᠥᠩᠭᠡ ᠶ᠋ᠢᠨ ᠰᠢᠨ᠎ᠡ ᠠᠰᠠᠷ ᠨᠢ ᠭᠦᠨ ᠬᠦᠷᠡᠩ ᠥᠩᠭᠡ ᠶ᠋ᠢᠨ ᠡᠮᠵᠢᠶᠠᠷᠢ ᠲᠠᠷᠤᠭᠤᠯᠵᠦ᠂ ᠨᠡᠷᠡᠨ᠎ᠦ ᠭᠡᠷᠡᠯ ᠳᠣᠣᠷ᠎ᠠ ᠤᠨᠴᠠ᠎ᠵᠢᠨ ᠢᠯᠡᠲᠡᠢ ᠬᠠᠷᠠᠭᠳᠠᠨ᠎ᠠ᠃ ᠰᠠᠭᠤᠭᠠᠯᠢ ᠠᠷᠠᠳ᠎ᠤᠳ ᠥᠷᠯᠥᠭᠡ ᠡᠷᠲᠡ ᠢᠷᠡᠵᠡᠭᠡᠨ᠂ ᠭᠠᠷ ᠤᠲᠠᠰᠤ᠎ᠪᠠᠨ ᠭᠠᠷᠭᠠᠨ ᠰᠡᠭᠦᠳᠡᠷᠯᠡᠵᠡᠭᠡᠨᠡ᠃ 156 ᠡᠷᠦᠬᠡ᠎ᠶᠢᠨ ᠬᠦᠮᠦᠰ ᠰᠢᠨ᠎ᠡ ᠠᠰᠠᠷ᠎ᠢᠶᠡᠨ ᠬᠠᠷᠠᠭᠠᠳ ᠮᠠᠰᠢ ᠪᠠᠶᠠᠷᠯᠠᠵᠤ ᠪᠠᠶ᠋ᠢᠯ᠎ᠠ — ᠬᠡᠳᠦᠨ ᠠᠷᠪᠠᠨ ᠵᠢᠯ ᠰᠠᠭᠤᠭᠰᠠᠨ ᠬᠠᠭᠤᠴᠢᠨ ᠠᠰᠠᠷ ᠨᠢ ᠣᠲᠣ ᠴᠠᠬᠢᠯᠭᠠᠨ ᠱᠠᠲᠤ᠎ᠲᠠᠶ ᠡᠸᠦ᠋ᠷᠦᠫᠠ ᠮᠠᠶᠢᠭ᠎ᠤᠨ ᠪᠠᠶ᠋ᠢᠰᠢᠩ ᠪᠣᠯᠵᠣ᠂ ᠲᠦᠯᠬᠢᠭᠦᠷ ᠪᠤᠯᠤᠨ ᠥᠯᠥ᠍ ᠬᠥᠳᠡᠯᠬᠦ᠌ ᠬᠥᠷᠥᠩᠭᠡ ᠶ᠋ᠢᠨ ᠦᠮᠴᠢᠯᠠᠯ᠎ᠤᠨ ᠡᠷᠬᠡ ᠶ᠋ᠢᠨ ᠦᠨᠡᠮᠯᠡᠯ᠎ᠢᠶᠡᠨ ᠴᠦ᠍ ᠬᠠᠮᠲᠤᠳᠤᠨᠢ ᠣᠯᠵᠤ ᠠᠪᠴᠠᠶ᠃
73 ᠨᠠᠰᠤᠲᠠᠢ ᠳ᠋ᠦᠩ ᠶᠣᠣ ᠦ᠋ ᠲᠤᠮᠤ ᠤᠯᠠᠭᠠᠨ ᠳᠡᠪᠲᠡᠷ᠎ᠢᠶᠡᠨ ᠠᠳᠬᠤᠨ᠂ ᠰᠢᠨ᠎ᠡ ᠰᠠᠭᠤᠴᠠ᠎ᠪᠠᠨ ᠬᠠᠷᠠᠵᠤ᠂ ᠪᠠᠶᠠᠷᠯᠠᠭᠰᠠᠨ ᠰᠡᠳᠬᠢᠯᠭᠡ᠎ᠪᠡᠨ ᠲᠠᠷᠤᠵᠦ ᠶᠠᠳᠠᠨ᠎ᠠ᠃
ᠲᠡᠷᠡ ᠡᠨᠳᠡ 50 ᠵᠢᠯ ᠰᠠᠭᠤᠵᠠᠢ᠃ ᠤᠤᠯ᠎ᠤᠨ ᠰᠠᠭᠤᠵᠦ ᠪᠠᠢᠭᠰᠠᠨ ᠠᠰᠠᠷ ᠨᠢ ᠶᠠᠮᠠᠷ ᠪᠠᠢᠭᠰᠠᠨ ᠪᠣᠢ? ᠬᠡᠷᠡᠮ ᠨᠢ ᠬᠠᠭᠠᠷᠠᠵᠤ᠂ ᠤᠰᠤᠨ ᠬᠣᠭᠣᠯᠠᠶ ᠨᠢ ᠵᠢᠪᠡᠷᠡᠵᠦ᠍᠂ ᠡᠪᠦᠯ᠎ᠳᠡᠭᠡᠨ ᠵᠤᠤᠬ᠎ᠠ ᠲᠦᠯᠡᠵᠦ᠍ ᠬᠡᠷ ᠳᠦᠭᠦᠷᠡᠩ ᠤᠳᠤᠭ᠎ᠠ ᠲᠤᠭᠤᠰᠦ ᠲᠤᠨᠤᠷᠠᠨ᠂ ᠭᠠᠵᠠᠷ ᠳᠤᠤᠷᠠᠬᠢ ᠪᠣᠬᠢᠷ ᠤᠰᠤ ᠪᠠᠶ᠋ᠢᠨ ᠪᠠᠶ᠋ᠢᠨ ᠪᠤᠷᠭᠢᠯᠤᠨ ᠭᠠᠷᠴᠦ ᠢᠷᠡᠳᠡᠭ ᠪᠠᠢᠵᠠᠢ᠃ ᠲᠡᠷᠡ ᠬᠠᠭᠤᠴᠢᠨ ᠪᠠᠢᠰᠢᠩ᠎ᠳᠠᠭᠠᠨ ᠰᠠᠭᠤᠭᠠᠳ ᠶᠡᠷᠦ ᠨᠢ 《ᠰᠡᠳᠬᠢᠯ ᠠᠮᠤᠷ ᠪᠠᠢᠵᠦ ᠴᠢᠳᠠᠭᠰᠠᠨ ᠦᠭᠡᠢ》᠃ ᠣᠳᠣ ᠲᠣᠭᠣᠭᠠᠨ ᠭᠡᠷ᠂ ᠵᠣᠷᠯᠣᠩ ᠢ ᠰᠠᠯᠭᠠᠵᠤ᠂ ᠤᠰᠤᠨ ᠴᠣᠷᠭᠣ ᠪᠠᠨ ᠮᠤᠰᠬᠢᠪᠡᠯ ᠳᠠᠷᠤᠶ ᠲᠦᠭᠡᠭᠡᠯ ᠤᠰᠤ ᠤᠤᠭᠤᠴᠢᠬᠠᠨᠠ᠂ ᠲᠤᠯᠠᠭᠠᠯᠠᠮᠵᠢ᠂ ᠴᠠᠬᠢᠯᠭᠠᠨ ᠱᠠᠲᠤ᠌ ᠪᠦᠷᠢᠨ ᠪᠤᠯᠪᠠ᠃
ᠰᠠᠭᠤᠭᠠᠯᠢ ᠠᠷᠠᠳ ᠦ᠋ ᠠᠶ ᠯᠢᠩ ᠢ ᠬᠠᠮᠤᠭ ᠡᠴᠡ ᠪᠠᠶᠠᠷᠯᠠᠭᠤᠯᠤᠬᠰᠠᠨ ᠶᠠᠪᠤᠳᠠᠯ ᠪᠤᠯ ᠠᠰᠠᠷ ᠨᠢ ᠤᠤᠯ᠎ᠤᠨ ᠬᠢ ᠡᠴᠡ ᠪᠠᠨ ᠶᠡᠬᠡ ᠪᠣᠯᠵᠠᠶ᠃ ᠤᠤᠯ᠎ᠤᠨ ᠠᠰᠠᠷ ᠨᠢ ᠵᠥᠪᠬᠡᠨ 44.9 ᠲᠡᠭᠰᠢ ᠳᠥᠷᠪᠡᠯᠵᠢᠨ ᠮᠧᠲᠷ ᠪᠠᠢᠵᠤ᠂ ᠨᠢᠭᠡ ᠭᠡᠷ᠎ᠢᠶᠡᠷ᠎ᠢᠶᠡᠨ ᠣᠯᠠᠨ ᠵᠢᠯ ᠰᠢᠬᠠᠯᠴᠠᠨ ᠰᠠᠭᠤᠵᠠᠢ; ᠣᠳᠣ ᠶ᠋ᠢᠨ ᠠᠰᠠᠷ ᠨᠢ 102 ᠲᠡᠭᠰᠢ ᠳᠥᠷᠪᠡᠯᠵᠢᠨ ᠮᠧᠲᠷ᠂ ᠬᠣᠶᠠᠷ ᠦᠷᠦᠭᠡ ᠨᠢᠭᠡ ᠲᠢᠩᠬᠢᠮ ᠲᠠᠢ᠂ ᠭᠡᠭᠡᠨ ᠰᠠᠷᠠᠭᠤᠯᠬᠠᠨ᠃ ᠠᠰᠠᠷ ᠶᠡᠬᠡ ᠪᠣᠯᠵᠠᠶ᠂ ᠭᠡᠪᠡᠴᠦ᠍ ᠥᠮᠴᠢᠯᠡᠯ᠎ᠤᠨ ᠡᠷᠬᠡ ᠬᠤᠪᠢᠷᠠᠭᠰᠠᠨ ᠦᠭᠡᠢ᠂ ᠤᠷᠤᠨ ᠪᠠᠢᠷᠢ ᠨᠢ ᠴᠦ᠍ ᠬᠤᠪᠢᠷᠠᠭᠰᠠᠨ ᠦᠭᠡᠢ᠂ ᠣᠮᠪᠣᠯᠣ ᠶ᠋ᠢᠨ ᠰᠤᠷᠭᠠᠭᠤᠯᠢ᠎ᠳᠤ ᠰᠠᠭᠤᠬᠤ ᠤᠴᠢᠷ ᠢ ᠵᠢᠭᠠᠬᠠᠨ ᠴᠤ᠌ ᠰᠠᠭᠠᠲᠠᠭᠠᠭᠰᠠᠨ ᠦᠭᠡᠢ᠃ 《ᠪᠢ ᠲᠦᠯᠬᠢᠭᠦᠷ᠎ᠢᠶᠡᠨ ᠠᠪᠤᠮᠠᠭᠴᠠ ᠠᠰᠠᠷ᠎ᠢᠶᠡᠨ ᠵᠠᠰᠠᠨ ᠴᠢᠮᠡᠭᠯᠡᠬᠦ᠎ᠪᠠᠷ ᠪᠡᠯᠡᠳᠬᠡᠵᠦ᠍ ᠪᠠᠢᠨ᠎ᠠ᠂ ᠡᠨᠡ ᠵᠢᠯ ᠴᠡᠪᠡᠷ ᠰᠠᠶ᠋ᠢᠬᠠᠨ ᠰᠢᠨᠡᠯᠠᠨᠠ 》 ᠭᠡᠵᠦ᠍ ᠡᠦ ᠠᠢ ᠯᠢᠩ ᠢᠨᠢᠶᠡᠮᠰᠦᠭᠯᠡᠨ ᠬᠡᠯᠡᠨ᠎ᠡ᠃
ᠡᠨᠡ ᠬᠦ᠌ ᠬᠠᠭᠤᠴᠢᠨ ᠠᠰᠠᠷ᠎ᠢ 1978 ᠣᠨ᠎ᠳᠤ ᠪᠠᠷᠢᠵᠦ᠂ ᠨᠡᠶ᠋ᠢᠲᠡ ᠭᠤᠷᠪᠠᠨ ᠲᠠᠪᠬᠤᠷᠯᠢᠭ᠎ᠤᠨ ᠵᠢᠷᠭᠤᠭᠠᠨ ᠠᠰᠠᠷ ᠪᠠᠶ᠋ᠢᠵᠤ᠂ 156 ᠡᠷᠦᠬᠡ ᠣᠷᠣᠰᠢᠨ ᠰᠠᠭᠤᠵᠤ᠂ 2020 ᠣᠨ᠎ᠳᠤ D ᠲᠠᠰ᠎ᠤᠨ ᠨᠤᠷᠠᠬᠤ ᠠᠶᠤᠯᠲᠠᠶ ᠬᠡᠷ ᠪᠠᠶ᠋ᠢᠰᠢᠩ᠎ᠢᠶᠠᠷ ᠬᠢᠨᠠᠨ ᠲᠣᠭᠳᠠᠭᠠᠭᠳᠠᠵᠠᠢ᠃ 2025 ᠣᠨ᠎ᠤ 6 ᠰᠠᠷ᠎ᠠ᠎ᠳᠤ ᠪᠤᠭᠤᠲᠤ᠌ ᠬᠣᠲᠠ ᠬᠣᠶᠠᠳᠤᠭᠠᠷ ᠪᠦᠯᠦᠭ᠎ᠦᠨ ᠲᠥᠪ᠎ᠦᠨ ᠡᠳ᠋᠎ᠦᠨ ᠵᠠᠰᠠᠭ᠎ᠡᠴᠡ ᠬᠣᠲᠠ ᠶ᠋ᠢᠨ ᠰᠢᠨᠡᠴᠢᠯᠡᠯᠲᠡ᠎ᠶᠢ ᠬᠡᠷᠡᠭᠵᠢᠭᠦᠯᠬᠦ᠌ ᠠᠵᠢᠯᠯᠠᠭ᠎ᠠ᠎ᠶᠢ ᠳᠡᠮᠵᠢᠬᠦ᠌ ᠬᠣᠲᠠ᠎ᠳᠤ ᠠᠮᠵᠢᠯᠲᠠ᠎ᠲᠠᠶ ᠰᠣᠩᠭᠣᠭᠳᠠᠵᠠᠢ᠃ ᠤᠯᠤᠰ᠎ᠤᠨ ᠲᠡᠰ᠎ᠤᠨ ᠳᠡᠮᠵᠢᠯᠭᠡ ᠪᠡᠷ ᠥᠪᠡᠷᠲᠡᠭᠡᠨ ᠵᠠᠰᠠᠬᠤ ᠣᠷᠣᠨ᠎ᠤ ᠲᠦᠷᠦ ᠶ᠋ᠢᠨ ᠪᠤᠳᠤᠯᠭ᠎ᠠ ᠬᠡᠷᠡᠭᠵᠢᠭᠦᠯᠦᠭᠳᠡᠮᠡᠭᠴᠡ ᠪᠤᠭᠤᠲᠤ᠌ ᠬᠤᠳᠠ ᠶ᠋ᠢᠨ ᠢᠲᠡᠭᠡᠯ ᠵᠣᠷᠢᠭ ᠤᠯᠠᠮ ᠴᠢᠩᠭᠠᠷᠠᠵᠤ᠂ ᠳᠠᠷᠤᠶ᠋ᠢᠬᠠᠨ ᠬᠥᠳᠡᠯᠦᠯᠴᠡᠵᠦ᠍᠂ ᠪᠦᠬᠦ᠌ ᠣᠷᠣᠨ᠎ᠤ ᠲᠦᠷᠦᠭᠦᠦ ᠪᠦᠯᠦᠭ᠎ᠦᠨ 《ᠵᠠᠮ ᠬᠠᠶ᠋ᠢᠭᠴᠢ 》 ᠪᠣᠯᠵᠠᠢ᠃
ᠭᠡᠪᠡᠴᠦ᠍ ᠲᠦᠷᠦ ᠶ᠋ᠢᠨ ᠪᠤᠳᠦᠯᠭ᠎ᠠ ᠪᠣᠯ ᠴᠢᠭᠯᠡᠯ᠎ᠢ ᠵᠢᠭᠠᠨ ᠦᠭᠳᠡᠭ᠂ ᠵᠡᠮ᠎ᠢᠶᠠᠨ ᠬᠠᠷᠢᠨ ᠥᠪᠡᠷ᠎ᠢᠶᠡᠨ ᠶᠠᠪᠤᠬᠤ ᠬᠡᠷᠡᠭᠲᠡᠢ᠃ ᠨᠠᠨ ᠭᠧ ᠳ᠋ᠦᠩ ᠵᠡᠭᠡᠯᠢ ᠭᠤᠳᠤᠮᠵᠢ ᠪᠣᠯᠤᠨ ᠵᠢᠨ ᠯᠦᠩ ᠸᠠᠩ ᠮᠢᠶᠣᠣ ᠨᠡᠶ᠋ᠢᠭᠡᠮ ᠲᠣᠭᠣᠷᠢᠭ ᠬᠤᠷᠠᠯ ᠬᠢᠵᠦ᠍᠂ ᠰᠠᠭᠤᠭᠠᠯᠢ ᠠᠷᠠᠳ ᠥᠪᠡᠷ᠎ᠢᠶᠡᠨ ᠪᠢᠯᠧᠲ ᠥᠭᠴᠦ᠍᠂《ᠠᠰᠠᠷ᠎ᠤᠨ ᠥᠮᠴᠢᠲᠡᠨ᠎ᠦ ᠪᠡᠶ᠎ᠡ᠎ᠪᠡᠨ ᠳᠠᠭᠠᠭᠠᠵᠤ ᠰᠢᠨᠡᠳᠬᠡᠬᠦ᠌ ᠵᠥᠪᠯᠡᠯ》 ᠢ᠋ ᠰᠣᠩᠭᠣᠨ ᠭᠠᠷᠭᠠᠵᠠᠢ᠃ ᠰᠦᠰᠦ ᠵᠣᠷᠢᠭᠲᠠᠶ᠂ ᠬᠠᠯᠠᠭᠤᠨ ᠰᠡᠳᠬᠢᠯ᠎ᠲᠡᠶ ᠬᠠᠭᠤᠴᠢᠨ ᠰᠠᠭᠤᠭᠠᠯᠢ ᠠᠷᠠᠳ ᠮᠠ ᠶᠢᠦ ᠡᠷᠬᠢᠯᠡᠭᠴᠢ ᠪᠡᠷ ᠰᠣᠩᠭᠣᠭᠳᠠᠪᠠ᠃ ᠠᠩᠬ᠎ᠠ ᠡᠬᠢᠯᠡᠮᠡᠭᠴᠡ᠂ ᠬᠡᠨ ᠨᠢ ᠴᠦ᠍ ᠰᠠᠨᠠᠭ᠎ᠠ ᠠᠮᠤᠷ ᠦᠬᠡᠢ ᠪᠠᠶ᠋ᠢᠵᠠᠢ᠃ 《ᠥᠪᠡᠷ᠎ᠢᠶᠡᠨ ᠵᠣᠭᠣᠰ ᠭᠠᠷᠭᠠᠪᠠᠯ ᠪᠠᠶ᠋ᠢᠭᠤᠯᠵᠤ ᠳᠡᠶ᠋ᠢᠯᠦᠨ᠎ᠡ ᠦᠦ?》᠂ 《 ᠬᠡᠷᠪᠡ ᠬᠠᠭᠠᠰ᠎ᠢ ᠨᠢ ᠪᠠᠷᠢᠭᠠᠳ ᠬᠠᠶᠠᠴᠢᠬᠠᠪᠠᠯ ᠶᠠᠭᠠᠬᠢᠬᠤ ᠪᠤᠢ? ᠨᠡᠶ᠋ᠢᠭᠡᠮ ᠲᠣᠭᠣᠷᠢᠭ᠎ᠤᠨ ᠺᠠᠳ᠋ᠷ᠂ ᠨᠠᠮ᠎ᠤᠨ ᠭᠡᠰᠢᠭᠦᠨ᠂ ᠣᠷᠣᠨ ᠰᠠᠭᠤᠴᠠ ᠪᠠ ᠬᠣᠲᠠ ᠬᠥᠳᠡᠭᠡ ᠶ᠋ᠢᠨ ᠪᠥᠲᠥᠭᠡᠨ ᠪᠠᠶ᠋ᠢᠭᠤᠯᠤᠯᠲᠠ ᠶ᠋ᠢᠨ ᠲᠣᠪᠴᠢᠶ᠎ᠠ ᠶ᠋ᠢᠨ ᠬᠥᠮᠦᠰ ᠲᠦᠷ ᠴᠠᠭ᠎ᠤᠨ ᠨᠠᠮ᠎ᠤᠨ ᠡᠭᠦᠷ ᠪᠠᠶ᠋ᠢᠭᠤᠯᠵᠤ᠂ ᠮᠠ ᠶᠢᠦ ᠲᠡᠳᠡᠨ᠎ᠲᠡᠶ ᠬᠠᠮᠲᠤ᠌ ᠡᠷᠦᠬᠡ ᠳᠠᠷᠠᠭᠠᠯᠠᠨ ᠢᠳᠬᠠᠵᠠᠢ᠃
《 ᠠᠰᠠᠷ ᠦᠨ ᠴᠢᠨᠢ ᠳᠡᠪᠲᠡᠷ ᠭᠠᠷ᠎ᠲᠤ᠌ ᠴᠢᠨᠢ ᠪᠠᠢᠪᠠᠴᠦ᠂ ᠠᠰᠠᠷ ᠴᠢᠨᠢ ᠰᠠᠭᠤᠵᠤ ᠪᠣᠯᠬᠤ ᠦᠭᠡᠢ ᠪᠤᠯᠪᠠᠯ᠂ ᠲᠡᠷᠡ ᠴᠢᠨᠢ ᠨᠢᠭᠡ ᠯᠡ ᠬᠠᠭᠤᠳᠠᠰᠤ ᠴᠠᠭᠠᠰᠤ ᠳᠠᠳᠤᠢ ᠯᠡ ᠪᠤᠯᠤᠨ᠎ᠠ ᠃ ᠣᠳᠣ ᠤᠯᠤᠰ᠎ᠡᠴᠡ ᠨᠥᠬᠥᠪᠥᠷᠢ ᠥᠭᠴᠦ᠍ ᠪᠠᠶ᠋ᠢᠨ᠎ᠠ᠂ ᠪᠢᠳᠡ ᠰᠢᠨᠡᠳᠬᠡᠨ ᠪᠠᠢᠭᠤᠯᠬᠤ ᠥᠪᠡᠷ᠎ᠦᠨ ᠥᠷᠲᠡᠭ᠎ᠢᠶᠡᠨ ᠥᠪᠡᠷ᠎ᠵᠢᠡᠨ ᠭᠠᠷᠭᠠᠴᠢᠬᠠᠪᠠᠯ᠂ ᠲᠠᠸᠠᠷ᠎ᠤᠨ ᠭᠡᠷ ᠪᠠᠶ᠋ᠢᠰᠢᠩ ᠬᠤᠳᠠᠯᠳᠤᠵᠤ ᠠᠪᠬᠤ ᠡᠴᠡ ᠬᠣᠯᠠ ᠳᠡᠭᠡᠷ᠎ᠡ ᠮᠦᠷᠳᠡᠭᠡᠨ ᠰᠢᠨ᠎ᠡ ᠠᠰᠠᠷ ᠴᠦ᠍ ᠰᠣᠯᠢᠵᠤ ᠲᠠᠢᠯᠦᠨ᠎ᠠ 》 ᠃ 《ᠠᠷᠠᠳ᠎ᠢ ᠣᠷᠣᠯᠠᠨ ᠡᠵᠡᠨ ᠮᠡᠳᠡᠬᠦ 》 ᠡᠴᠡ《ᠠᠷᠠᠳ᠎ᠢᠶᠡᠷ ᠡᠵᠡᠨ ᠮᠡᠳᠡᠬᠦᠯᠬᠦ 》 ᠬᠦᠷᠲᠡᠯ᠎ᠡ᠂ 156 ᠡᠷᠦᠬᠡ᠎ᠶᠢᠨ ᠰᠠᠭᠤᠭᠠᠯᠢ ᠠᠷᠠᠳ ᠵᠢᠩᠬᠢᠨᠢ 《ᠬᠥᠬᠡ ᠡᠳᠡᠭᠡᠳ》 ᠪᠤᠯᠵᠠᠢ ᠃
《ᠪᠡᠶ᠎ᠡ᠎ᠪᠡᠨ ᠳᠠᠭᠠᠭᠠᠬᠤ》 ᠭᠡᠬᠦ᠌ ᠬᠡᠳᠦᠨ ᠦᠭᠡ᠎ᠶᠢ ᠥᠭᠡᠷᠡᠴᠢᠯᠡᠯᠲᠡ ᠶ᠋ᠢᠨ ᠪᠦᠬᠦ᠌ ᠶᠠᠪᠤᠴᠠ᠎ᠳᠤ ᠲᠤᠭᠤᠰᠢᠯᠠᠭᠤᠯᠵᠠᠢ᠃ ᠣᠷᠣᠨ ᠰᠠᠭᠤᠴᠠ᠎ᠶᠢ ᠵᠢᠷᠤᠵᠤ ᠲᠥᠯᠥᠪᠯᠡᠬᠦ ᠲᠡᠷᠡ ᠬᠡᠰᠡᠭ ᠬᠤᠭᠤᠴᠠᠭᠠᠨ᠎ᠳᠤ 《ᠪᠡᠶ᠎ᠡ᠎ᠪᠡᠨ ᠳᠠᠭᠠᠭᠠᠵᠦ ᠰᠢᠨᠡᠳᠬᠡᠬᠦ ᠵᠥᠪᠯᠡᠯ》 ᠤ᠋ᠨ ᠵᠢᠷᠬᠢᠶ᠎ᠠ᠎ᠶᠢᠨ ᠬᠤᠯᠪᠤᠭ᠎ᠠ ᠨᠢ ᠬᠠᠮᠤᠭ᠎ᠤᠨ ᠬᠥᠭᠵᠢᠶᠡᠨᠲᠡᠢ 《 ᠬᠡᠷᠡᠭ ᠵᠥᠪᠯᠡᠬᠦ᠌ ᠲᠢᠩᠬᠢᠮ 》 ᠪᠣᠯᠵᠠᠢ ᠃
ᠲᠠᠯᠠᠪᠠᠢ ᠨᠢ ᠶᠡᠬᠡ ᠰᠢᠭ ᠪᠠᠢᠬᠤ ᠬᠡᠷᠡᠭᠳᠡᠢ᠂ ᠦᠷᠦᠭᠡ ᠨᠢ ᠨᠡᠷᠡᠨ ᠵᠦᠭ ᠬᠠᠨᠳᠤᠨ᠎ᠠ᠂ ᠴᠠᠬᠢᠯᠭᠠᠨ ᠱᠠᠲᠤ᠌ ᠲᠠᠢ ᠪᠠᠢᠬᠤ ᠬᠡᠷᠡᠭᠳᠡᠢ ᠁ ᠵᠠᠭᠤ ᠭᠠᠷᠤᠶ ᠵᠤᠷᠪᠤᠰ ᠰᠠᠨᠠᠯ ᠲᠠᠪᠰᠢᠬᠦᠯᠵᠦ᠂ ᠮᠠ ᠶᠢᠤ ᠪᠦᠬᠦᠨ᠎ᠢ ᠴᠤᠭᠯᠠᠭᠤᠯᠵᠤ᠂ ᠤᠯᠠᠨ ᠤᠳᠠᠭ᠎ᠠ ᠵᠢᠷᠤᠵᠤ ᠲᠥᠯᠥᠪᠯᠡᠬᠦ᠌ ᠨᠢᠭᠡᠴᠢ᠎ᠳᠦ ᠣᠴᠢᠵᠠᠢ᠃ ᠬᠠᠮᠤᠭ᠎ᠤᠨ ᠰᠡᠭᠦᠯ ᠳᠦ 6 ᠵᠦᠢᠯ᠎ᠦᠨ ᠠᠰᠠᠷ᠎ᠦᠨ ᠪᠦᠲᠦᠴᠡ᠎ᠵᠢ ᠲᠣᠭᠲᠠᠭᠠᠵᠤ᠂ 47 ᠲᠡᠭᠰᠢ ᠳᠥᠷᠪᠡᠯᠵᠢᠨ ᠮᠧᠲ᠋ᠷ ᠡᠴᠡ 102 ᠲᠡᠭᠰᠢ ᠳᠥᠷᠪᠡᠯᠵᠢᠨ ᠮᠧᠲ᠋ᠷ ᠪᠣᠯᠲᠠᠯ᠎ᠠ᠂ ᠡᠷᠦᠬᠡ ᠪᠣᠯᠭᠠᠨ ᠬᠠᠨᠤᠮᠵᠢᠲᠠᠶ ᠪᠦᠲᠦᠴᠡ ᠰᠤᠩᠭᠤᠵᠦ ᠣᠯᠪᠠ ᠃ ᠣᠯᠠᠨ᠎ᠢ ᠬᠠᠮᠤᠭ ᠡᠴᠡ ᠰᠠᠨᠠᠭ᠎ᠠ ᠠᠮᠤᠷ ᠪᠤᠯᠭᠠᠭᠰᠠᠨ ᠨᠢ ᠤᠤᠯ᠎ᠤᠨ ᠰᠤᠷᠭᠠᠭᠤᠯᠢ ᠶ᠋ᠢᠨ ᠲᠣᠭᠣᠷᠢᠭ ᠨᠢ ᠪᠠᠢᠬᠰᠠᠭᠠᠷ᠂ ᠬᠠᠭᠤᠴᠢᠨ ᠵᠡᠷᠭᠡᠯᠡᠳᠡᠭᠡ ᠠᠢᠯ᠎ᠤᠨ ᠬᠢᠨ ᠪᠠᠰᠠ ᠪᠠᠢᠬᠰᠠᠭᠠᠷ ᠃
《ᠵᠠᠰᠠᠭ᠎ᠤᠨ ᠣᠷᠳᠣᠨ ᠬᠥᠲᠥᠯᠥᠨ ᠵᠢᠯᠣᠭᠣᠳᠬᠤ᠂ ᠲᠥᠷᠥ ᠶ᠋ᠢᠨ ᠪᠣᠳᠣᠯᠭ᠎ᠠ᠎ᠪᠠᠷ ᠳᠡᠮᠵᠢᠬᠦ᠌᠂ ᠰᠠᠭᠤᠭᠠᠯᠢ ᠠᠷᠠᠳ ᠭᠣᠣᠯ ᠴᠣᠭᠴᠠ ᠪᠣᠯᠬᠤ᠂ ᠬᠤᠳᠠᠯᠳᠤᠭᠠᠴᠢᠨ ᠡᠵᠡᠩᠨᠡᠬᠦ 》 — ᠡᠨᠡ ᠬᠦ᠌ ᠠᠷᠭ᠎ᠠ ᠨᠢ ᠠᠷᠠᠳ ᠢᠷᠭᠡᠳᠲᠦ᠍ ᠰᠢᠨ᠎ᠡ ᠠᠰᠠᠷ ᠪᠠᠷᠢᠬᠤ ᠥᠪᠡᠷ᠎ᠦᠨ ᠥᠷᠲᠡᠭ᠎ᠢ ᠯᠡ ᠡᠭᠦᠷᠭᠡᠯᠡᠭᠦᠯᠵᠦ᠍᠂ ᠳᠠᠷᠤᠭᠠᠰᠤ᠎ᠶᠢ ᠨᠢ ᠪᠠᠭᠠᠰᠬᠠᠵᠠᠶ᠃ 2025 ᠣᠨ᠎ᠤ 3 ᠰᠠᠷ᠎ᠠ᠎ᠳᠤ ᠭᠡᠷ᠎ᠡ ᠲᠣᠭᠲᠠᠵᠤ ᠨᠤᠷᠠᠭᠠᠨ᠂ 9 ᠰᠠᠷ᠎ᠠ᠎ᠳᠤ ᠭᠤᠤᠯ ᠴᠣᠭᠴᠠ ᠶ᠋ᠢᠨ ᠤᠷᠤᠢ᠎ᠵᠢ ᠨᠢ ᠪᠢᠳᠡᠬᠦᠮᠵᠢᠯᠡᠨ᠂ 2026 ᠣᠨ᠎ᠤ 6 ᠰᠠᠷ᠎ᠠ ᠶ᠋ᠢᠨ 29᠎ᠤ᠋ ᠡᠳᠦᠷ ᠬᠡᠷ ᠪᠠᠶ᠋ᠢᠰᠢᠩ᠎ᠤᠨ ᠭᠡᠷᠡᠴᠢ ᠵᠢ ᠨᠢ ᠦᠭᠴᠦ᠂ ᠥᠨᠳᠥᠷ ᠪᠦᠲᠦᠮᠵᠢᠲᠡᠶ᠎ᠪᠡᠷ ᠥᠭᠡᠷᠡᠴᠢᠯᠡᠨ ᠪᠠᠶ᠋ᠢᠭᠤᠯᠵᠤ ᠳᠠᠭᠤᠰᠬᠠᠪᠠ ᠃ ᠰᠢᠨ᠎ᠡ ᠠᠰᠠᠷ ᠨᠢ 580 ᠭᠠᠷᠤᠶ ᠲᠡᠭᠰᠢ ᠳᠥᠷᠪᠡᠯᠵᠢᠨ ᠮᠧᠲ᠋ᠷ᠎ᠤᠨ ᠨᠡᠶ᠋ᠢᠭᠡᠮ ᠲᠣᠭᠣᠷᠢᠭ᠎ᠤᠨ ᠦᠢᠯᠡᠴᠢᠯᠡᠭᠡᠨ᠎ᠦ ᠬᠡᠷ᠂ ᠲᠡᠷᠭᠡᠨ ᠵᠣᠭᠰᠣᠭᠠᠯ᠂ ᠴᠠᠬᠢᠯᠭᠠᠨ ᠴᠡᠨᠡᠭᠯᠡᠬᠦ᠌ ᠱᠣᠩ᠂ ᠨᠠᠰᠤᠳᠠᠢᠴᠤᠳ᠎ᠲᠦ ᠬᠠᠨᠳᠤᠭᠤᠯᠤᠭᠰᠠᠨ ᠲᠥᠬᠥᠭᠡᠷᠦᠮᠵᠢ᠎ᠶᠢ ᠴᠥᠮ ᠳᠣᠭᠢᠷᠠᠭᠤᠯᠵᠠᠶ᠃
ᠡᠨᠡ ᠬᠦ᠌ ᠬᠠᠭᠤᠴᠢᠨ ᠠᠰᠠᠷ᠎ᠢ ᠦᠭᠡᠷᠡᠴᠢᠯᠡᠨ ᠪᠠᠢᠭᠤᠯᠤᠭᠰᠠᠨ ᠥᠯᠢᠭᠡᠷ ᠨᠢ 156 ᠡᠷᠦᠬᠡ ᠶ᠋ᠢᠨ ᠬᠦᠰᠡᠯ ᠢ ᠪᠡᠶᠡᠯᠡᠬᠦᠯᠦᠭᠰᠡᠨ᠎ᠢᠶᠡᠷ ᠪᠠᠷᠠᠬᠤ ᠦᠭᠡᠢ ᠪᠤᠭᠤᠳᠤ ᠬᠤᠳᠠ 《ᠪᠤᠭᠤᠲᠤ᠌ ᠬᠣᠲᠠ ᠶ᠋ᠢᠨ ᠬᠣᠲᠠ ᠶ᠋ᠢ ᠦᠭᠡᠷᠡᠴᠢᠯᠡᠨ ᠰᠢᠨᠡᠳᠬᠡᠬᠦ ᠲᠦᠷᠢᠮ 》 ᠢ᠋ 7 ᠰᠠᠷ᠎ᠠ ᠶ᠋ᠢᠨ 1 ᠤ᠋ ᠡᠳᠦᠷ᠎ᠡᠴᠡ ᠡᠬᠢᠯᠡᠨ ᠵᠢᠩᠬᠢᠨᠢ᠎ᠪᠡᠷ ᠬᠡᠷᠡᠭᠵᠢᠭᠦᠯᠪᠠ᠂ ᠡᠨᠡ ᠪᠣᠯ ᠥᠪᠥᠷ ᠮᠣᠩᠭᠣᠯ᠎ᠤᠨ ᠠᠩᠬᠠᠳᠠᠭᠴᠢ ᠬᠣᠲᠠ ᠶ᠋ᠢ ᠦᠭᠡᠷᠡᠴᠢᠯᠡᠨ ᠰᠢᠨᠡᠳᠬᠡᠬᠦ᠌ ᠲᠤᠬᠠᠢ ᠣᠷᠣᠨ ᠨᠤᠲᠤᠭ᠎ᠤᠨ ᠴᠢᠨᠠᠷᠲᠠᠶ ᠲᠦᠷᠢᠮ ᠪᠣᠯᠤᠨ᠎ᠠ᠃ ᠡᠨᠡ ᠬᠦ᠌ ᠲᠦᠷᠢᠮ᠎ᠳᠤ 156 ᠡᠷᠦᠬᠡ ᠶ᠋ᠢᠨ 《ᠬᠠᠭᠤᠴᠢᠨ ᠠᠰᠠᠷ᠎ᠢ ᠨᠢ ᠨᠤᠷᠠᠭᠠᠨ ᠤᠭ ᠤᠷᠤᠨᠳᠤᠨᠢ ᠳᠠᠬᠢᠨ ᠰᠢᠨ᠎ᠠ ᠪᠠᠷ ᠪᠠᠢᠭᠤᠯᠬᠤ 》 ᠲᠤᠷᠰᠢᠯᠭ᠎ᠠ᠎ᠶᠢ ᠪᠢᠴᠢᠵᠦ᠍ ᠣᠷᠣᠭᠤᠯᠤᠭᠠᠳ᠂ ᠬᠠᠭᠤᠴᠢᠨ ᠣᠷᠣᠨ ᠰᠠᠭᠤᠴᠠ᠎ᠶᠢ ᠥᠪᠡᠰᠦᠪᠡᠨ ᠰᠢᠨᠡᠳᠬᠡᠬᠦ᠌᠎ᠶᠢ ᠲᠣᠳᠣᠷᠬᠠᠶ ᠳᠡᠮᠵᠢᠵᠠᠢ᠃ ᠪᠤᠭᠤᠲᠤ᠌ ᠬᠣᠲᠠ ᠶ᠋ᠢᠨ ᠣᠷᠣᠨ ᠰᠠᠭᠤᠴᠠ ᠪᠠ ᠬᠣᠲᠠ ᠬᠥᠳᠡᠭᠡ ᠶ᠋ᠢᠨ ᠪᠥᠲᠥᠭᠡᠨ ᠪᠠᠶ᠋ᠢᠭᠤᠯᠤᠯᠲᠠ ᠶ᠋ᠢᠨ ᠲᠣᠪᠴᠢᠶ᠎ᠠ ᠶ᠋ᠢᠨ ᠬᠠᠭᠤᠴᠢᠨ ᠰᠠᠭᠤᠭᠠᠯᠢ ᠲᠣᠭᠣᠷᠢᠭ᠎ᠤᠨ ᠥᠭᠡᠷᠡᠴᠢᠯᠡᠯᠲᠡ ᠶ᠋ᠢᠨ ᠵᠢᠯᠣᠭᠣᠳᠬᠤ ᠭᠠᠵᠠᠷ᠎ᠤᠨ ᠡᠷᠬᠢᠯᠡᠭᠴᠢ ᠯᠢ ᠴᠢᠶᠠᠩ ᠄ 《〈ᠠᠷᠪᠠᠨ ᠲᠠᠪᠤᠳᠤᠭᠠᠷ ᠲᠠᠪᠤᠨ ᠵᠢᠯ〉 ᠦ᠋ᠨ ᠲᠥᠯᠥᠪᠵᠢᠭᠦᠯᠭᠡ ᠶ᠋ᠢᠨ ᠬᠤᠭᠤᠴᠠᠭᠠᠨ᠎ᠳᠤ᠂ ᠪᠥᠬᠥ᠌ ᠬᠣᠲᠠ ᠶ᠋ᠢᠨ ᠬᠡᠪᠴᠢᠶᠡᠨ᠎ᠳᠦ ᠡᠶ᠋ᠢᠮᠦᠷᠬᠦᠦ ᠵᠠᠭᠪᠤᠷ᠎ᠢ ᠬᠡᠷᠡᠭᠵᠢᠭᠦᠯᠵᠦ᠍᠂ ᠨᠡᠩ ᠤᠯᠠᠨ ᠬᠠᠭᠤᠴᠢᠨ ᠠᠰᠠᠷ ᠲᠦ᠍ ᠰᠠᠭᠤᠵᠤ ᠪᠠᠶ᠋ᠢᠭ᠎ᠠ ᠰᠠᠭᠤᠭᠠᠯᠢ ᠠᠷᠠᠳ᠎ᠢ ᠰᠢᠨ᠎ᠡ ᠠᠰᠠᠷᠲᠤ᠌ ᠰᠠᠭᠤᠯᠭᠠᠨ᠎ᠠ 》 ᠭᠡᠵᠦ ᠢᠯᠡᠳᠭᠡᠪᠡ᠃
【ᠰᠤᠷᠪᠤᠯᠵᠢᠯᠠᠭᠴᠢ ᠶ᠋ᠢᠨ ᠡᠪᠦᠷ ᠲᠡᠮᠳᠡᠭᠯᠡᠯ】
ᠰᠤᠷᠪᠤᠯᠵᠢᠯᠠᠭ᠎ᠠ ᠬᠦᠯᠢᠶᠡᠭᠰᠡᠨ ᠲᠡᠷᠡ ᠡᠳᠦᠷ᠂ 73 ᠨᠠᠰᠤᠲᠠᠢ ᠳ᠋ᠦᠩ ᠶᠣᠣ ᠦ᠋ ᠰᠢᠨ᠎ᠡ ᠠᠰᠠᠷ ᠦᠨᠢᠶᠡᠨ ᠡᠭᠦᠳᠡᠨ᠎ᠳᠦ ᠤᠳᠠᠲᠠᠯ᠎ᠠ ᠬᠠᠷᠠᠵᠦ ᠵᠤᠭᠰᠤᠵᠠᠢ᠃ ᠲᠡᠷᠡ ᠨᠠᠳᠠ᠎ᠳᠤ 《ᠰᠡᠳᠬᠢᠯ ᠠᠮᠤᠷ ᠪᠠᠢᠵᠦ ᠴᠢᠳᠠᠭᠰᠠᠨ ᠦᠭᠡᠢ》 ᠭᠡᠵᠦ᠍ ᠬᠡᠯᠡᠬᠦ᠌ ᠦᠶ᠎ᠠ ᠳ᠋ᠦ ᠳᠠᠭᠤ ᠨᠢ ᠲᠤᠩ ᠲᠤᠤᠷ᠎ᠠ᠂ ᠶᠠᠭ ᠯᠡ ᠨᠢᠭᠡ ᠶᠠᠭᠤᠮᠠᠨ ᠡᠴᠡ ᠠᠶᠤᠵᠤ ᠪᠠᠢᠬᠤ ᠰᠢᠬ ᠪᠠᠢᠪᠠ᠃ ᠰᠡᠭᠦᠯᠡᠷ ᠨᠢ ᠲᠦᠯᠬᠢᠭᠦᠷ᠎ᠢᠶᠡᠨ ᠤᠯᠵᠦ ᠠᠪᠤᠮᠠᠬᠴᠠ ᠬᠣᠭᠣᠯᠠᠢ ᠨᠢ ᠨᠢᠭᠡ ᠯᠡ ᠳᠡᠭᠡᠷ᠎ᠠ ᠬᠠᠩᠬᠢᠨᠠᠮ᠎ᠠ ᠪᠤᠯᠵᠦ᠂ ᠬᠡᠦᠬᠡᠳ ᠰᠢᠭ ᠢᠨᠢᠶᠡᠵᠠᠢ᠃ ᠲᠡᠷᠡ ᠮᠦᠴᠡ᠎ᠳᠤ ᠡᠨᠡ ᠬᠦ᠌ ᠲᠦᠯᠬᠢᠭᠦᠷ᠎ᠤᠨ ᠨᠡᠭᠡᠭᠡᠭᠰᠡᠨ ᠨᠢ ᠵᠥᠪᠬᠡᠨ ᠡᠨᠡ ᠨᠢᠭᠡ ᠯᠡ ᠡᠭᠦᠳᠡ ᠪᠢᠰᠢ ᠬᠡᠳᠡᠭ᠎ᠢ ᠪᠢ ᠭᠡᠨᠡᠳᠲᠡ ᠣᠢᠯᠠᠭᠠᠯ᠎ᠠ᠃
《ᠬᠠᠭᠤᠴᠢᠨ ᠠᠰᠠᠷ 》 ᠡᠴᠡ 《ᠵᠢᠶᠠ ᠾᠧ ᠰᠢᠨ᠎ᠡ ᠣᠷᠣᠨ ᠰᠠᠭᠤᠴᠠ》 ᠬᠦᠷᠲᠡᠯ᠎ᠡ᠂ ᠠᠰᠠᠷ ᠨᠢ ᠬᠤᠪᠢᠷᠠᠬᠰᠠᠨ ᠴᠦ᠍ ᠬᠦᠮᠦᠰ ᠨᠢ ᠬᠤᠪᠢᠷᠠᠬᠰᠠᠨ ᠦᠬᠡᠢ᠃ ᠬᠤᠳᠠ᠎ᠶᠢ ᠦᠭᠡᠷᠡᠴᠢᠯᠡᠨ ᠰᠢᠨᠡᠳᠬᠡᠬᠦ᠌ ᠨᠢ ᠵᠦᠪᠭᠡᠨ ᠪᠤᠯᠤᠳ ᠱᠦᠢᠨᠢ ᠶ᠋ᠢᠨ ᠶᠠᠪᠤᠳᠠᠯ ᠪᠢᠰᠢ᠂ ᠬᠠᠷᠢᠨ ᠡᠴᠦᠰ ᠦᠨ ᠡᠴᠦᠰ᠎ᠲᠡᠬᠡᠨ ᠬᠥᠮᠦᠨ᠎ᠦ ᠰᠡᠳᠬᠢᠯ ᠵᠢᠷᠦᠬᠡᠨ ᠳ᠋ᠤ ᠤᠶᠠᠭᠠᠳᠠᠢ ᠶᠠᠪᠤᠳᠠᠯ ᠪᠤᠯᠬᠤ ᠶᠤᠮ᠃ 156 ᠡᠷᠦᠬᠡ ᠰᠠᠭᠤᠭᠠᠯᠢ ᠠᠷᠠᠳ᠎ᠤᠨ ᠬᠦᠰᠡᠯ ᠲᠡᠷᠭᠡᠯᠰᠢᠵᠦ᠍᠂ ᠡᠨᠡ ᠬᠦ᠌ ᠬᠣᠲᠠ᠎ᠳᠤ ᠬᠠᠯᠠᠭᠤᠨ ᠲᠤᠯᠠᠭᠠᠨ 《ᠠᠮᠢᠳᠤᠯᠢᠭ ᠵᠢᠭᠠᠬᠤ ᠮᠠᠲ᠋ᠧᠷᠢᠶᠠᠯ 》 ᠦᠯᠡᠳᠡᠭᠡᠨ ᠦᠭᠴᠡᠢ᠃