ᠠᠭᠤᠤ ᠶᠡᠬᠡ ᠢᠯᠠᠯᠲᠠ᠎ᠶᠢᠨ ᠬᠡᠷᠡᠯ ᠬᠢᠯᠪᠠᠭ᠎ᠠ ᠪᠠᠷ ᠪᠦᠮᠪᠦᠷᠴᠡᠭ ᠳᠡᠯᠡᠭᠡᠢ ᠪᠠᠨ ᠡᠭᠦᠷᠢᠳᠡ ᠭᠡᠷᠡᠯᠲᠦᠭᠦᠯᠦᠶ᠎ᠠ
2026-08-15 11:29:27
ᠵᠣᠬᠢᠶᠠᠭ᠍ᠴᠢ᠄
ᠰᠢᠨᠬᠤᠸᠠ ᠬᠤᠷᠢᠶ᠎ᠠ ᠵᠢᠨ ᠰᠤᠷᠪᠤᠯᠵᠢᠯᠠᠭᠴᠢ ᠰᠦᠨ ᠢ ᠯᠢᠦ ᠽᠠᠨ ᠰᠦᠨ ᠨᠠᠨ ᠯᠢᠦ ᠱᠦᠸᠸ ᠸᠸᠢ ᠭᠤᠸᠠᠨ ᠢᠤᠢ
ᠣᠩᠱᠢᠭ᠍ᠰᠠᠨ ᠣᠳᠠᠭ᠎ᠠ᠄
★★★☆☆

— ᠶᠠᠫᠣᠨ ᠨᠥᠬᠥᠴᠡᠯ ᠦᠭᠡᠢ᠎ᠪᠡᠷ ᠪᠠᠭᠤᠵᠤ ᠥᠭᠭᠦᠭᠰᠡᠨ 81 ᠵᠢᠯ᠎ᠦᠨ ᠣᠢ᠎ᠶᠢᠨ ᠲᠠᠰᠢᠷᠠᠮ᠎ᠳᠤ


ᠶᠠᠫᠣᠨ ᠨᠥᠬᠥᠴᠡᠯ ᠦᠭᠡᠢ᠎ᠪᠡᠷ ᠪᠠᠭᠤᠵᠤ ᠥᠭᠭᠦᠭᠰᠡᠨ 81 ᠵᠢᠯ᠎ᠤᠨ ᠤᠢ ᠪᠤᠯᠤᠯ᠎ᠠ᠃

1945 ᠣᠨ᠎ᠤ 8 ᠰᠠᠷ᠎ᠠ᠎ᠶᠢᠨ 15 ᠎ᠤ᠋ ᠡᠳᠦᠷ᠂ ᠶᠠᠫᠣᠨ ᠳᠠᠶ᠋ᠢᠨ᠎ᠳᠦ ᠢᠯᠠᠭᠳᠠᠵᠤ᠂ ᠨᠥᠬᠥᠴᠡᠯ ᠦᠭᠡᠶ  ᠪᠠᠭᠤᠵᠤ ᠥᠭᠬᠦ᠌᠎ᠪᠡᠷ ᠨᠡᠢᠲᠡᠯᠡᠪᠡ᠃ 14 ᠵᠢᠯ᠎ᠦᠨ ᠴᠢᠰᠤᠲᠤ᠌ ᠪᠠᠶ᠋ᠢᠯᠳᠤᠭᠠᠨ ᠎ᠢᠶᠠᠷ ᠳᠠᠮᠵᠢᠨ ᠳᠤᠮᠳᠠᠳᠤ ᠤᠯᠤᠰ ᠎ᠤᠨ ᠡᠪ ᠬᠠᠮᠲᠤ᠌ ᠨᠠᠮ᠎ᠤᠨ ᠰᠠᠨᠠᠭᠠᠴᠢᠯᠠᠨ ᠪᠠᠶ᠋ᠢᠭᠤᠯᠤᠭᠰᠠᠨ ᠶᠠᠫᠣᠨ᠎ᠢ ᠡᠰᠡᠷᠭᠦᠴᠡᠬᠦ᠌ ᠦᠨᠳᠦᠰᠦᠲᠡᠨ ᠎ᠦ ᠨᠢᠭᠡᠳᠦᠮᠡᠯ ᠹᠷᠣᠨᠲ᠎ᠤᠨ ᠲᠤᠭ᠎ᠤᠨ ᠳᠣᠣᠷ᠎ᠠ ᠳᠤᠮᠳᠠᠳᠤ ᠤᠯᠤᠰ᠎ᠤᠨ ᠠᠷᠠᠳ ᠲᠦᠮᠡᠨ ᠣᠷᠴᠢᠨ ᠦᠶ᠎ᠡ᠎ᠡᠴᠡ ᠨᠠᠭᠠᠰᠢᠬᠢ ᠭᠠᠳᠠᠭᠠᠳᠤ᠎ᠶᠢᠨ ᠳᠠᠶ᠋ᠢᠰᠤᠨ᠎ᠤ ᠲᠦᠷᠢᠮᠡᠬᠡᠶ᠋ᠢᠯᠡᠯ᠎ᠢ ᠡᠰᠡᠷᠭᠦᠴᠡᠭᠰᠡᠨ ᠠᠩᠬᠠᠳᠤᠭᠠᠷ ᠤᠳᠠᠭᠠᠨ᠎ᠤ ᠪᠦᠷᠢᠨ ᠢᠯᠠᠯᠲᠠ᠎ᠶᠢ ᠣᠯᠵᠤ᠂ ᠬᠥᠮᠦᠨ ᠲᠥᠷᠥᠯᠬᠢᠲᠡᠨ᠎ᠦ ᠪᠣᠯᠪᠠᠰᠤᠨ ᠎ᠢ ᠠᠪᠤᠷᠠᠬᠤ᠂ ᠳᠡᠯᠡᠬᠡᠢ᠎ᠶᠢᠨ ᠡᠩᠬᠡ ᠲᠠᠶ᠋ᠢᠪᠤᠩ᠎ᠢ ᠬᠠᠮᠠᠭᠠᠯᠠᠬᠤ᠎ᠳᠤ ᠴᠢᠬᠤᠯᠠ ᠶᠡᠬᠡ ᠬᠤᠪᠢ ᠨᠡᠮᠡᠷᠢ ᠦᠵᠡᠭᠦᠯᠪᠡ᠃

ᠰᠢᠳᠤᠷᠭᠤ ᠶᠣᠰᠣ ᠬᠠᠷᠭᠢᠰ ᠬᠦᠴᠦᠨ ᠎ᠢ ᠢᠯᠠᠵᠤ᠂ ᠭᠡᠭᠡᠨ ᠰᠠᠷᠠᠭᠤᠯ  ᠲᠦᠨᠡᠷ ᠬᠠᠷᠠᠩᠭᠤᠶ᠎ᠶᠢ ᠢᠯᠠᠵᠤ᠂ ᠳᠠᠪᠰᠢᠯᠲᠠ ᠨᠢ ᠳᠡᠷᠰᠯᠡᠭᠦᠦ᠎ᠶᠢ ᠢᠯᠠᠪᠠ᠃ ᠡᠨᠡ ᠬᠦ᠌ ᠠᠭᠤᠤ ᠶᠡᠬᠡ ᠢᠯᠠᠯᠲᠠ ᠨᠢ ᠶᠠᠫᠣᠨ᠎ᠤ ᠴᠡᠷᠢᠭᠯᠡᠬᠦ᠌ ᠦᠵᠡᠯ ᠎ᠦᠨ ᠭᠠᠳᠠᠭᠰᠢ ᠲᠦᠷᠢᠬᠦ᠌ ᠪᠠᠯᠠᠮᠠᠳ ᠠᠵᠢᠯᠯᠠᠭ᠎ᠠ᠎ᠶᠢ ᠡᠴᠦᠰᠯᠡᠭᠦᠯᠵᠦ᠍᠂ ᠳᠡᠯᠡᠬᠡᠢ᠎ᠶᠢᠨ ᠹᠠᠱ᠌ᠢᠰ ᠎ᠢ ᠡᠰᠡᠷᠭᠦᠴᠡᠬᠦ᠌ ᠲᠠᠢ᠌ᠨ ᠢᠯᠠᠯᠲᠠ ᠣᠯᠤᠭᠰᠠᠨ᠎ᠤ ᠳᠠᠷᠠᠭᠠᠬᠢ ᠤᠯᠠᠨ ᠤᠯᠤᠰ᠎ᠤᠨ ᠡᠮᠬᠢ ᠵᠢᠷᠤᠮ᠎ᠤᠨ ᠡᠪᠳᠡᠷᠡᠰᠢ ᠦᠭᠡᠢ ᠪᠠᠲᠤ᠌ ᠪᠡᠬᠢ ᠬᠠᠤᠯᠢ ᠵᠦᠢ᠎ᠶᠢᠨ ᠦᠨᠳᠦᠰᠦ ᠰᠠᠭᠤᠷᠢ᠎ᠶᠢ ᠴᠣᠭᠴᠠᠯᠠᠨ᠂ ᠬᠥᠮᠦᠨ ᠲᠥᠷᠥᠯᠬᠢᠲᠡᠨ ᠎ᠦ ᠬᠥᠭᠵᠢᠯᠲᠡ᠎ᠶᠢᠨ ᠨᠢᠭᠡᠨ ᠴᠢᠬᠤᠯᠠ ᠶᠡᠬᠡ ᠡᠷᠭᠢᠯᠲᠡ᠎ᠶᠢᠨ ᠴᠡᠭ᠎ᠢ ᠲᠠᠮᠠᠭᠠᠯᠠᠭᠰᠠᠨ ᠪᠠᠶ᠋ᠢᠨ᠎ᠠ᠃

ᠲᠡᠦᠬᠡ ᠪᠣᠯ ᠲᠣᠭᠣᠰᠣᠨ᠎ᠳᠤ ᠳᠠᠷᠤᠭᠳᠠᠭᠰᠠᠨ ᠥᠩᠭᠡᠷᠡᠭᠰᠡᠨ ᠶᠠᠪᠤᠳᠠᠯ ᠪᠢᠰᠢ᠂ ᠬᠠᠷᠢᠨ ᠢᠷᠡᠭᠡᠳᠦᠢ᠎ᠶᠢ ᠭᠡᠶ᠋ᠢᠭᠦᠯᠬᠦ᠌ ᠭᠡᠷᠡᠯᠲᠦ᠍ ᠴᠠᠮᠬᠠᠭ ᠮᠥᠨ᠃ ᠣᠳᠣᠬᠠᠨ᠎ᠳᠤ ᠵᠠᠭᠤᠨ ᠵᠢᠯ᠎ᠳᠤ ᠲᠤᠬᠢᠶᠠᠯᠳᠤᠭ᠎ᠠ ᠦᠭᠡᠢ ᠬᠤᠪᠢᠰᠤᠯᠲᠠ ᠲᠦᠷᠭᠡᠰᠦᠨ ᠤᠯᠠᠷᠢᠵᠤ᠂ ᠳᠡᠯᠡᠬᠡᠢ᠎ᠶᠢᠨ ᠪᠠᠶ᠋ᠢᠳᠠᠯ ᠬᠤᠪᠢᠷᠠᠯᠳᠠ ᠶᠡᠬᠡᠳᠡᠢ ᠪᠠᠶ᠋ᠢᠵᠤ᠂ ᠠᠶᠤᠯ ᠲᠦᠭᠰᠢᠭᠦᠷᠢ ᠥᠷᠢᠰᠥᠯᠳᠦᠭᠡᠨ ᠰᠣᠯᠪᠢᠴᠠᠨ ᠳᠠᠪᠬᠤᠴᠠᠵᠤ ᠪᠠᠶ᠋ᠢᠨ᠎ᠠ᠃ ᠶᠠᠫᠣᠨ ᠎ᠤ ᠲᠥᠷᠥ᠍ ᠪᠠᠷᠢᠵᠤ ᠪᠠᠢᠭ᠎ᠠ ᠡᠷᠬᠡ ᠪᠠᠷᠢᠭᠴᠢᠳ᠎ᠤᠨ ᠲᠡᠦᠬᠡ᠎ᠶᠢᠨ ᠤᠷᠤᠰᠬᠠᠯ᠎ᠢ ᠰᠥᠷᠴᠦ᠍ ᠶᠠᠪᠤᠭᠳᠠᠭᠤᠯᠵᠤ ᠪᠠᠶ᠋ᠢᠭ᠎ᠠ ᠵᠦᠢᠯ ᠵᠦᠢᠯ᠎ᠦᠨ ᠠᠶᠤᠯᠲᠠᠶ ᠠᠵᠢᠯᠯᠠᠭ᠎ᠠ ᠎ᠶᠢᠨ ᠡᠮᠦᠨ᠎ᠡ  ᠲᠥᠪ ᠭᠣᠣᠯᠴᠢ ᠰᠢᠳᠤᠷᠭᠤ ᠶᠣᠰᠣ᠎ᠶᠢ ᠬᠠᠮᠠᠭᠠᠯᠠᠬᠤ ᠬᠣᠷᠢᠭ᠎ᠠ ᠱᠤᠭᠤᠮ᠎ᠡᠴᠡ ᠤᠭᠲᠤ ᠤᠬᠤᠷᠢᠵᠤ ᠪᠣᠯᠬᠤ ᠦᠭᠡᠶ᠃

ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢ ᠪᠡᠶᠡᠯᠡᠭᠦᠯᠬᠦ᠌ ᠨᠢ ᠬᠤᠷᠢᠭᠯᠠᠭᠳᠠᠰᠢ ᠦᠭᠡᠢ ᠲᠡᠦᠬᠡ᠎ᠶᠢᠨ ᠤᠷᠤᠰᠬᠠᠯ ᠪᠤᠯᠪᠠ᠂ ᠶᠠᠫᠣᠨ᠎ᠤ ᠪᠠᠷᠠᠭᠤᠨᠲᠠᠨ᠎ᠤ ᠬᠦᠴᠦᠨ᠎ᠦ ᠲᠡᠦᠬᠡ᠎ᠶᠢ ᠤᠬᠤᠷᠢᠭᠤᠯᠬᠤ᠎ᠶᠢ ᠶᠠᠭᠠᠬᠢᠭᠰᠠᠨ ᠴᠤ᠌ ᠵᠥᠪᠰᠢᠶᠡᠷᠡᠬᠦ᠌ ᠦᠭᠡᠢ᠂ ᠶᠠᠫᠣᠨ᠎ᠤ ᠴᠡᠷᠢᠭᠯᠡᠬᠦ᠌ ᠦᠵᠡᠯ᠎ᠦᠨ ᠳᠠᠬᠢᠨ ᠰᠡᠷᠭᠦᠬᠦ᠌᠎ᠶᠢ ᠶᠠᠭᠠᠬᠢᠭᠰᠠᠨ ᠴᠤ᠌ ᠵᠥᠪᠰᠢᠶᠡᠷᠡᠬᠦ᠌ ᠦᠭᠡᠢ᠃

(ᠨᠢᠭᠡ) ᠲᠠᠢ᠌ᠨ᠎ᠦ ᠳᠠᠷᠠᠭᠠᠬᠢ ᠦᠷᠢᠰᠦᠯᠳᠦᠵᠦ᠍ ᠪᠣᠯᠤᠰᠢ ᠦᠭᠡᠢ ᠤᠯᠠᠨ ᠤᠯᠤᠰ᠎ᠤᠨ ᠡᠮᠬᠢ ᠵᠢᠷᠤᠮ

2026 ᠣᠨ᠎ᠤ 5 ᠰᠠᠷ᠎ᠠ᠎ᠶᠢᠨ 29 ᠤ᠋ ᠡᠳᠦᠷ᠂ ᠳᠤᠮᠳᠠᠳᠤ ᠤᠯᠤᠰ᠎ᠢ ᠲᠦᠷᠢᠮᠡᠬᠡᠶ᠋ᠢᠯᠡᠭᠰᠡᠨ ᠶᠠᠫᠣᠨ ᠴᠡᠷᠢᠭ ᠎ᠦᠨ ᠨᠠᠨᠵᠢᠩ᠎ᠤᠨ ᠶᠡᠬᠡ ᠬᠢᠳᠤᠯᠭ᠎ᠠ ᠎ᠳᠤ ᠪᠡᠶ᠎ᠡ ᠦᠷᠡᠭᠳᠡᠭᠰᠡᠨ ᠠᠬ᠎ᠠ ᠳᠡᠭᠦᠦ᠎ᠨᠡᠷ ᠎ᠦᠨ ᠳᠤᠷᠠᠰᠬᠠᠯ ᠎ᠤᠨ ᠣᠷᠳᠣᠨ ᠎ᠳᠤ ᠲᠦᠪ ᠬᠢᠴᠢᠶᠡᠩᠭᠦᠢ ᠪᠠᠶ᠋ᠢᠯ᠎ᠠ᠃ ᠶᠠᠫᠣᠨ᠎ᠤ 《ᠮᠦᠷᠠᠶᠠᠮᠠ ᠹᠦᠵᠢ ᠵᠢᠨ ᠶᠠᠷᠢᠯᠴᠠᠭ᠎ᠠ᠎ᠶᠢ ᠵᠠᠯᠭᠠᠮᠵᠢᠯᠠᠨ ᠬᠥᠭᠵᠢᠭᠦᠯᠬᠦ᠌ ᠬᠤᠷᠠᠯ》ᠤ᠋ᠨ ᠬᠡᠷᠡᠭ ᠡᠷᠬᠢᠯᠡᠭᠴᠢᠳ᠎ᠦᠨ ᠳᠠᠷᠤᠭ᠎ᠠ ᠹᠦᠵᠢᠲ᠋ᠠ ᠲᠠᠺᠠᠺᠠᠭᠧ ᠲᠠᠬᠢᠯᠭ᠎ᠠ᠎ᠶᠢᠨ ᠲᠠᠯᠠᠪᠠᠢ᠎ᠳᠠᠬᠢ ᠮᠥᠩᠬᠡ  ᠵᠤᠯᠠ ᠵᠢᠨ ᠡᠮᠦᠨ᠎ᠠ ᠭᠦᠨ ᠶᠣᠰᠣᠯᠠᠪᠠ᠃

《ᠲᠠᠢ᠌ᠨ᠎ᠦ ᠦᠶ᠎ᠡ᠎ᠵᠢᠨ ᠶᠠᠫᠣᠨ ᠎ᠤ ᠴᠡᠷᠢᠭ᠎ᠤᠨ ᠳᠤᠮᠳᠠᠳᠤ ᠤᠯᠤᠰ᠎ᠤᠨ ᠠᠷᠠᠳ ᠲᠦᠮᠡᠨ᠎ᠳᠦ ᠬᠢᠭᠰᠡᠨ ᠶᠠᠯᠠᠲᠤ᠌ ᠠᠵᠢᠯᠯᠠᠭ᠎ᠠ ᠎ᠶᠢ ᠠᠭᠤᠴᠢᠯᠠᠵᠤ ᠪᠣᠯᠤᠰᠢ ᠦᠭᠡᠢ ᠶᠤᠮ᠂ ᠡᠨᠡ ᠪᠦᠬᠦᠨ᠎ᠳᠦ ᠰᠢᠭᠤᠳ ᠬᠠᠨᠳᠤᠬᠤ᠎ᠶᠢ ᠪᠢ ᠬᠦᠰᠡᠵᠦ᠍ ᠪᠠᠶ᠋ᠢᠨ᠎ᠠ᠃ ᠡᠷᠬᠡᠪᠰᠢ ᠮᠡᠳᠡᠷᠡᠵᠦ᠍᠂ ᠲᠤᠩᠭᠠᠵᠤ᠂ ᠶᠠᠯ᠎ᠠ᠎ᠪᠠᠨ ᠬᠦᠯᠢᠶᠡᠬᠦ ᠵᠢᠨ ᠬᠠᠮᠲᠤ᠌ ᠲᠥᠯᠥᠪᠦᠷᠢ ᠥᠭᠬᠦ᠌ ᠬᠡᠷᠡᠭᠲᠡᠶ᠂ ᠡᠭᠦᠨ᠎ᠡᠴᠡ ᠥᠭᠡᠷ᠎ᠡ ᠵᠠᠮ ᠦᠭᠡᠢ》 ᠭᠡᠵᠦ ᠹᠦᠵᠢᠲ᠋ᠠ ᠲᠠᠺᠠᠺᠠᠭᠧ ᠨᠢᠯᠪᠤᠰᠤ ᠠᠰᠬᠠᠷᠠᠭᠤᠯᠤᠨ ᠬᠡᠯᠡᠨ᠎ᠡ᠃

ᠳᠤᠮᠳᠠᠳᠤ ᠤᠯᠤᠰ ᠪᠣᠯ ᠶᠠᠫᠣᠨ᠎ᠤ ᠴᠡᠷᠢᠭᠯᠡᠬᠦ᠌ ᠦᠵᠡᠯ᠎ᠦᠨ ᠭᠠᠳᠠᠭᠰᠢ ᠲᠦᠷᠢᠮᠡᠬᠡᠶ᠋ᠢᠯᠡᠬᠦ᠌ ᠲᠠᠢ᠌ᠨ᠎ᠦ  ᠬᠣᠣᠷ ᠬᠥᠨᠥᠭᠡᠯ ᠎ᠢ ᠬᠠᠮᠤᠭ᠎ᠤᠨ ᠶᠡᠬᠡ  ᠠᠮᠰᠠᠭᠰᠠᠨ ᠤᠯᠤᠰ ᠮᠥᠨ᠂ ᠪᠠᠰᠠ ᠴᠤ᠌ ᠳᠡᠯᠡᠬᠡᠢ᠎ᠶᠢᠨ ᠹᠠᠱ᠌ᠢᠰ᠎ᠢ ᠡᠰᠡᠷᠭᠦᠴᠡᠬᠦ᠌ ᠲᠠᠢ᠌ᠨ᠎ᠦ ᠳᠣᠷᠣᠨᠠᠳᠠᠬᠢᠨ᠎ᠤ ᠭᠣᠣᠯ ᠲᠠᠢ᠌ᠨ᠎ᠦ ᠲᠠᠯᠠᠪᠤᠷ ᠮᠥᠨ᠂ ᠲᠣᠣᠺᠢᠣ᠋ ᠵᠢᠨ ᠰᠢᠭᠦᠨ ᠲᠠᠰᠣᠯᠣᠯᠳᠠ᠎ᠶᠢᠨ ᠭᠣᠣᠯ ᠣᠷᠣᠯᠴᠠᠭᠴᠢ ᠤᠯᠤᠰ ᠮᠥᠨ᠃

《ᠶᠠᠫᠣᠨ ᠪᠠᠭᠤᠵᠤ ᠥᠭᠪᠡ!》

1945 ᠣᠨ᠎ᠤ 8 ᠰᠠᠷ᠎ᠠ᠎ᠶᠢᠨ 15 ᠎ᠤ᠋ ᠡᠳᠦᠷ ᠬᠡᠪᠯᠡᠭᠳᠡᠭᠰᠡᠨ 《ᠳ᠋ᠠᠬᠦ᠋ᠡᠭ ᠰᠣᠨᠢᠨ》 ᠨᠢ ᠳᠤᠮᠳᠠᠳᠤ ᠤᠯᠤᠰ᠎ᠤᠨ ᠰᠣᠨᠢᠨ᠎ᠤ ᠦᠢᠯᠡᠰ᠎ᠦᠨ ᠲᠡᠦᠬᠡᠨ᠎ᠳᠦ ᠤᠷᠢᠳ ᠡᠮᠦᠨ᠎ᠡ ᠭᠠᠷᠤᠭ᠎ᠠ ᠦᠭᠡᠶ ᠲᠤᠰᠬᠠᠢ ᠤᠢᠯᠡᠲᠥᠭᠰᠡᠨ ᠲᠣᠮᠣ ᠦᠰᠦᠭ ᠪᠠ ᠠᠩᠬᠠᠷᠤᠭᠤᠯᠬᠤ ᠲᠡᠮᠳᠡᠭ᠎ᠢᠶᠡᠷ ᠲᠤᠮᠳᠠᠳᠤ  ᠵᠢᠨ ᠡᠬᠡ ᠭᠠᠵᠠᠷ᠎ᠢ ᠳᠣᠩᠰᠣᠯᠭᠠᠭᠰᠠᠨ ᠡᠨᠡ ᠬᠦ᠌ ᠮᠡᠳᠡᠭᠡ᠎ᠶᠢ ᠨᠡᠢᠲᠡᠯᠡᠵᠡᠢ᠃

ᠲᠣᠰ ᠡᠳᠦᠷ᠎ᠦᠨ ᠥᠷᠯᠥᠭᠡ᠂ ᠳᠤᠮᠳᠠᠳᠤ ᠵᠥᠪᠯᠡᠯᠲᠦ᠍ ᠠᠨᠭ᠌ᠭ᠌ᠯᠢ ᠠᠮᠧᠷᠢᠺᠠ ᠳᠥᠷᠪᠡᠨ ᠤᠯᠤᠰ ᠵᠡᠷᠭᠡ ᠪᠡᠷ ᠠᠯᠪᠠᠨ ᠵᠠᠷᠯᠠᠯ ᠨᠡᠶ᠋ᠢᠲᠡᠯᠡᠵᠦ᠍᠂ ᠶᠠᠫᠣᠨ ᠨᠥᠬᠥᠴᠡᠯ ᠥᠬᠡᠶ᠎ᠪᠡᠷ ᠪᠠᠭᠤᠵᠤ ᠥᠭᠭᠦᠭᠰᠡᠨ᠎ᠢ ᠨᠡᠢᠲᠡᠯᠡᠪᠡ᠃ ᠰᠢᠨᠬᠤᠸᠠ ᠬᠤᠷᠢᠶ᠎ᠠ ᠡᠴᠡ ᠤᠯᠠᠨ ᠮᠡᠳᠡᠭᠡ ᠵᠢᠨ ᠢᠷᠡᠯᠲᠡ ᠵᠢ ᠶᠡᠷᠦᠩᠬᠡᠢᠯᠡᠨ ᠪᠠᠴᠢᠮ ᠴᠠᠬᠢᠯᠭᠠᠨ ᠮᠡᠳᠡᠭᠡ᠎ᠶᠢ ᠨᠡᠪᠲᠡᠷᠡᠭᠦᠯᠵᠦ᠍᠂ ᠢᠯᠠᠯᠲᠠ᠎ᠶᠢᠨ ᠪᠠᠶᠠᠷ᠎ᠤᠨ ᠴᠢᠮᠡᠭᠡ ᠵᠢ ᠳᠠᠮᠵᠢᠭᠤᠯᠪᠠ᠃

ᠲᠡᠷᠡ ᠡᠳᠦᠷ᠂ ᠴᠦᠩᠴᠢᠩ᠎ᠳᠦ᠂ ᠬᠥᠮᠦᠰ ᠵᠡᠭᠡᠯᠢ ᠭᠤᠲᠤᠮᠵᠢ᠎ᠳᠦ ᠭᠠᠷᠴᠤ᠌᠂ ᠢᠯᠠᠯᠲᠠ ᠵᠢᠨ ᠴᠢᠮᠡᠭᠡ ᠵᠢ ᠬᠠᠷᠢᠯᠴᠠᠨ ᠬᠤᠪᠢᠶᠠᠯᠴᠠᠪᠠ; ᠶᠠᠨ ᠠᠨ᠎ᠳᠤ᠂ ᠴᠡᠷᠢᠭ ᠠᠷᠠᠳ ᠬᠡᠩᠭᠡᠷᠭᠡ ᠴᠠᠩ ᠳᠡᠯᠡᠳᠴᠦ᠍᠂ ᠭᠠᠯ ᠪᠠᠮᠪᠠᠷ ᠨᠣᠴᠣᠭᠠᠪᠠ; ᠧᠦ᠋ᠷᠣᠫᠠ ᠠᠮᠧᠷᠢᠺᠠ᠎ᠶᠢᠨ ᠬᠣᠯᠪᠣᠭᠠᠲᠠᠨ ᠤᠯᠤᠰ᠎ᠤᠨ ᠴᠡᠷᠢᠭ ᠠᠷᠠᠳ ᠴᠤ᠌ ᠬᠠᠮᠲᠤ᠎ᠶᠢᠨ ᠢᠯᠠᠯᠲᠠ᠎ᠪᠠᠨ ᠬᠠᠯᠠᠭᠤᠨ᠎ᠢᠶᠠᠷ ᠪᠡᠯᠭᠡᠯᠡᠪᠡ᠃

1945 ᠣᠨ᠎ᠤ 9 ᠰᠠᠷ᠎ᠠ᠎ᠶᠢᠨ 2 ᠎ᠤ᠋ᠨ ᠡᠳᠦᠷ᠂ ᠳᠤᠮᠳᠠᠳᠤ ᠤᠯᠤᠰ ᠵᠡᠷᠭᠡ ᠪᠠᠭᠤᠵᠤ ᠥᠭᠭᠦ ᠵᠢ ᠬᠦᠯᠢᠶᠡᠨ ᠠᠪᠬᠤ 9 ᠤᠯᠤᠰ᠎ᠤᠨ ᠲᠥᠯᠥᠭᠡᠯᠡᠭᠴᠢ᠎ᠶᠢᠨ ᠡᠮᠤᠨ᠎ᠠ  ᠶᠠᠫᠣᠨ᠎ᠤ ᠲᠥᠯᠥᠭᠡᠯᠡᠭᠴᠢ ᠪᠠᠭᠤᠵᠤ ᠥᠭᠬᠦ᠌ ᠪᠢᠴᠢᠭ ᠳᠡᠭᠡᠷ᠎ᠡ ᠭᠠᠷ᠎ᠤᠨ ᠦᠰᠦᠭ ᠵᠢᠷᠤᠵᠤ᠂ ᠳᠡᠯᠡᠬᠡᠶ᠎ᠶᠢᠨ ᠬᠣᠶᠠᠳᠤᠭᠠᠷ ᠳᠠᠶ᠋ᠢᠨ ᠳᠠᠭᠤᠰᠪᠠ᠃

1931 ᠣᠨ᠎ᠤ 《9·18》 ᠤ᠋ ᠬᠡᠷᠡᠭ ᠬᠤᠪᠢᠰᠤᠯ ᠡᠭᠦᠰᠦᠭᠰᠡᠨ᠎ᠡᠴᠡ 1945 ᠣᠨ᠎ᠳᠤ ᠶᠠᠫᠣᠨ ᠨᠥᠬᠥᠴᠡᠯ ᠦᠭᠡᠢ᠎ᠪᠡᠷ ᠪᠠᠭᠤᠵᠤ ᠥᠭᠬᠦ᠌᠎ᠪᠡᠷ ᠨᠡᠶ᠋ᠢᠲᠡᠯᠡᠭᠰᠡᠨ ᠬᠦᠷᠲᠡᠯ᠎ᠡ᠂ ᠳᠡᠯᠡᠬᠡᠢ᠎ᠶᠢᠨ ᠹᠠᠱ᠌ᠢᠰ᠎ᠢ ᠡᠰᠡᠷᠭᠦᠴᠡᠬᠦ᠌ ᠲᠠᠢ᠌ᠨ᠎ᠦ ᠳᠤᠮᠳᠠ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ᠎ᠤ ᠡᠬᠢᠯᠡᠭᠰᠡᠨ ᠴᠠᠭ ᠨᠢ ᠬᠠᠮᠤᠭ᠎ᠤᠨ ᠡᠷᠲᠡ᠂ ᠦᠷᠭᠦᠯᠵᠢᠯᠡᠭᠰᠡᠨ ᠴᠠᠭ ᠨᠢ ᠬᠠᠮᠤᠭ᠎ᠤᠨ ᠤᠷᠳᠤ᠂ ᠨᠥᠬᠥᠴᠡᠯ ᠨᠢ ᠬᠠᠮᠤᠭ᠎ᠤᠨ ᠬᠠᠲᠠᠭᠤᠵᠢᠯᠲᠠᠢ᠂ ᠦᠷᠡᠭᠳᠡᠯ ᠰᠦᠢᠳᠦᠯ ᠨᠢ ᠬᠠᠮᠤᠭ᠎ᠤᠨ ᠶᠡᠬᠡ ᠪᠠᠶ᠋ᠢᠪᠠ᠃ ᠳᠤᠮᠳᠠᠳᠤ ᠤᠯᠤᠰ᠎ᠤᠨ ᠴᠡᠷᠢᠭ ᠠᠷᠠᠳ 3500 ᠭᠠᠷᠤᠶ ᠲᠦᠮᠡᠨ ᠬᠥᠮᠦᠨ ᠥᠭᠦᠵᠦ᠍ ᠰᠢᠷᠬᠠᠲᠤᠭᠰᠠᠨ ᠦᠷᠡᠭᠳᠡᠯ᠎ᠢᠶᠡᠷ ᠶᠠᠫᠣᠨ ᠴᠡᠷᠢᠭ᠎ᠦᠨ 50% ᠡᠴᠡ ᠳᠡᠭᠡᠭᠰᠢᠬᠢ ᠭᠠᠳᠠᠭᠠᠳᠤ ᠎ᠳᠠᠬᠢ ᠴᠡᠷᠢᠭ ᠎ᠦᠨ ᠬᠦᠴᠦᠨ᠎ᠢ ᠬᠣᠷᠢᠭᠯᠠᠵᠠᠶ᠃

ᠡᠨᠡ ᠪᠣᠯ ᠳᠤᠮᠳᠠᠳᠤ᠎ᠶᠢᠨ ᠦᠨᠳᠦᠰᠦᠲᠡᠨ᠎ᠦ ᠵᠣᠷᠢᠭ ᠰᠠᠨᠠᠭᠠᠨ᠎ᠤ ᠲᠡᠦᠬᠡᠨ ᠳᠡᠭᠡᠷᠡᠬᠢ ᠪᠠᠯᠠᠷᠠᠰᠢ ᠦᠭᠡᠢ ᠥᠷᠯᠥᠭ ᠬᠥᠰᠢᠢ᠎ᠡ ᠮᠥᠨ᠂ ᠳᠡᠯᠡᠬᠡᠢ᠎ᠶᠢᠨ ᠲᠠᠢ᠌ᠨ᠎ᠦ ᠲᠡᠦᠬᠡᠨ ᠳᠡᠭᠡᠷᠡᠬᠢ ᠠᠤᠭ᠎ᠠ ᠦᠢᠯᠡᠰ ᠮᠥᠨ᠃

ᠶᠡᠬᠡ ᠬᠡᠪᠴᠢᠶᠡᠨ᠎ᠦ ᠬᠢᠳᠤᠯᠭ᠎ᠠ᠎ᠬᠢᠭᠰᠡᠨ ᠶᠠᠯᠠᠲᠤ᠌ ᠠᠵᠢᠯᠯᠠᠭ᠎ᠠ᠂ ᠡᠬᠡᠯ ᠠᠷᠠᠳ᠎ᠢ ᠬᠥᠨᠥᠭᠡᠭᠰᠡᠨ᠂ ᠳᠤᠮᠳᠠᠳᠤ ᠤᠯᠤᠰ ᠲᠤ᠌ ᠪᠠᠺᠲ᠋ᠧᠷᠢ᠎ᠶᠢᠨ ᠲᠡᠶ᠋ᠢᠨ ᠶᠠᠪᠤᠭᠤᠯᠤᠭᠰᠠᠨ ᠁ ᠨᠠᠨᠵᠢᠩ᠎ᠤᠨ ᠶᠡᠬᠡ ᠬᠢᠳᠤᠯᠭ᠎ᠠ᠎ᠶᠢ ᠪᠠᠶ᠋ᠢᠴᠠᠭᠠᠭᠰᠠᠨ ᠠᠩᠬᠠᠨ᠎ᠤ ᠪᠦᠯᠦᠭ᠎ᠤᠨ ᠣᠯᠠᠨ ᠤᠯᠤᠰ᠎ᠤᠨ ᠪᠠᠶ᠋ᠢᠴᠠᠭᠠᠭᠴᠢ ᠲᠤᠰᠢᠶᠠᠯᠲᠠᠨ᠂ ᠠᠮᠧᠷᠢᠺᠠ ᠬᠥᠮᠦᠨ ᠰᠠᠲ᠋ᠤᠨ ᠡᠳᠦᠷ᠎ᠦᠨ ᠲᠡᠮᠳᠡᠭᠯᠡᠯ᠎ᠳᠡᠭᠡᠨ ᠶᠠᠫᠣᠨ ᠴᠡᠷᠢᠭ᠎ᠦᠨ ᠳᠤᠮᠳᠠᠳᠤ ᠤᠯᠤᠰ ᠎ᠢ ᠲᠦᠷᠢᠮᠡᠬᠡᠶ᠋ᠢᠯᠡᠭᠰᠡᠨ ᠪᠠᠯᠠᠮᠠᠳ ᠠᠵᠢᠯᠯᠠᠭ᠎ᠠ᠎ᠶᠢ ᠨᠢᠭᠡᠳ ᠨᠢᠭᠡ᠎ᠪᠡᠷ ᠲᠡᠮᠳᠡᠭᠯᠡᠭᠰᠡᠨ ᠪᠠᠶ᠋ᠢᠨ᠎ᠠ᠃

818 ᠤᠳᠠᠭ᠎ᠠ ᠵᠢᠨ ᠰᠢᠭᠦᠯᠲᠡ᠂ 419 ᠭᠡᠷᠡᠴᠢᠯᠡᠭᠴᠢ ᠰᠢᠭᠦᠯᠲᠡ᠎ᠳᠦ ᠣᠷᠣᠯᠴᠠᠵᠤ᠂ ᠭᠡᠷᠡᠴᠢ ᠪᠠᠷᠢᠮᠲᠠ᠎ᠶᠢᠨ ᠶᠡᠷᠦᠩᠬᠡᠶ ᠲᠣᠭ᠎ᠠ 4336 ᠬᠤᠪᠢ᠂ ᠠᠨᠭ᠌ᠭ᠌ᠯᠢ ᠬᠡᠯᠡᠨ᠎ᠦ ᠰᠢᠭᠦᠬᠦ ᠲᠢᠩᠬᠢᠮ᠎ᠦᠨ ᠰᠢᠭᠦᠯᠲᠡ᠎ᠶᠢᠨ ᠲᠡᠮᠳᠡᠭᠯᠡᠯ 5 ᠲᠦᠮᠡ ᠰᠢᠬᠠᠮ ᠨᠢᠭᠤᠷ ᠬᠦᠷᠴᠡᠢ ᠁ 1946 ᠣᠨ᠎ᠤ 5 ᠰᠠᠷ᠎ᠠ᠎ᠶᠢᠨ 3 ᠎ᠤ᠋ ᠡᠳᠦᠷ᠎ᠡᠴᠡ 1948 ᠣᠨ ᠎ᠤ 11 ᠰᠠᠷ᠎ᠠ᠎ᠶᠢᠨ 12 ᠎ᠤ᠋ᠨ ᠡᠳᠦᠷ ᠪᠣᠯᠲᠠᠯ᠎ᠠ᠂ ᠲᠣᠣᠺᠢᠣ᠋᠎ᠶᠢᠨ ᠰᠢᠭᠦᠨ ᠲᠠᠰᠤᠯᠤᠯᠲᠠ ᠨᠢ ᠶᠠᠫᠣᠨ᠎ᠤ ᠲᠡᠶ᠋ᠢᠨ᠎ᠦ ᠶᠠᠯᠠᠲᠤ᠌ ᠠᠵᠢᠯᠯᠠᠭ᠎ᠠ᠎ᠳᠤ ᠰᠢᠳᠤᠷᠭᠤ ᠶᠣᠰᠣᠨ᠎ᠤ ᠲᠣᠭᠠᠴᠠᠭ᠎ᠠ ᠬᠢᠵᠦ᠍᠂ ᠲᠡᠶ᠋ᠢᠨ᠎ᠦ ᠳᠠᠷᠠᠭᠠᠬᠢ ᠣᠯᠠᠨ ᠤᠯᠤᠰ᠎ᠤᠨ ᠡᠮᠬᠢ ᠵᠢᠷᠤᠮ᠎ᠤᠨ ᠬᠠᠤᠯᠢ ᠵᠦᠶ᠎ᠶᠢᠨ ᠦᠨᠳᠦᠰᠦ ᠰᠠᠭᠤᠷᠢ᠎ᠶᠢ ᠤᠯᠠᠮ ᠨᠢᠭᠡ ᠠᠯᠬᠤᠮ ᠲᠠᠯᠪᠢᠪᠠ᠃

ᠦᠩᠭᠡᠷᠡᠭᠰᠡᠨ ᠣᠨ ᠰᠠᠷ᠎ᠠ᠎ᠶᠢ ᠡᠷᠭᠢᠴᠡᠭᠦᠯᠬᠦᠶ᠎ᠡ᠂ ᠲᠡᠦᠬᠡ᠎ᠶᠢᠨ ᠪᠣᠳᠠᠲᠤ᠌ ᠶᠠᠪᠤᠳᠠᠯ ᠲᠤᠪ ᠲᠣᠳᠣᠷᠬᠠᠶ ᠪᠠᠢᠵᠤ᠂ ᠬᠠᠤᠯᠢ ᠵᠦᠶ᠎ᠶᠢᠨ ᠦᠨᠳᠦᠰᠦᠯᠡᠯ ᠨᠢᠭᠲᠠ ᠬᠣᠯᠪᠣᠯᠳᠤᠵᠤ ᠪᠠᠢᠨ᠎ᠠ᠃

—— 1943 ᠣᠨ᠎ᠤ 12 ᠰᠠᠷ᠎ᠠ᠎ᠶᠢᠨ 1 ᠤ᠋ ᠡᠳᠦᠷ᠂《ᠺᠠᠶ᠋ᠢᠷᠣ᠋᠎ᠶᠢᠨ ᠲᠤᠩᠬᠠᠭ》ᠲᠤ᠌ ᠶᠠᠫᠣᠨ᠎ᠤ ᠡᠭᠦᠰᠭᠡᠭᠰᠡᠨ ᠳᠤᠮᠳᠠᠳᠤ ᠤᠯᠤᠰ ᠲᠡᠬᠢ ᠳᠠᠶ᠋ᠢᠨ ᠪᠠ ᠨᠣᠮᠣᠬᠠᠨ ᠳᠠᠯᠠᠶ᠎ᠶᠢᠨ ᠳᠠᠶ᠋ᠢᠨ ᠎ᠦ ᠲᠦᠷᠢᠮᠡᠬᠡᠶ᠋ᠢᠯᠡᠬᠦ᠌ ᠰᠢᠨᠵᠢ ᠴᠢᠨᠠᠷ᠎ᠢ ᠨᠤᠲᠠᠯᠠᠵᠤ᠂ 《ᠶᠠᠫᠣᠨ᠎ᠤ ᠬᠤᠯᠠᠭᠠᠶ᠋ᠢᠯᠠᠨ ᠠᠪᠤᠭᠰᠠᠨ ᠳᠤᠮᠳᠠᠳᠤ ᠤᠯᠤᠰ᠎ᠤᠨ ᠨᠤᠲᠤᠭ ᠳᠡᠪᠢᠰᠬᠡᠷ᠂ ᠵᠢᠱ᠌ᠢᠶᠡᠯᠡᠪᠡᠯ ᠵᠡᠭᠦᠨ ᠬᠣᠶ᠋ᠢᠲᠤ᠌ ᠣᠷᠣᠨ᠎ᠤ ᠳᠥᠷᠪᠡᠨ ᠮᠤᠵᠢ᠂ ᠲᠠᠶ᠋ᠢᠸᠠᠨ᠂ ᠫᠸᠩ ᠬᠤ᠌ ᠣᠯᠲᠣᠷᠢᠭ ᠵᠡᠷᠭᠡ》ᠵᠢ ᠪᠦᠭᠦᠳᠡ᠎ᠶᠢ ᠳᠤᠮᠳᠠᠳᠤ ᠤᠯᠤᠰ᠎ᠲᠤ᠌ ᠪᠤᠴᠠᠭᠠᠨ᠎ᠠ ᠭᠡᠵᠦ᠍ ᠲᠣᠳᠣᠷᠬᠠᠶ ᠲᠣᠭᠲᠠᠭᠠᠵᠠᠶ;

—— 1945 ᠣᠨ᠎ᠤ 7 ᠰᠠᠷ᠎ᠠ᠎ᠶᠢᠨ 26 ᠎ᠤ᠋ ᠡᠳᠦᠷ᠂ 《 ᠪᠤᠼᠳᠠᠮ᠎ᠤᠨ ᠠᠯᠪᠠᠨ ᠵᠠᠷᠯᠠᠯ》 ᠢ᠋ ᠨᠡᠶ᠋ᠢᠲᠡᠯᠡᠵᠦ᠍᠂ ᠲᠡᠭᠦᠨ᠎ᠤ ᠨᠠᠢ᠍ᠮᠠᠳᠤᠭᠠᠷ ᠵᠦᠢᠯ᠎ᠳᠦ 《〈ᠺᠠᠢ᠌ᠷᠤ᠋ ᠵᠢᠨ ᠲᠤᠩᠬᠠᠭ〉 ᠤ᠋ᠨ ᠨᠥᠬᠥᠴᠡᠯ᠎ᠢ ᠯᠠᠪᠲᠠᠢ ᠬᠡᠷᠡᠭᠵᠢᠭᠦᠯᠦᠨ᠎ᠡ 》 ᠭᠡᠵᠦ᠍ ᠲᠣᠳᠣᠷᠬᠠᠢ ᠲᠣᠭᠲᠠᠭᠠᠵᠠᠢ;

—— 1945 ᠣᠨ᠎ᠤ 9 ᠰᠠᠷ᠎ᠠ᠎ᠶᠢᠨ 2᠎ᠤ᠋ᠨ ᠡᠳᠦᠷ᠂ ᠶᠠᠫᠤᠨ᠎ᠤ ᠵᠠᠰᠠᠭ᠎ᠤᠨ ᠣᠷᠳᠣᠨ《ᠶᠠᠫᠤᠨ᠎ᠤ ᠪᠠᠭᠤᠵᠤ ᠥᠭᠬᠦ ᠪᠢᠴᠢᠭ》 ᠲᠥ᠍ 《ᠪᠤᠼᠳᠠᠮ᠎ᠤᠨ ᠠᠯᠪᠠᠨ ᠵᠠᠷᠯᠠᠯ》 ᠢ᠋ ᠬᠦᠯᠢᠶᠡᠨ ᠠᠪᠬᠤ ᠵᠢ ᠲᠤᠳᠤᠷᠬᠠᠢᠯᠠᠵᠤ᠂ 《ᠪᠤᠼᠳᠠᠮ᠎ᠤᠨ ᠠᠯᠪᠠᠨ ᠵᠠᠷᠯᠠᠯ》  ᠤ᠋ᠨ  ᠡᠯ᠎ᠡ ᠵᠦᠢᠯ᠎ᠦᠨ ᠲᠣᠭᠲᠠᠭᠠᠯ᠎ᠢ ᠦᠨᠡᠨᠴᠢ ᠰᠢᠳᠤᠷᠭᠤ᠎ᠪᠠᠷ ᠭᠦᠢᠴᠡᠳᠬᠡᠨ᠎ᠡ ᠭᠡᠵᠦ ᠠᠮᠠᠯᠳᠠᠪᠠ;

︱— 1945 ᠣᠨ᠎ᠤ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ ᠦᠨᠳᠦᠰᠦᠨ ᠬᠠᠤᠯᠢ ᠲᠣᠭᠲᠠᠭᠠᠬᠤ ᠬᠤᠷᠠᠯ ᠳᠡᠭᠡᠷ᠎ᠡ᠂ ᠳᠤᠮᠳᠠᠳᠤ ᠤᠯᠤᠰ᠎ᠤᠨ ᠲᠥᠯᠥᠭᠡᠯᠡᠭᠴᠢ《ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ ᠦᠨᠳᠦᠰᠦᠨ ᠳᠦᠷᠢᠮ》 ᠳᠡᠭᠡᠷ᠎ᠡ ᠬᠠᠮᠤᠭ᠎ᠤᠨ ᠲᠦᠷᠦᠭᠦᠨ᠎ᠳᠦ ᠭᠠᠷ᠎ᠤᠨ ᠦᠰᠦᠭ ᠵᠢᠷᠤᠪᠠ ᠁

《〈ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ ᠦᠨᠳᠦᠰᠦᠨ ᠳᠦᠷᠢᠮ〉᠂ 〈ᠺᠠᠢᠷᠤ᠋᠎ᠶᠢᠨ ᠲᠤᠩᠬᠠᠭ〉᠂ 〈ᠫᠤᠼᠳᠠᠮ᠎ᠤᠨ ᠠᠯᠪᠠᠨ ᠵᠠᠷᠯᠠᠯ〉᠂ 〈ᠶᠠᠫᠤᠨ᠎ᠤ ᠪᠠᠭᠤᠵᠤ ᠥᠭᠬᠦ ᠪᠢᠴᠢᠭ〉ᠵᠢᠴᠢ ᠲᠣᠤᠺᠢᠣ᠋᠎ᠶᠢᠨ ᠰᠢᠭᠦᠨ ᠲᠠᠰᠤᠯᠬᠤ ᠲᠠᠰᠤᠯᠤᠯᠲᠠ ᠨᠢ ᠬᠠᠮᠲᠤ᠎ᠪᠠᠷ ᠳᠠᠶ᠋ᠢᠨ᠎ᠦ ᠳᠠᠷᠠᠭᠠᠬᠢ ᠣᠯᠠᠨ ᠤᠯᠤᠰ᠎ᠤᠨ ᠡᠮᠬᠢ ᠵᠢᠷᠤᠮ᠎ᠤᠨ ᠰᠠᠭᠤᠷᠢ᠎ᠶᠢᠨ ᠴᠢᠬᠤᠯᠠ ᠪᠦᠷᠢᠯᠳᠦᠭᠦᠨ ᠬᠡᠰᠡᠭ᠎ᠢ ᠪᠦᠷᠢᠯᠳᠦᠭᠦᠯᠵᠡᠢ》 ᠭᠡᠵᠦ ᠱᠠᠩᠬᠠᠢ᠎ᠶᠢᠨ ᠵᠠᠮ ᠬᠠᠷᠢᠯᠴᠠᠭᠠᠨ᠎ᠤ ᠶᠡᠬᠡ ᠰᠤᠷᠭᠠᠭᠤᠯᠢ᠎ᠶᠢᠨ ᠲᠣᠣᠺᠢᠤ᠋ ᠵᠢᠨ ᠰᠢᠭᠦᠨ ᠲᠠᠰᠤᠯᠬᠤ ᠰᠤᠳᠤᠯᠭᠠᠨ᠎ᠤ ᠲᠥᠪ᠎ᠦᠨ ᠡᠷᠬᠢᠯᠡᠭᠴᠢ ᠴᠧᠩ ᠵᠤᠤ ᠴᠢ ᠬᠡᠯᠡᠪᠡ᠃

ᠣᠳᠣᠬᠠᠨ ᠎ᠤ ᠳᠡᠯᠡᠬᠡᠢ ᠶᠢᠷᠲᠢᠨᠴᠦ᠎ᠳᠦ᠂ ᠴᠠᠭ ᠦᠶ᠎ᠡ᠎ᠶᠢᠨ ᠡᠩᠬᠡ ᠲᠠᠢᠪᠤᠩ ᠬᠥᠭᠵᠢᠯᠲᠡ᠎ᠶᠢᠨ ᠶᠡᠬᠡ ᠬᠠᠨᠳᠤᠰᠢ᠎ᠶᠢ ᠲᠠᠭᠠᠵᠦ ᠪᠠᠢᠭ᠎ᠠ ᠨᠢ ᠨᠢᠭᠡ ᠰᠢᠰᠲᠧᠮ᠂ ᠨᠢᠭᠡ ᠵᠦᠢᠯ᠎ᠦᠨ ᠡᠮᠬᠢ ᠲᠢᠭᠯᠢᠮ᠂ ᠨᠢᠭᠡ ᠢᠵᠢ ᠳᠦᠷᠢᠮ ᠪᠣᠯᠣᠨ᠎ᠠ᠂ ᠲᠡᠷᠡ ᠨᠢ ᠳᠠᠷᠤᠢ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠪᠠᠷ ᠭᠣᠣᠯ ᠪᠣᠯᠭᠠᠭᠰᠠᠨ ᠤᠯᠠᠨ ᠤᠯᠤᠰ᠎ᠤᠨ ᠰᠢᠰᠲᠧᠮ᠂ ᠤᠯᠠᠨ ᠤᠯᠤᠰ᠎ᠤᠨ ᠬᠠᠤᠯᠢ᠎ᠪᠠᠷ ᠰᠠᠭᠤᠷᠢ ᠪᠣᠯᠭᠠᠭᠰᠠᠨ ᠤᠯᠠᠨ ᠤᠯᠤᠰ᠎ᠤᠨ ᠡᠮᠬᠢ ᠲᠢᠭᠯᠢᠮ᠂《ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ ᠦᠨᠳᠦᠰᠦᠨ ᠳᠦᠷᠢᠮ》 ᠤ᠋ᠨ ᠵᠣᠷᠢᠯᠲᠠ ᠪᠣᠯᠣᠨ ᠵᠠᠷᠴᠢᠮ᠎ᠢᠶᠠᠷ ᠰᠠᠭᠤᠷᠢ ᠪᠣᠯᠭᠠᠭᠰᠠᠨ ᠤᠯᠠᠨ ᠤᠯᠤᠰ᠎ᠤᠨ ᠬᠠᠷᠢᠯᠴᠠᠭᠠᠨ ᠎ᠤ ᠦᠨᠳᠦᠰᠦᠨ ᠪᠠᠷᠢᠮᠵᠢᠶ᠎ᠠ ᠪᠣᠯᠣᠨ᠎ᠠ᠃

1949 ᠣᠨ᠎ᠤ 10 ᠰᠠᠷ᠎ᠠ ᠵᠢᠨ  24᠎ᠤ᠋ ᠡᠳᠦᠷ᠂ ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ ᠪᠠᠢᠭᠤᠯᠤᠭᠳᠠᠭᠰᠠᠨ ᠳᠥᠷᠪᠡᠨ ᠵᠢᠯ᠎ᠦᠨ ᠣᠶ᠎ᠶᠢᠨ ᠲᠠᠰᠢᠷᠠᠮ᠎ᠳᠤ᠂ ᠨᠢᠦ᠋ ᠶᠣᠷᠺ᠎ᠲᠤ ᠪᠠᠢᠷᠢᠯᠠᠭ᠎ᠠ ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ ᠶᠡᠷᠦᠩᠬᠡᠢ ᠵᠠᠬᠢᠷᠭ᠎ᠠ᠎ᠶᠢᠨ ᠲᠣᠮᠣ᠌ ᠠᠰᠠᠷ᠎ᠤᠨ ᠰᠠᠭᠤᠷᠢ ᠲᠠᠯᠪᠢᠬᠤ ᠶᠣᠰᠣᠯᠠᠯ ᠶᠠᠪᠤᠭᠳᠠᠪᠠ᠃ ᠠᠩᠭ᠌ᠯᠢ᠂ ᠹᠷᠠᠨᠼᠢ᠂ ᠳᠤᠮᠳᠠᠳᠤ᠂ ᠤᠷᠤᠰ᠂ ᠢᠰᠫᠠᠨᠢ ᠬᠡᠯᠡ᠎ᠪᠡᠷ《ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ》 ᠭᠡᠬᠦ ᠦᠰᠦᠭ᠎ᠢ ᠰᠡᠢᠯᠦᠭᠰᠡᠨ ᠰᠠᠭᠤᠷᠢ᠎ᠶᠢᠨ ᠴᠢᠯᠠᠭᠤᠨ ᠳᠤᠮᠳᠠ᠂ ᠲᠤᠰᠬᠠᠢᠯᠠᠨ ᠲᠡᠮᠦᠷᠯᠢᠭ ᠬᠠᠢᠷᠴᠠᠭ᠎ᠳᠤᠲᠤᠷ᠎ᠠ《ᠤᠯᠠᠨ ᠤᠯᠤᠰ ᠎ᠤᠨ ᠬᠣᠯᠪᠣᠭᠠᠲᠤ ᠪᠠᠢᠭᠤᠯᠭ᠎ᠠ᠎ᠶᠢᠨ ᠦᠨᠳᠦᠰᠦᠨ ᠳᠦᠷᠢᠮ》 ᠵᠡᠷᠭᠡ ᠲᠣᠪᠬᠢᠮᠠᠯ ᠎ᠢ ᠬᠠᠳᠠᠭᠠᠯᠠᠵᠤ᠂ ᠦᠭᠡ ᠥᠭᠦᠯᠡᠪᠦᠷᠢ ᠪᠤᠯᠭᠠᠨ ᠨᠢ ᠬᠦᠨᠳᠦ ᠴᠢᠬᠤᠯᠠ ᠠᠭᠤᠯᠭ᠎ᠠ ᠲᠡᠢ ᠪᠠᠢᠯ᠎ᠠ᠄

ᠬᠣᠵᠢᠮ ᠎ᠤᠨ ᠬᠥᠮᠥᠰ ᠎ᠤᠨ ᠳᠠᠢᠨ᠎ᠤ ᠠᠶᠤᠯ᠎ᠳᠤ ᠳᠠᠬᠢᠨ ᠤᠴᠠᠷᠠᠬᠤ᠎ᠡᠴᠡ ᠵᠠᠢᠯᠠᠬᠤ᠎ᠶᠢᠨ ᠲᠥᠯᠥᠭᠡ᠂ ᠡᠷᠬᠡᠪᠰᠢ 《ᠬᠦᠴᠦᠨ᠎ᠢᠶᠡᠨ ᠲᠥᠪᠯᠡᠷᠡᠭᠦᠯᠵᠦ᠂ ᠳᠡᠯᠡᠬᠡᠢ᠎ᠶᠢᠨ ᠡᠩᠬᠡ ᠲᠠᠢ᠍ᠢᠪᠤᠩ ᠪᠣᠯᠣᠨ ᠠᠮᠤᠷ ᠲᠦᠪᠰᠢᠨ᠎ᠢ ᠬᠠᠮᠠᠭᠠᠯᠠᠵᠤ》᠂ 《ᠵᠠᠷᠴᠢᠮ᠎ᠢ ᠬᠦᠯᠢᠶᠡᠨ ᠠᠪᠴᠤ᠂ ᠠᠷᠭ᠎ᠠ᠎ᠶᠢ ᠲᠣᠭᠲᠠᠭᠠᠵᠤ᠂ ᠣᠯᠠᠨ ᠨᠡᠢ᠍ᠢᠲᠡ᠎ᠶᠢᠨ ᠠᠰᠢᠭ᠋ ᠲᠤᠰᠠ᠎ᠶᠢᠨ ᠲᠥᠯᠥᠭᠡ ᠪᠢᠰᠢ ᠪᠤᠯ ᠵᠡᠪᠰᠡᠭᠲᠦ ᠬᠦᠴᠦᠨ ᠬᠡᠷᠡᠭᠯᠡᠵᠦ ᠪᠣᠯᠬᠤ ᠦᠭᠡᠢ ᠵᠢ ᠪᠠᠲᠤᠯᠠᠬᠤ ᠬᠡᠷᠡᠭᠳᠡᠢ》 ᠁

(ᠬᠣᠶᠠᠷ) ᠰᠣᠶᠣᠭ᠎ᠠ ᠎ᠪᠠᠨ ᠴᠤᠬᠤᠶ᠋ᠢᠯᠭᠠᠭᠰᠠᠨ ᠶᠠᠫᠤᠨ᠎ᠤ 《ᠰᠢᠨ᠎ᠡ ᠬᠡᠯᠪᠡᠷᠢ ᠵᠢᠨ ᠴᠡᠷᠢᠭᠯᠡᠬᠦ ᠦᠵᠡᠯ》

《ᠲᠠᠺᠠᠶᠢᠴᠢ ᠰᠠᠨᠠᠶᠸ ᠳᠤᠷ᠎ᠠ ᠎ᠪᠠᠷ ᠠᠭᠠᠰᠢᠯᠠᠵᠤ ᠪᠤᠯᠬᠤ ᠦᠭᠡᠢ》᠂《ᠶᠠᠫᠤᠨ ᠵᠡᠪᠰᠡᠭᠲᠦ ᠬᠦᠴᠦᠨ᠎ᠢᠶᠡᠨ ᠡᠭᠦᠷᠢᠳᠡ ᠲᠠᠶᠠᠭᠳᠠᠬᠤ ᠬᠡᠷᠡᠭᠲᠡᠢ》᠁ 2026 ᠣᠨ᠎ᠤ 7 ᠰᠠᠷ᠎ᠠ᠎ᠶᠢᠨ 10 ᠎ᠤ᠋ ᠡᠳᠦᠷ ᠲᠣᠣᠺᠢᠤ᠋᠎ᠳᠤ᠂ ᠬᠡᠳᠦᠨ ᠺᠢᠯᠤᠮᠸᠲᠷ ᠤᠷᠳᠤ ᠮᠥᠷᠯᠡᠭᠰᠡᠨ ᠶᠠᠫᠤᠨ᠎ᠤ ᠠᠷᠠᠳ ᠤᠯᠠᠨ ᠭᠠᠷ᠎ᠲᠠᠭᠠᠨ ᠤᠷᠢᠶ᠎ᠠ ᠯᠣᠽᠦ᠋ᠩ ᠪᠠᠷᠢᠵᠤ᠂ ᠤᠯᠤᠰ᠎ᠤᠨ ᠬᠤᠷᠠᠯ᠎ᠤᠨ ᠬᠡᠷᠡᠭ ᠵᠥᠪᠯᠡᠬᠦ ᠲᠠᠩᠬᠢᠮ᠎ᠤᠨ ᠡᠮᠦᠨ᠎ᠡ ᠡᠰᠡᠷᠭᠦᠴᠡᠯ᠎ᠤᠨ ᠴᠤᠭᠯᠠᠭᠠᠨ᠎ᠪᠤᠯᠵᠦ᠂ ᠲᠠᠺᠠᠶᠢᠴᠢ ᠰᠠᠨᠠᠶᠸ᠎ᠶᠢᠨ ᠵᠠᠰᠠᠭ᠎ᠤᠨ ᠣᠷᠳᠣᠨ᠎ᠤ ᠴᠡᠷᠢᠭ ᠥᠷᠭᠡᠳᠬᠡᠬᠦ ᠲᠦᠷᠦ᠎ᠶᠢᠨ ᠪᠣᠳᠣᠯᠭ᠎ᠠ ᠪᠣᠯᠣᠨ ᠦᠨᠳᠦᠰᠦᠨ ᠬᠠᠤᠯᠢ᠎ᠳᠤ ᠵᠠᠰᠠᠪᠤᠷᠢ ᠣᠷᠣᠭᠤᠯᠬᠤ ᠭᠣᠷᠢᠳᠠᠯᠭ᠎ᠠ᠎ᠶᠢ ᠡᠰᠡᠷᠭᠦᠴᠡᠪᠡ᠃

ᠶᠠᠫᠤᠨ᠎ᠤ ᠡᠭᠦᠰᠬᠡᠭᠰᠡᠨ ᠳᠠᠶ᠋ᠢᠨ ᠪᠣᠯ 《ᠥᠪᠡᠷ᠎ᠤᠨ ᠤᠷᠤᠰᠢᠨ ᠲᠤᠭᠲᠠᠨᠢᠯ᠎ᠢ ᠪᠠᠲᠤᠯᠠᠨ ᠥᠪᠡᠷ᠎ᠢ᠎ᠪᠡᠨ ᠬᠠᠮᠠᠭᠠᠯᠠᠬᠤ ᠳᠠᠶ᠋ᠢᠨ》 ᠮᠥᠨ ᠭᠡᠵᠦ ᠢᠯᠡᠷᠬᠡᠢᠯᠡᠵᠦ᠂ ᠲᠦᠷᠢᠮᠡᠬᠡᠢᠯᠡᠬᠦ ᠳᠠᠶ᠋ᠢᠨ᠎ᠤ ᠬᠤᠤᠷᠯᠠᠯ ᠠᠮᠰᠠᠭᠰᠠᠨ ᠠᠽᠢᠶ᠎ᠠ ᠲᠢᠪ᠎ᠦᠨ ᠤᠯᠤᠰ ᠪᠣᠯᠣᠨ ᠠᠷᠠᠳ ᠲᠦᠮᠡᠨ᠎ᠳᠦ ᠣᠰᠣᠯ ᠬᠦᠯᠢᠶᠡᠬᠦ ᠵᠢ ᠲᠤᠳᠤᠷᠬᠠᠢ ᠡᠰᠡᠷᠭᠦᠴᠡᠨ᠂ ᠳᠡᠯᠡᠬᠡᠢ᠎ᠶᠢᠨ ᠬᠣᠶᠠᠳᠤᠭᠠᠷ ᠳᠠᠶ᠋ᠢᠨ᠎ᠦ ᠬᠥᠬᠡ ᠳᠡᠰ᠎ᠤᠨ 14 ᠳᠠᠶ᠋ᠢᠨ᠎ᠦ ᠶᠠᠯᠠᠲᠠᠨ᠎ᠢ ᠲᠠᠬᠢᠳᠠᠭ ᠶᠠᠰᠦᠢ᠍ᠺᠦᠢ᠍ᠨᠢ ᠰᠦᠮ᠎ᠡ᠎ᠳᠦ ᠤᠳᠠᠭᠠᠨ ᠵᠢᠯ ᠪᠠᠷᠠᠳᠠᠨ ᠮᠦᠷᠭᠦᠭᠰᠡᠨ᠁ ᠲᠠᠺᠠᠶᠢᠴᠢ ᠰᠠᠨᠠᠶᠸ᠂ ᠶᠠᠭ ᠡᠢᠮᠦᠷᠬᠦᠦ ᠲᠡᠦᠬᠡ᠎ᠶᠢᠨ ᠪᠤᠷᠤᠭᠤ ᠦᠵᠡᠯᠲᠡ᠎ᠶᠢ ᠪᠠᠷᠢᠮᠲᠠᠯᠠᠳᠠᠭ ᠪᠠᠷᠠᠭᠤᠨᠲᠠᠨ᠎ᠤ ᠤᠯᠤᠰ ᠲᠦᠷᠦ ᠵᠢᠨ ᠵᠠᠪᠰᠢᠭᠴᠢ ᠬᠠᠷᠢᠨ ᠶᠠᠫᠤᠨ᠎ᠤ ᠣᠳᠣ᠌᠎ᠶᠢᠨ ᠲᠡᠷᠢᠭᠦᠨ ᠰᠠᠢᠳ ᠪᠤᠯᠪᠠ᠃

2025 ᠣᠨ᠎ᠤ 10 ᠰᠠᠷ᠎ᠠ᠎ᠳᠤ ᠲᠠᠢᠰᠠᠨ᠎ᠳᠤ ᠭᠠᠷᠤᠭᠰᠠᠨ᠎ᠡᠴᠡ ᠨᠠᠭᠠᠰᠢ᠂ ᠲᠠᠺᠠᠶᠢᠴᠢ ᠰᠠᠨᠠᠶᠸ᠎ᠶᠢᠨ ᠵᠠᠰᠠᠭ᠎ᠤᠨ ᠡᠷᠬᠡ ᠡᠯ᠎ᠡ ᠵᠦᠢᠯ᠎ᠦᠨ ᠪᠠᠷᠠᠭᠤᠨᠳᠠᠨ᠎ᠤ ᠵᠥᠪᠯᠡᠬᠦ ᠵᠦᠢᠯ᠎ᠢ ᠶᠡᠬᠡ ᠪᠡᠷ ᠠᠬᠢᠭᠤᠯᠵᠤ᠂ ᠴᠡᠷᠢᠭ ᠦᠷᠭᠡᠳᠬᠡᠨ ᠵᠡᠷ ᠵᠡᠪᠰᠡᠭ ᠪᠡᠯᠡᠳᠬᠡᠬᠦ ᠠᠵᠢᠯ᠎ᠢ ᠶᠡᠬᠡ ᠪᠡᠷ ᠬᠢᠪᠡ᠃

ᠰᠡᠷᠭᠡᠢᠯᠡᠨ ᠬᠠᠮᠠᠭᠠᠯᠠᠬᠤ ᠲᠥᠰᠥᠪ᠎ᠢ ᠶᠡᠬᠡ᠎ᠪᠡᠷ ᠨᠡᠮᠡᠭᠳᠡᠭᠦᠯᠵᠦ᠂ ᠲᠠᠢ᠍ᠢᠨ᠎ᠦ ᠳᠠᠷᠠᠭᠠᠬᠢ ᠲᠡᠦᠬᠡ᠎ᠶᠢᠨ ᠬᠠᠮᠤᠭ᠎ᠤᠨ ᠥᠨᠳᠥᠷ ᠲᠡᠮᠳᠡᠭᠯᠡᠯ᠎ᠢ 14 ᠵᠢᠯ ᠳᠠᠷᠠᠭᠠᠯᠠᠨ ᠰᠢᠨᠡᠳᠬᠡᠪᠡ;《ᠰᠡᠷᠭᠡᠢᠯᠡᠨ ᠬᠠᠮᠠᠭᠠᠯᠠᠬᠤ ᠲᠣᠨᠣᠭ ᠲᠦᠬᠦᠭᠡᠷᠦᠮᠵᠢ ᠵᠢ ᠰᠢᠯᠵᠢᠭᠦᠯᠬᠦ ᠭᠤᠷᠪᠠᠨ ᠵᠠᠷᠴᠢᠮ》 ᠵᠢᠴᠢ ᠲᠡᠭᠦᠨ᠎ᠢ ᠬᠡᠷᠡᠭᠯᠡᠬᠦ ᠵᠦᠭᠯᠡᠭᠦᠷ᠎ᠲᠦ ᠵᠠᠰᠠᠪᠤᠷᠢ ᠣᠷᠣᠭᠤᠯᠵᠤ᠂ ᠠᠯᠠᠵᠤ ᠰᠢᠷᠬᠠᠲᠤᠭᠤᠯᠬᠤ ᠴᠢᠨᠠᠷᠲᠠᠢ ᠵᠡᠪᠰᠡᠭ᠎ᠢ ᠭᠠᠳᠠᠭᠠᠳᠤ᠎ᠳᠤ ᠭᠠᠷᠭᠠᠬᠤ᠎ᠶᠢ ᠴᠠᠭᠠᠵᠠᠯᠠᠬᠤ᠎ᠶᠢ ᠵᠣᠭᠰᠣᠭᠠᠪᠠ; ᠳᠣᠲᠣᠭᠠᠳᠤ ᠭᠠᠳᠠᠭᠠᠳᠤ ᠎ᠶᠢᠨ ᠨᠢᠭᠤᠴᠠ ᠮᠡᠳᠡᠭᠡᠨ᠎ᠤ ᠴᠢᠳᠠᠪᠤᠷᠢ᠎ᠶᠢ ᠴᠢᠩᠭᠠᠳᠬᠠᠬᠤ᠎ᠪᠠᠷ ᠴᠢᠷᠮᠠᠢᠵᠤ᠂ 《ᠤᠯᠤᠰ ᠎ᠤᠨ ᠨᠢᠭᠤᠴᠠ ᠮᠡᠳᠡᠭᠡᠨ᠎ᠤ ᠲᠣᠪᠴᠢᠶ᠎ᠠ》ᠶ᠋ᠢ ᠵᠢᠩᠬᠢᠨᠢ᠎ᠪᠡᠷ ᠪᠠᠢᠭᠤᠯᠵᠤ᠂ ᠴᠡᠷᠢᠭ ᠥᠷᠭᠡᠳᠬᠡᠬᠦ᠎ᠳᠦ ᠨᠢᠭᠤᠴᠠ ᠮᠡᠳᠡᠭᠡᠨ᠎ᠤ ᠲᠤᠯᠭᠠᠭᠤᠷᠢᠯᠠᠯ ᠬᠠᠩᠭᠠᠪᠠ;《ᠴᠥᠮ᠎ᠡ᠎ᠶᠢᠨ ᠵᠡᠪᠰᠡᠭ ᠦᠭᠡᠢ ᠪᠠᠢᠬᠤ ᠭᠤᠷᠪᠠᠨ ᠵᠠᠷᠴᠢᠮ》 ᠳ᠋ᠤ ᠵᠠᠰᠠᠪᠤᠷᠢ ᠣᠷᠣᠭᠤᠯᠬᠤ᠎ᠪᠠᠷ ᠭᠣᠷᠢᠳᠠᠵᠤ᠂ ᠴᠥᠮ᠎ᠡ᠎ᠶᠢᠨ ᠬᠤᠷᠢᠭ᠎ᠠ ᠴᠡᠭᠡᠷ᠎ᠢ ᠰᠢᠪᠲᠤᠯᠬᠤ᠎ᠪᠠᠷ ᠲᠠᠰᠤᠷᠠᠯᠲᠠ ᠦᠭᠡᠢ ᠲᠤᠷᠰᠢᠪᠠ;《ᠳᠤᠮᠳᠠᠳᠤ ᠤᠯᠤᠰ᠎ᠤᠨ ᠰᠦᠷᠳᠡᠭᠦᠯᠦᠯ》 ᠢ᠋ ᠲᠠᠰᠤᠷᠠᠯᠲᠠ ᠦᠭᠡᠢ ᠦᠰᠭᠡᠭᠡᠨ ᠲᠦᠰᠭᠡᠭᠡᠨ ᠲᠡᠢ ᠶᠠᠷᠢᠵᠤ᠂ ᠲᠠᠢᠸᠠᠨ ᠬᠣᠭᠣᠯᠠᠢ᠎ᠶᠢᠨ ᠪᠠᠢᠳᠠᠯ᠎ᠳᠤ ᠭᠠᠷ ᠲᠦᠷᠦᠯ᠎ᠡ ᠬᠡᠮᠡᠨ ᠶᠡᠬᠡᠷᠬᠡᠦ ᠢᠯᠡᠷᠬᠡᠢᠯᠡᠵᠦ᠂ ᠶᠠᠫᠤᠨ᠎ᠤ ᠥᠩᠭᠡᠷᠡᠭᠰᠡᠨ᠎ᠦ ᠲᠡᠷᠢᠭᠦᠨ ᠰᠠᠢᠳ᠎ᠤᠨ ᠳᠣᠲᠣᠷ᠎ᠡ ᠡᠴᠡ ᠬᠠᠮᠤᠭ ᠲᠦᠷᠦᠭᠦᠨ᠎ᠳᠦ《ᠲᠠᠢᠸᠠᠨ ᠤᠴᠢᠷ᠎ᠶᠠᠪᠤᠳᠠᠯ ᠲᠡᠢ ᠪᠠᠢᠬᠤ》  ᠎ᠶᠢ ᠶᠠᠫᠤᠨ᠎ᠤ ᠬᠠᠮᠲᠤ᠎ᠶᠢᠨ ᠥᠪᠡᠷ᠎ᠢ᠎ᠪᠡᠨ ᠬᠠᠮᠠᠭᠠᠯᠠᠬᠤ ᠡᠷᠬᠡ᠎ᠪᠡᠨ ᠬᠡᠷᠡᠭᠵᠢᠭᠦᠯᠵᠦ ᠪᠣᠯᠬᠤ《ᠰᠦᠨᠦᠵᠦ ᠲᠤᠭᠳᠠᠨᠢᠬᠤ᠎ᠶᠢᠨ ᠬᠢᠮᠤᠷᠠᠯ᠎ᠤᠨ ᠪᠠᠢᠳᠠᠯ》 ᠲᠠᠢ ᠬᠣᠯᠪᠣᠨ᠎ᠠ ᠭᠡᠵᠦ ᠲᠤᠳᠤᠷᠬᠠᠢᠯᠠᠪᠠ ᠁

ᠶᠠᠫᠤᠨ ᠳᠠᠶ᠋ᠢᠨ ᠎ᠳᠦ ᠢᠯᠠᠭᠳᠠᠭᠰᠠᠨ᠎ᠡᠴᠡ ᠨᠠᠭᠠᠰᠢ᠂ ᠶᠠᠫᠤᠨ᠎ᠤ ᠤᠯᠤᠰ᠎ᠤᠨ ᠳᠣᠲᠣᠭᠠᠳᠤ᠎ᠳᠤ ᠴᠡᠷᠢᠭᠯᠡᠬᠦ ᠦᠵᠡᠯ ᠎ᠦᠨ ᠦᠯᠡᠳᠡᠭᠳᠡᠯ ᠶᠤᠷᠤ ᠵᠢ ᠶᠡᠷᠦ᠎ᠡᠴᠡ ᠠᠷᠢᠯᠭᠠᠵᠤ ᠴᠢᠳᠠᠭᠰᠠᠨ ᠦᠭᠡᠢ᠂ ᠨᠢᠭᠡ ᠪᠦᠯᠦᠭ ᠬᠦᠴᠦᠨ ᠨᠢ ᠲᠦᠷᠢᠮᠡᠬᠡᠢᠯᠡᠯ᠎ᠦᠨ ᠲᠡᠦᠬᠡ᠎ᠶᠢ ᠡᠷᠭᠢᠴᠡᠭᠦᠯᠦᠨ ᠲᠤᠨᠭᠭᠠᠵᠤ ᠴᠢᠳᠠᠭᠰᠠᠨ ᠦᠭᠡᠢ ᠮᠥᠷᠲᠡᠭᠡᠨ ᠬᠠᠷᠢᠨ ᠳᠠᠶ᠋ᠢᠨ᠎ᠦ ᠳᠠᠷᠠᠭᠠᠬᠢ ᠣᠯᠠᠨ ᠤᠯᠤᠰ᠎ᠤᠨ ᠲᠣᠬᠢᠷᠠᠭᠤᠯᠤᠯᠲᠠ᠎ᠳᠤ ᠲᠤᠢᠯ᠎ᠢᠶᠠᠷ 《ᠳᠤᠷ᠎ᠠ ᠦᠭᠡᠢᠴᠡᠵᠦ》 ᠪᠠᠢᠪᠠ᠃

ᠣᠳᠣᠬᠠᠨ᠎ᠳᠤ᠂ ᠲᠠᠺᠠᠶᠢᠴᠢ ᠰᠠᠨᠠᠶᠸ ᠎ᠪᠠᠷ ᠲᠥᠯᠥᠭᠡᠯᠡᠭᠦᠯᠦᠭᠰᠡᠨ ᠶᠠᠫᠤᠨ᠎ᠤ ᠪᠠᠷᠠᠭᠤᠨᠳᠠᠨ᠎ᠤ ᠬᠦᠴᠦᠨ ᠲᠦᠷᠢᠮᠡᠬᠡᠢᠯᠡᠯ ᠎ᠢᠶᠡᠨ ᠵᠦᠪᠳᠦᠭᠡᠵᠦ᠂ ᠲᠦᠷᠢᠮᠡᠬᠡᠢᠯᠡᠯ᠎ᠢᠶᠡᠨ ᠦᠭᠡᠢᠰᠬᠡᠵᠤ᠂ ᠲᠡᠦᠬᠡ᠎ᠶᠢ ᠭᠠᠵᠢᠭᠤᠳᠠᠭᠤᠯᠤᠨ᠂ ᠲᠡᠦᠬᠡ᠎ᠶᠢ ᠥᠭᠡᠷᠡᠲᠦᠭᠦᠯᠵᠦ᠂《ᠳᠠᠬᠢᠨ ᠴᠡᠷᠢᠭᠵᠢᠬᠦ》 ᠭᠡᠰᠡᠨ ᠵᠡᠷᠯᠢᠭ ᠰᠠᠨᠠᠭ᠎ᠠ ᠨᠢ ᠮᠠᠰᠢ ᠲᠣᠳᠣᠷᠬᠠᠢ᠃ ᠶᠠᠫᠤᠨ᠎ᠤ 《ᠰᠢᠨ᠎ᠡ ᠬᠡᠯᠪᠡᠷᠢ ᠵᠢᠨ ᠴᠡᠷᠢᠭᠵᠢᠬᠦ ᠦᠵᠡᠯ》 ᠎ᠤᠨ ᠭᠠᠢ ᠲᠠᠳᠠᠵᠤ ᠪᠠᠢᠭ᠎ᠠ ᠨᠢ ᠮᠠᠷᠭᠤᠰᠢ ᠦᠭᠡᠢ ᠪᠣᠳᠠᠲᠤ ᠬᠡᠷᠡᠭ ᠪᠠᠢᠵᠤ᠂ ᠪᠣᠳᠠᠲᠤ ᠠᠬᠤᠢ ᠵᠢᠨ ᠰᠦᠷᠳᠡᠭᠦᠯᠦᠯ ᠪᠣᠯᠵᠤ ᠪᠠᠢᠨ᠎ᠠ᠃

ᠶᠠᠫᠤᠨ᠎ᠤ ᠪᠠᠷᠠᠭᠤᠨᠲᠠᠨ᠎ᠤ ᠬᠦᠴᠦᠨ᠎ᠦ ᠪᠤᠢ ᠪᠦᠬᠦᠢ ᠦᠢᠯᠡ ᠠᠵᠢᠯᠯᠠᠭ᠎ᠠ ᠨᠢ ᠶᠠᠫᠤᠨ᠎ᠤ ᠭᠦᠢᠴᠡᠳᠬᠡᠬᠦ ᠶᠣᠰᠣᠲᠠᠢ ᠣᠯᠠᠨ ᠤᠯᠤᠰ᠎ᠤᠨ ᠬᠠᠤᠯᠢ᠎ᠶᠢᠨ ᠡᠭᠦᠷᠭᠡ᠎ᠡᠴᠡ ᠬᠦᠨᠳᠦ ᠨᠣᠴᠢᠲᠠᠢ ᠵᠥᠷᠢᠴᠡᠪᠡ᠃

ᠶᠠᠫᠤᠨ《ᠵᠡᠪᠰᠡᠭᠯᠡᠬᠦ ᠪᠡᠨ ᠪᠦᠷᠢᠮᠦᠰᠦᠨ ᠦᠭᠡᠢᠰᠬᠡᠬᠦ》ᠨᠢ ᠵᠤᠬᠢᠰᠳᠠᠢ ᠪᠠᠢᠵᠤ᠂ 《ᠳᠠᠬᠢᠨ ᠵᠡᠪᠰᠡᠭᠯᠡᠵᠤ ᠪᠠᠢᠯᠳᠤᠵᠤ ᠪᠣᠯᠬᠤ ᠠᠵᠤ ᠦᠢᠯᠡᠳᠪᠦᠷᠢ》ᠶ᠋ᠢ ᠬᠡᠪ᠎ᠢᠶᠡᠷ ᠪᠠᠢᠯᠭᠠᠵᠤ ᠪᠣᠯᠬᠤ ᠦᠭᠡᠢ᠂ ᠴᠥᠮ᠎ᠡ᠎ᠶᠢᠨ ᠵᠡᠪᠰᠡᠭ᠎ᠢ ᠦᠯᠦ ᠬᠦᠯᠢᠶᠡᠨ ᠠᠪᠬᠤ᠂ ᠦᠯᠦ ᠦᠢᠯᠡᠳᠬᠦ᠂ ᠦᠯᠦ ᠡᠵᠡᠮᠰᠢᠬᠦ᠂ ᠦᠯᠦ ᠲᠠᠷᠬᠠᠭᠠᠬᠤ ᠲᠣᠭᠲᠠᠭᠠᠯ᠎ᠢ ᠡᠷᠬᠡᠪᠰᠢ ᠪᠦᠷᠢᠮᠦᠰᠦᠨ ᠵᠢᠷᠤᠮᠯᠠᠬᠤ ᠬᠡᠷᠡᠭᠲᠡᠢ᠃ ᠡᠳᠡᠭᠡᠷ ᠪᠣᠯ ᠴᠥᠮ ᠶᠠᠫᠤᠨ᠎ᠤ ᠲᠠᠯ᠎ᠠ᠎ᠶᠢᠨ ᠡᠷᠬᠡᠪᠰᠢ ᠭᠦᠢᠴᠡᠳᠬᠡᠬᠦ ᠬᠡᠷᠡᠭᠲᠡᠢ ᠣᠯᠠᠨ ᠤᠯᠤᠰ᠎ᠤᠨ ᠬᠠᠤᠯᠢ᠎ᠶᠢᠨ ᠡᠭᠦᠷᠭᠡ ᠪᠠᠢᠵᠤ᠂ ᠦᠨ᠎ᠡ ᠬᠠᠨᠭᠰᠢ ᠬᠡᠯᠡᠯᠴᠡᠬᠦ ᠤᠯᠤᠰ ᠲᠥᠷᠥ᠎ᠶᠢᠨ ᠨᠥᠬᠥᠴᠡᠯ ᠣᠭᠲᠣ᠌ ᠪᠢᠰᠢ ᠶᠤᠮ᠃

ᠶᠠᠫᠤᠨ᠎ᠤ ᠪᠠᠷᠠᠭᠤᠨᠲᠠᠨ᠎ᠤ ᠬᠦᠴᠦᠨ᠎ᠦ ᠪᠤᠢ ᠪᠦᠬᠦᠢ ᠦᠢᠯᠡ ᠠᠵᠢᠯᠯᠠᠭ᠎ᠠ ᠨᠢ ᠳᠡᠯᠡᠬᠡᠢ᠎ᠶᠢᠨ ᠪᠠ ᠠᠽᠢᠶ᠎ᠠ ᠲᠢᠪ ᠨᠣᠮᠣᠬᠠᠨ ᠳᠠᠯᠠᠶ᠎ᠶᠢᠨ ᠣᠷᠣᠨ᠎ᠤ ᠡᠩᠬᠡ ᠲᠠᠢᠪᠤᠩ ᠪᠠ ᠲᠣᠭᠲᠠᠭᠤᠨ᠎ᠢ ᠬᠦᠨᠳᠦ ᠨᠣᠴᠢᠲᠠᠢ ᠬᠣᠬᠢᠷᠠᠭᠤᠯᠪᠠ᠃

ᠤᠯᠠᠨ᠎ᠤ ᠨᠢᠳᠤ ᠤᠳᠤ ᠶᠤᠮ᠃ ᠠᠵᠢᠯᠯᠠᠭ᠎ᠠ᠎ᠶᠢᠨ ᠲᠠᠯ᠎ᠠ᠎ᠪᠠᠷ ᠨᠠᠢᠷᠠᠮᠳᠠᠯ᠎ᠤᠨ ᠦᠨᠳᠦᠰᠦᠨ ᠬᠠᠤᠯᠢ᠎ᠳᠤ ᠵᠠᠰᠠᠪᠤᠷᠢ ᠣᠷᠣᠭᠤᠯᠬᠤ᠎ᠶᠢ ᠲᠦᠯᠬᠢᠨ ᠠᠬᠢᠭᠤᠯᠵᠤ᠂ ᠠᠯᠠᠵᠤ ᠰᠢᠷᠬᠠᠲᠤᠭᠤᠯᠬᠤ ᠴᠢᠨᠠᠷᠲᠠᠢ ᠵᠡᠪᠰᠡᠭ᠎ᠢ ᠭᠠᠳᠠᠭ᠍ᠰᠢ ᠭᠠᠷᠭᠠᠬᠤ᠎ᠶᠢ ᠠᠭᠤᠵᠢᠭᠤ ᠲᠠᠯᠪᠢᠵᠤ᠂ ᠳᠠᠭᠠᠷᠢᠯᠲᠠ᠎ᠶᠢᠨ ᠴᠢᠨᠠᠷᠲᠠᠢ ᠵᠠᠯᠠᠭᠤᠷᠲᠤ ᠰᠤᠮᠤ ᠪᠠᠢᠷᠢᠯᠠᠭᠤᠯᠤᠭᠰᠠᠨ ᠶᠠᠫᠤᠨ᠂ ᠠᠯᠢ ᠬᠡᠳᠦᠢᠨ ᠰᠦᠢᠷᠡᠭᠰᠡᠨ《ᠡᠩᠬᠡ ᠲᠠᠢᠪᠤᠩ ᠤᠯᠤᠰ》 ᠤ᠋ᠨ ᠳᠦᠷᠢ ᠲᠥᠷᠬᠦ᠎ᠪᠡᠨ ᠬᠡᠳᠦᠢᠴᠢᠨᠡᠬᠡᠨ ᠵᠠᠰᠠᠵᠤ ᠴᠢᠮᠡᠪᠡᠴᠦ ᠴᠡᠷᠢᠭ᠎ᠦᠨ ᠶᠠᠪᠤᠳᠠᠯ᠎ᠢ ᠦᠷᠭᠡᠳᠬᠡᠬᠦ᠎ᠳᠦ ᠵᠠᠮ ᠳᠡᠪᠢᠰᠬᠦ ᠦᠨᠡᠨ ᠰᠠᠨᠠᠭ᠎ᠠ᠎ᠪᠠᠨ ᠬᠠᠯᠬᠠᠯᠠᠵᠤ ᠴᠢᠳᠠᠬᠤ ᠦᠭᠡᠢ ᠶᠤᠮ᠃ ᠶᠠᠫᠤᠨ ᠪᠠᠰᠠ ᠤᠮᠠᠷᠠᠲᠤ ᠠᠲᠯᠠᠨᠲ᠎ᠤᠨ ᠳᠠᠯᠠᠢ᠎ᠶᠢᠨ ᠨᠡᠶ᠋ᠢᠲᠡ᠎ᠶᠢᠨ ᠭᠡᠷ᠎ᠡ᠎ᠶᠢᠨ ᠵᠣᠬᠢᠶᠠᠨ ᠪᠠᠢᠭᠤᠯᠤᠯᠲᠠ᠎ᠲᠠᠢ ᠪᠠᠢᠨ ᠳᠠᠬᠢᠨ ᠨᠡᠪᠲᠡᠷᠡᠯᠴᠡᠵᠤ᠂ ᠬᠢᠯᠢ᠎ᠶᠢᠨ ᠭᠠᠳᠠᠨᠠᠬᠢ ᠴᠡᠷᠢᠭ᠎ᠦᠨ ᠶᠠᠪᠤᠳᠠᠯ᠎ᠤᠨ ᠵᠣᠬᠢᠶᠠᠨ ᠪᠠᠢᠭᠤᠯᠤᠯᠲᠠ᠎ᠶᠢ ᠠᠽᠢᠶ᠎ᠠ ᠲᠢᠪ ᠨᠣᠮᠣᠬᠠᠨ ᠳᠠᠯᠠᠢ᠎ᠶᠢᠨ ᠣᠷᠣᠨ᠎ᠳᠤ ᠣᠷᠣᠭᠤᠯᠬᠤ᠎ᠪᠠᠷ ᠤᠷᠤᠯᠳᠤᠵᠤ᠂ ᠡᠰᠡᠷᠭᠦᠴᠡᠯᠳᠦᠬᠦ ᠰᠡᠳᠬᠢᠯ᠎ᠢ ᠦᠳᠦᠭᠡᠬᠦ ᠨᠢ ᠮᠠᠰᠢ ᠲᠣᠳᠣᠷᠬᠠᠢ ᠪᠣᠯᠪᠠ᠃

ᠶᠠᠫᠤᠨ᠎ᠤ ᠪᠠᠷᠠᠭᠤᠨᠳᠠᠨ ᠤ᠋ ᠬᠦᠴᠦᠨ ᠴᠥᠮ᠎ᠡ ᠶ᠋ᠢᠨ ᠵᠡᠪᠰᠡᠭ  ᠢ᠋ ᠬᠦᠷᠢᠶᠡᠯᠡᠬᠦ ᠨᠢ ᠭᠢᠯᠪᠠᠷ ᠪᠤᠰᠤ᠎ᠪᠠᠷ ᠢᠷᠡᠭᠰᠡᠨ ᠡᠩᠬᠡ ᠲᠠᠢᠪᠤᠩ ᠪᠣᠯᠣᠨ ᠬᠥᠭᠵᠢᠯ ᠪᠠᠳᠠᠷᠠᠯ ᠢ᠋ ᠬᠣᠬᠢᠷᠠᠭᠤᠯᠬᠤ᠎ᠪᠠᠷ ᠭᠣᠷᠢᠳᠠᠭᠰᠠᠨ᠎ᠳᠤ ᠶᠠᠫᠤᠨ᠎ᠤ ᠡᠯ᠎ᠡ ᠡᠲᠡᠭᠡᠳ᠎ᠦᠨ ᠬᠥᠮᠥᠰ ᠪᠣᠯᠣᠨ ᠠᠷᠠᠳ᠎ᠤᠨ ᠪᠦᠯᠭᠦᠮ ᠵᠠᠯᠭᠠᠪᠡᠷ ᠰᠣᠴᠢᠨ ᠭᠡᠯᠮᠡᠭᠳᠡᠵᠦ᠂ ᠮᠠᠰᠢ ᠣᠯᠠᠨ ᠤᠯᠤᠰ ᠡᠭᠦᠨ  ᠢ᠋ ᠲᠣᠳᠣᠷᠬᠠᠢ ᠡᠰᠡᠷᠭᠦᠴᠡᠵᠦ ᠪᠠᠢᠨ᠎ᠠ᠃

ᠶᠠᠫᠤᠨ᠎ᠤ ᠲᠠᠯ᠎ᠠ ᠶ᠋ᠢᠨ ᠭᠢᠨ ᠲᠡᠦᠬᠡ ᠪᠡᠨ ᠪᠠᠯᠠᠯᠤᠨ 《ᠳᠠᠭᠢᠨ ᠴᠡᠷᠢᠭᠵᠢᠬᠦ》 ᠶ᠋ᠢ ᠭᠤᠷᠢᠳᠠᠬᠤ ᠶ᠋ᠢᠨ ᠵᠡᠷᠭᠡ᠎ᠳᠦ ᠠᠶᠤᠯ ᠲᠦᠭᠰᠢᠭᠦᠷᠢᠲᠡᠢ ᠲᠡᠦᠬᠡ ᠶ᠋ᠢᠨ ᠦᠯᠢᠭᠡᠷ ᠳᠡᠪᠲᠡᠷ  ᠢ᠋ ᠳᠠᠭᠢᠨ ᠰᠡᠶ᠋ᠢᠯᠵᠦ ᠪᠠᠢᠨ᠎ᠠ᠃   ᠳᠡᠯᠡᠬᠡᠢ ᠨᠡᠶ᠋ᠢᠲᠡ ᠶ᠋ᠢᠨ ᠡᠷᠳᠡᠮᠲᠡᠨ ᠮᠡᠷᠭᠡᠳ ᠪᠣᠯᠣᠨ ᠭᠣᠣᠯ ᠤᠷᠤᠰᠬᠠᠯ ᠪᠦᠯᠦᠭ᠎ᠤᠨ ᠬᠢᠨ ᠶᠠᠫᠤᠨ ᠎ᠤ ᠪᠠᠷᠠᠭᠤᠨᠲᠠᠨ᠎ᠤ ᠬᠦᠴᠦᠨ᠎ᠦ ᠣᠳᠣᠬᠠᠨ᠎ᠤ ᠠᠵᠢᠯᠯᠠᠭ᠎ᠠ ᠪᠣᠯ《ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ ᠶ᠋ᠢᠨ ᠦᠨᠳᠦᠰᠦᠨ ᠳᠦᠷᠢᠮ》 ᠳ᠋ᠦ ᠦᠷᠢᠰᠦᠯᠳᠦᠬᠡᠨ ᠵᠠᠷᠯᠠᠬᠰᠠᠨ ᠶᠠᠪᠤᠳᠠᠯ ᠪᠤᠯᠤᠨ᠎ᠠ᠂ ᠳᠠᠶ᠋ᠢᠨ᠎ᠦ ᠳᠠᠷᠠᠭᠠᠬᠢ ᠣᠯᠠᠨ ᠤᠯᠤᠰ᠎ᠤᠨ ᠡᠮᠬᠢ ᠵᠢᠷᠤᠮ᠎ᠳᠤ ᠲᠤᠯᠭᠠᠷᠠᠵᠤ ᠪᠠᠢᠭ᠎ᠠ ᠥᠷᠢᠰᠦᠯᠳᠦᠭᠡᠨ ᠮᠥᠨ᠂ ᠬᠥᠮᠥᠨ ᠲᠥᠷᠥᠯᠬᠢᠲᠡᠨ᠎ᠦ ᠦᠪᠡᠷ᠎ᠤᠨ ᠤᠬᠠᠮᠰᠠᠷ ᠲᠦ᠍ ᠲᠤᠯᠭᠠᠷᠠᠵᠤ ᠪᠠᠢᠭ᠎ᠠ ᠥᠷᠢᠰᠦᠯᠳᠦᠭᠡᠨ ᠮᠥᠨ᠂ ᠪᠠᠰᠠ ᠴᠤ᠌ ᠳᠠᠶ᠋ᠢᠨ᠎ᠳᠦ ᠢᠯᠠᠭᠰᠠᠨ ᠪᠤᠶ ᠪᠦᠬᠦᠢ ᠤᠯᠤᠰ᠎ᠤᠨ ᠠᠷᠠᠳ ᠲᠦᠮᠡᠨ᠎ᠳᠦ ᠲᠤᠯᠭᠠᠷᠠᠵᠤ ᠪᠠᠢᠭ᠎ᠠ ᠥᠷᠢᠰᠦᠯᠳᠦᠭᠡᠨ ᠮᠥᠨ ᠭᠡᠵᠦ ᠬᠦᠴᠦᠲᠡᠢ ᠵᠢᠭᠠᠵᠤ ᠭᠠᠷᠭᠠᠭᠰᠠᠨ ᠪᠠᠢᠨ᠎ᠠ᠃

8 ᠰᠠᠷ᠎ᠠ᠎ᠳᠤ᠂ ᠶᠠᠫᠤᠨ᠎ᠤ ᠵᠠᠰᠠᠭ᠎ᠤᠨ ᠣᠷᠳᠣᠨ 《ᠳᠤᠮᠳᠠᠳᠤ ᠤᠯᠤᠰ ᠎ᠤᠨ ᠰᠦᠷᠳᠡᠭᠦᠯᠦᠯ》 ᠭᠡᠭᠴᠢ᠎ᠶᠢ ᠬᠥᠭᠡᠷᠭᠡᠳᠡᠭᠰᠡᠨ 2026 ᠣᠨ᠎ᠤ ᠬᠡᠪᠯᠡᠯ᠎ᠦᠨ 《ᠬᠠᠮᠠᠭᠠᠯᠠᠯᠲᠠ᠎ᠶᠢᠨ ᠴᠠᠭᠠᠨ ᠭᠠᠳᠠᠷᠲᠤ ᠪᠢᠴᠢᠭ》 ᠎ᠢ᠋ ᠨᠡᠢᠲᠡᠯᠡᠮᠡᠭᠴᠡ ᠳᠤᠮᠳᠠᠳᠤ᠎ᠶᠢᠨ ᠲᠠᠯ᠎ᠠ᠎ᠶᠢᠨ ᠭᠢᠨ ᠶᠠᠫᠤᠨ᠎ᠤ ᠲᠠᠯ᠎ᠠ᠎ᠶᠢᠨ ᠭᠢᠨ ᠳ᠋ᠦ ᠰᠠᠨᠠᠯ᠎ᠢᠶᠠᠨ ᠲᠥᠪ ᠴᠢᠩᠭ᠎ᠠ᠎ᠪᠠᠷ ᠢᠯᠡᠳᠭᠡᠪᠡ;

ᠣᠷᠣᠰ᠎ᠤᠨ ᠭᠠᠳᠠᠭᠠᠳᠤ ᠬᠠᠷᠢᠯᠴᠠᠭᠠᠨ᠎ᠤ ᠶᠠᠮᠤᠨ᠎ᠤ ᠥᠭᠦᠯᠡᠭᠴᠢ ᠵᠠᠬᠠᠯᠦᠸᠠ᠂ ᠶᠠᠫᠤᠨ᠎ᠤ 《ᠳᠠᠭᠢᠨ ᠴᠡᠷᠢᠭᠵᠢᠭᠦ》 ᠱᠤᠭᠤᠮ ᠨᠢ ᠡᠩᠬᠡ ᠲᠠᠢ᠍ᠢᠪᠤᠡᠭ ᠦᠵᠡᠯ᠎ᠡᠴᠡ ᠲᠡᠷᠰᠯᠡᠵᠦ᠂ ᠠᠽᠢᠶ᠎ᠠ ᠨᠣᠮᠣᠬᠠᠨ ᠳᠠᠯᠠᠶ ᠶ᠋ᠢᠨ ᠣᠷᠣᠨ᠎ᠤ ᠪᠠᠴᠢᠮ ᠪᠠᠢᠳᠠᠯ  ᠢ᠋ ᠤᠯᠠᠮ ᠨᠢᠭᠡ ᠠᠯᠬᠤᠮ ᠬᠤᠷᠴᠠᠳᠬᠠᠭᠰᠠᠨ᠎ᠢᠶᠠᠷ ᠪᠠᠷᠠᠬᠤ ᠦᠭᠡᠢ ᠪᠠᠰᠠ ᠰᠢᠨ᠎ᠡ ᠨᠢᠭᠡᠨ ᠡᠭᠡᠯᠵᠢ ᠶ᠋ᠢᠨ ᠴᠡᠷᠢᠭ ᠵᠡᠪᠰᠡᠭ᠎ᠦᠨ ᠤᠷᠤᠯᠳᠤᠭᠠᠨ  ᠢ᠋ ᠡᠭᠦᠰᠬᠡᠬᠦ ᠪᠣᠯᠣᠨ᠎ᠠ ᠭᠡᠵᠦ ᠵᠢᠭᠠᠵᠤ ᠭᠠᠷᠭᠠᠵᠠᠢ;

ᠠᠦ᠋ᠰᠲᠷᠠᠯᠢᠶ᠎ᠠ ᠶ᠋ᠢᠨ ᠢᠷᠭᠡᠨ᠎ᠦ ᠨᠠᠮ᠎ᠤᠨ ᠪᠦᠭᠦ ᠤᠯᠤᠰ᠎ᠤᠨ ᠲᠡᠷᠢᠭᠦᠯᠡᠭᠴᠢ ᠪᠠᠸᠢᠺ᠂ ᠶᠠᠫᠤᠨ᠎ᠤ ᠤᠯᠤᠰ᠎ᠤᠨ ᠳᠣᠲᠣᠭᠠᠳᠤ᠎ᠳᠤ ᠶᠠᠬ ᠰᠠᠢᠬᠠᠨ 《ᠳᠠᠭᠢᠨ ᠴᠡᠷᠢᠭᠵᠢᠭᠦ》 ᠵᠢᠨ ᠵᠡᠷᠭᠡ᠎ᠪᠡᠷ ᠲᠦᠷᠢᠮᠡᠬᠡᠢᠯᠡᠯ᠎ᠦᠨ ᠲᠡᠦᠬᠡ᠎ᠪᠡᠨ ᠦᠮᠦᠭᠯᠡᠬᠦ ᠪᠠᠢᠳᠠᠯ ᠶᠠᠪᠤᠬᠤ ᠲᠤᠲᠤᠮ ᠢᠯᠡᠷᠬᠡᠢ ᠪᠣᠯᠵᠤ ᠪᠠᠢᠨ᠎ᠠ ᠭᠡᠵᠦ ᠦᠨᠡᠯᠡᠪᠡ ᠁ 《ᠵᠢᠯ ᠪᠦᠷᠢ᠎ᠶᠢᠨ ᠡᠨᠡ ᠦᠶ᠎ᠡ᠎ᠳᠦ᠂ ᠡᠩᠬᠡ ᠲᠠᠢᠪᠤᠩ᠎ᠢ ᠨᠠᠨᠳᠢᠩᠨᠠᠨ ᠦᠵᠡᠳᠡᠭ ᠬᠥᠮᠥᠰ ᠴᠥᠮ ᠳᠤᠮᠳᠠᠳᠤ ᠤᠯᠤᠰ᠎ᠢ ᠪᠠᠭᠲᠠᠭᠠᠭᠰᠠᠨ ᠳᠡᠯᠡᠬᠡᠢ᠎ᠶᠢᠨ ᠹᠠᠱ᠌ᠢᠰ᠎ᠢ ᠡᠰᠡᠷᠭᠦᠴᠡᠬᠦ ᠬᠣᠯᠪᠣᠭᠠᠲᠠᠨ ᠤᠯᠤᠰ᠎ᠤᠳ᠎ᠤᠨ ᠶᠠᠫᠤᠨ᠎ᠤ ᠴᠡᠷᠢᠭᠯᠡᠬᠦ ᠦᠵᠡᠯ᠎ᠢ ᠢᠯᠠᠬᠤ ᠵᠢᠨ ᠲᠦᠯᠦᠭᠡ ᠡᠷᠡᠯᠬᠡᠭ ᠪᠠᠭᠠᠲᠤᠷᠯᠢᠭ᠋᠎ᠢᠶᠠᠷ ᠡᠷᠡᠯᠬᠡᠭᠯᠡᠨ ᠪᠠᠢᠯᠳᠤᠭᠰᠠᠨ᠎ᠢ ᠰᠠᠨᠠᠭᠠᠯᠵᠠᠳᠠᠭ ᠶᠤᠮ᠃ ᠭᠡᠪᠡᠴᠦ ᠣᠳᠣᠬᠠᠨ᠎ᠳᠤ ᠶᠠᠫᠤᠨ᠎ᠤ ᠪᠠᠷᠠᠭᠤᠨᠲᠠᠨ ᠤ᠋ ᠬᠦᠴᠦᠨ ᠤᠯᠠᠢᠷᠠᠨ ᠳᠣᠭᠰᠢᠷᠠᠵᠤ ᠪᠠᠢᠭ᠎ᠠ ᠪᠠᠢᠳᠠᠯ ᠳᠣᠣᠷ᠎ᠠ᠂ ᠪᠢᠳᠡ ᠡᠨᠡᠬᠦ ᠵᠠᠩᠭᠢᠯᠠᠭ᠎ᠠ ᠶ᠋ᠢᠨ ᠦᠶ᠎ᠡ᠎ᠳᠦ ᠳᠡᠯᠡᠬᠡᠢ ᠳ᠋ᠠᠬᠢᠨ᠎ᠳᠦ ᠡᠩᠬᠡ ᠲᠠᠢᠪᠤᠩ ᠪᠣᠯ ᠭᠢᠯᠪᠠᠷ ᠪᠤᠰᠤ᠎ᠪᠠᠷ ᠢᠷᠡᠭᠰᠡᠨ ᠶᠤᠮ᠂ ᠡᠭᠦᠨ  ᠢ᠋ ᠬᠢᠵᠠᠭᠠᠯᠠᠰᠢ ᠦᠭᠡᠢ ᠡᠷᠬᠢᠮᠨᠡᠨ ᠨᠠᠨᠳᠢᠩᠨᠠᠭᠤᠰᠢᠲᠠᠢ ᠶᠤᠮ ᠭᠡᠵᠦ ᠰᠡᠷᠡᠮᠵᠢᠯᠡᠬᠦᠯᠪᠡᠯ ᠵᠤᠬᠢᠨ᠎ᠠ; ᠶᠠᠫᠤᠨ ᠲᠡᠦᠬᠡ᠎ᠶᠢᠨ ᠤᠷᠤᠰᠬᠠᠯ ᠎ᠢ ᠰᠦᠷᠪᠡᠯ ᠡᠴᠦᠰ᠎ᠲᠡᠬᠡᠨ ᠲᠡᠦᠬᠡ᠎ᠶᠢᠨ ᠲᠠᠩᠰᠠ ᠪᠤᠳᠤᠯᠳᠠ᠎ᠶᠢ ᠣᠯᠬᠤ ᠪᠣᠯᠣᠨ᠎ᠠ》 ᠭᠡᠵᠦ ᠰᠧᠴᠦᠸᠠᠨ ᠶᠡᠬᠡ ᠰᠤᠷᠭᠠᠭᠤᠯᠢ᠎ᠶᠢᠨ ᠲᠡᠦᠬᠡ ᠰᠣᠶᠣᠯ᠎ᠤᠨ ᠳᠡᠭᠡᠳᠦ ᠰᠤᠷᠭᠠᠭᠤᠯᠢ᠎ᠶᠢᠨ ᠫᠷᠤᠹᠧᠰᠰᠤᠷ ᠸᠠᠩ ᠴᠤᠤ ᠭᠤᠸᠠᠩ ᠬᠡᠯᠡᠪᠡ᠃

(ᠭᠤᠷᠪᠠ) ᠡᠷᠬᠡᠪᠰᠢ ᠬᠠᠮᠠᠭᠠᠯᠠᠬᠤ ᠴᠢᠬᠤᠯᠠᠳᠠᠢ ᠲᠡᠦᠬᠡ᠎ᠶᠢᠨ ᠰᠢᠳᠤᠷᠭᠤ ᠶᠣᠰᠣ᠌ ᠪᠠ ᠬᠥᠮᠥᠨ ᠲᠥᠷᠥᠯᠬᠢᠲᠡᠨ᠎ᠦ ᠢᠯᠡ ᠶᠣᠰᠣ᠌     

ᠴᠠᠭ ᠮᠥᠴᠡ ᠰᠦᠷ ᠳᠠᠯᠠᠢᠴᠠᠲᠠᠢ ᠤᠷᠤᠭᠰᠢᠯᠠᠬᠤᠶ᠎ᠠ᠂ ᠭᠠᠭᠴᠠ ᠬᠦ᠌ ᠠᠤᠭ᠎ᠠ ᠶᠡᠬᠡ ᠪᠥᠭᠡᠳ ᠨᠦᠰᠡᠷ ᠬᠦᠨᠳᠦ ᠰᠢᠳᠤᠷᠭᠤ ᠶᠣᠰᠣᠨ᠎ᠤ ᠬᠦᠴᠦ᠂ ᠥᠨᠢ ᠡᠭᠦᠷᠢᠳᠡ ᠪᠣᠳᠠᠲᠤ ᠠᠬᠤᠢ᠎ᠶᠢ ᠲᠤᠰᠬᠠᠵᠤ᠂ ᠢᠷᠡᠭᠡᠳᠦᠢ᠎ᠶᠢ ᠢᠯᠡᠷᠬᠡᠢᠯᠡᠨ᠎ᠡ᠃

ᠶᠠᠫᠤᠨ᠎ᠤ ᠪᠠᠷᠠᠭᠤᠨ᠎ᠤ ᠡᠲᠡᠭᠡᠳ᠎ᠦᠨ ᠬᠦᠴᠦᠨ᠎ᠦ ᠠᠮᠠᠨ ᠳᠡᠭᠡᠷ᠎ᠡ᠎ᠪᠡᠨ 《ᠡᠩᠬᠡ ᠲᠠᠢᠪᠤᠩ》᠂ 《ᠬᠠᠮᠠᠭᠠᠯᠠᠯᠲᠠ》 ᠭᠡᠵᠦ ᠬᠠᠰᠬᠢᠷᠴᠤ ᠪᠠᠢᠪᠠᠴᠤ ᠠᠵᠢᠯᠯᠠᠭ᠎ᠠ ᠳᠡᠭᠡᠷ᠎ᠡ᠎ᠪᠡᠨ ᠬᠠᠷᠢᠨ 《ᠳᠠᠭᠢᠨ ᠴᠡᠷᠢᠭᠵᠢᠭᠦ》 ᠵᠦᠭ ᠰᠢᠪᠲᠤᠯᠤᠨ ᠤᠷᠤᠭᠰᠢᠯᠠᠵᠤ ᠪᠠᠢᠭ᠎ᠠ ᠵᠦᠢᠯ ᠵᠦᠢᠯ᠎ᠦᠨ ᠮᠠᠭᠤ ᠠᠵᠢᠯᠯᠠᠭ᠎ᠠ᠎ᠳᠤ ᠴᠢᠭᠯᠡᠭᠦᠯᠦᠨ᠂ ᠳᠤᠮᠳᠠᠳᠤ ᠤᠯᠤᠰ᠎ᠤᠨ ᠵᠣᠭᠰᠣᠯᠲᠠ ᠪᠠᠲᠤ ᠴᠢᠩᠭ᠎ᠠ ᠪᠠᠢᠨ᠎ᠠ᠄

ᠭᠠᠭᠴᠠ ᠬᠦ᠌ ᠲᠡᠦᠬᠡ᠎ᠳᠦ ᠵᠥᠪ᠎ᠢᠶᠡᠷ ᠬᠠᠨᠳᠤᠪᠠᠯ ᠰᠠᠶᠢ ᠬᠦᠨᠳᠦᠳᠬᠡᠯ᠎ᠢ ᠣᠯᠵᠤ ᠴᠢᠳᠠᠨ᠎ᠠ; ᠭᠠᠭᠴᠠ ᠬᠦ᠌ ᠲᠡᠦᠬᠡ᠎ᠪᠡᠷ ᠲᠣᠯᠢ ᠪᠣᠯᠭᠠᠪᠠᠰᠤ ᠰᠠᠶᠢ ᠢᠷᠡᠭᠡᠳᠦᠢ᠎ᠪᠡᠨ ᠨᠡᠭᠡᠭᠡᠵᠦ ᠴᠢᠳᠠᠨ᠎ᠠ; ᠥᠩᠭᠡᠷᠡᠭᠰᠡᠨ᠎ᠦ ᠶᠠᠪᠤᠳᠠᠯ᠎ᠢᠶᠠᠨ ᠮᠠᠷᠲᠠᠬᠤ ᠦᠭᠡᠢ ᠪᠣᠯ ᠰᠠᠶᠢ ᠪᠤᠷᠤᠭᠤ ᠵᠠᠮ᠎ᠳᠤ ᠳᠠᠭᠢᠨ ᠣᠷᠣᠬᠤ᠎ᠶᠢ ᠰᠡᠷᠭᠡᠢᠯᠡᠵᠦ ᠴᠢᠳᠠᠨ᠎ᠠ᠃

ᠲᠡᠦᠬᠡ᠎ᠪᠡᠨ ᠪᠠᠲᠤ ᠴᠡᠭᠡᠵᠢᠯᠡᠬᠦ ᠨᠢ ᠥᠰᠢᠶ᠎ᠡ ᠬᠣᠷᠣᠰᠤᠯ᠎ᠢᠶᠠᠨ ᠦᠷᠭᠦᠯᠵᠢᠯᠡᠭᠦᠯᠬᠦ᠎ᠶᠢᠨ ᠲᠥᠯᠥᠭᠡ ᠪᠢᠰᠢ᠂ ᠬᠠᠷᠢᠨ ᠡᠩᠬᠡ ᠲᠠᠢᠪᠤᠩ᠎ᠤᠨ ᠬᠣᠩᠬᠣᠨ ᠳᠠᠭᠤᠨ᠎ᠢ ᠡᠭᠦᠷᠢᠳᠡ ᠬᠠᠩᠭᠢᠨᠠᠭᠤᠯᠬᠤ᠎ᠶᠢᠨ ᠲᠥᠯᠥᠭᠡ ᠶᠤᠮ ︱

ᠳᠡᠯᠡᠬᠡᠢ ᠳ᠋ᠠᠬᠢᠨ᠎ᠢ ᠪᠠᠷᠠᠯᠠᠬᠤᠶ᠎ᠠ᠂ ᠬᠣᠶᠠᠳᠤᠭᠠᠷ ᠳᠠᠶ᠋ᠢᠨ᠎ᠦ ᠦᠶ᠎ᠡ᠎ᠶᠢᠨ ᠢᠪᠷᠡᠢᠴᠦᠳ᠎ᠤᠨ ᠭᠠᠰᠠᠯᠠᠩ ᠵᠣᠪᠠᠯᠠᠩ᠎ᠢ ᠲᠡᠮᠳᠡᠭᠯᠡᠭᠰᠡᠨ《ᠠᠨᠨᠢ ᠵᠢᠨ ᠡᠳᠦᠷ᠎ᠦᠨ ᠲᠡᠮᠳᠡᠭᠯᠡᠯ》 ᠢ᠋ ᠳᠡᠯᠡᠬᠡᠢ᠎ᠶᠢᠨ ᠣᠶ ᠰᠠᠨᠠᠮᠵᠢ᠎ᠶᠢᠨ ᠨᠡᠷᠡᠰ᠎ᠲᠦ ᠣᠷᠣᠭᠤᠯᠵᠠᠢ᠃ ᠬᠣᠯᠪᠣᠭᠠᠨ᠎ᠤ ᠭᠧᠷᠮᠠᠨ᠎ᠤ ᠤᠤᠯ᠎ᠤᠨ ᠶᠡᠷᠦᠩᠬᠡᠢ ᠰᠠᠢᠳ ᠪᠦᠧᠧᠯᠠᠨᠲ ᠫᠤᠯᠠᠨᠳ᠋᠎ᠤᠨ ᠢᠪᠷᠡᠢ᠎ᠶᠢᠨ ᠡᠨᠳᠡᠭᠰᠡᠳ᠎ᠦᠨ ᠳᠤᠷᠠᠰᠬᠠᠯ᠎ᠤᠨ ᠬᠥᠰᠢᠶ᠎ᠡ᠎ᠶᠢᠨ ᠡᠮᠦᠨ᠎ᠡ ᠰᠥᠭᠥᠳᠴᠦ᠂ ᠢᠰᠷᠧᠯ ᠎ᠦᠨ ᠶᠡᠬᠡ ᠬᠢᠳᠤᠯᠭ᠎ᠠ᠎ᠶᠢᠨ ᠳᠤᠷᠠᠰᠬᠠᠯ᠎ᠤᠨ ᠣᠷᠳᠣᠨ ᠨᠢ ᠮᠠᠰᠢ ᠤᠯᠠᠨ ᠭᠠᠳᠠᠭᠠᠳᠤ ᠤᠯᠤᠰ ᠎ᠤᠨ ᠤᠯᠤᠰ ᠲᠦᠷᠦ᠎ᠶᠢᠨ ᠴᠢᠬᠤᠯᠠ ᠬᠥᠮᠥᠰ᠎ᠦᠨ ᠠᠶ᠋ᠢᠯᠴᠢᠯᠠᠯᠲᠠ᠎ᠶᠢᠨ ᠭᠠᠵᠠᠷ ᠪᠣᠯᠪᠠ ᠁ ᠬᠠᠷᠠᠰᠠᠯᠲᠤ ᠳᠠᠢ᠍ᠢᠨ᠎ᠦ ᠴᠡᠭᠡᠵᠢᠯᠡᠭᠦᠢ ᠨᠢ ᠣᠯᠠᠩᠬᠢ ᠤᠯᠤᠰ᠎ᠲᠦ ᠢᠯᠠᠯᠲᠠ᠎ᠶᠢᠨ ᠢᠷᠠᠭᠤ ᠠᠯᠳᠠᠷ᠎ᠢ ᠰᠠᠴᠤᠷᠠᠭᠤᠯᠤᠭᠰᠠᠨ ᠬᠥᠮᠥᠨ᠎ᠦ ᠶᠢᠷᠲᠢᠨᠴᠦ᠎ᠶᠢᠨ ᠲᠥᠪ ᠶᠣᠰᠣ᠌᠎ᠶᠢ ᠬᠢᠵᠠᠭᠠᠯᠠᠰᠢ ᠦᠭᠡᠢ ᠨᠠᠨᠳᠢᠩᠨᠠᠭᠤᠯᠵᠠᠢ᠃

ᠡᠩᠬᠡ ᠲᠠᠢᠪᠤᠩ ᠣᠷᠴᠢᠨ ᠲᠤᠭᠤᠷᠢᠨ ᠪᠣᠯ ᠨᠢᠭᠡ ᠤᠯᠤᠰ᠎ᠤᠨ ᠬᠠᠮᠤᠭ᠎ᠤᠨ ᠡᠷᠬᠢᠮ ᠨᠠᠨᠳᠢᠨ ᠬᠥᠭᠵᠢᠯᠲᠡ᠎ᠶᠢᠨ ᠨᠥᠬᠥᠴᠡᠯ ᠮᠥᠨ᠃ ᠶᠠᠫᠤᠨ᠎ᠤ ᠤᠤᠯ᠎ᠤᠨ ᠲᠡᠷᠢᠭᠦᠨ ᠰᠠᠢᠳ ᠮᠦᠷᠠᠶᠠᠮᠠ ᠹᠦᠵᠢ᠄《ᠡᠩᠬᠡ ᠲᠠᠢᠪᠤᠩ᠎ᠤᠨ ᠦᠨᠳᠦᠰᠦᠨ ᠬᠠᠤᠯᠢ᠎ᠪᠠᠷ ᠳᠠᠮᠵᠢᠭᠤᠯᠤᠨ ᠳᠡᠯᠡᠬᠡᠢ ᠳ᠋ᠠᠬᠢᠨ᠎ᠳᠤ ᠡᠩᠬᠡ ᠲᠠᠢᠪᠤᠩ᠎ᠤᠨ ᠳᠣᠬᠢᠶ᠎ᠠ ᠥᠭᠬᠦ ᠪᠣᠯ ᠰᠠᠶᠢ ᠶᠠᠫᠤᠨ᠎ᠤ ᠣᠳᠣ᠌ ᠦᠶ᠎ᠡ ᠶ᠋ᠢᠨ ᠳᠡᠯᠡᠬᠡᠢ ᠨᠡᠶ᠋ᠢᠲᠡ᠎ᠳᠦ ᠪᠠᠢᠪᠠᠰᠤ ᠵᠣᠬᠢᠬᠤ ᠵᠦᠢᠯ ᠮᠥᠨ》 ᠭᠡᠵᠦ ᠰᠢᠭᠤᠳ ᠬᠡᠯᠡᠭᠰᠡᠨ ᠪᠠᠢᠨ᠎ᠠ᠃

《ᠶᠠᠫᠤᠨ᠎ᠤ ᠭᠢᠨ ᠳᠠᠶ᠋ᠢᠨ᠎ᠦ ᠳᠠᠷᠠᠭᠠᠬᠢ ᠠᠯᠢ ᠣᠯᠠᠨ ᠬᠠᠤᠯᠢ ᠴᠠᠭᠠᠵᠠ ᠶ᠋ᠢᠨ ᠲᠣᠬᠢᠷᠠᠭᠤᠯᠤᠯᠲᠠ ᠶ᠋ᠢ ᠭᠥᠯᠢᠶᠡᠨ ᠠᠪᠴᠤ᠂ ᠳᠠᠶ᠋ᠢᠨ᠎ᠳᠦ ᠢᠯᠠᠭᠳᠠᠭᠰᠠᠨ ᠤᠯᠤᠰ᠎ᠤᠨ ᠬᠣᠯᠪᠣᠭᠳᠠᠯ ᠪᠦᠬᠦᠢ ᠡᠭᠦᠷᠭᠡ ᠶ᠋ᠢ ᠭᠦᠢᠴᠡᠳᠬᠡᠭᠰᠡᠨ᠎ᠡᠴᠡ ᠰᠠᠶᠢ ᠣᠯᠠᠨ ᠤᠯᠤᠰ᠎ᠤᠨ ᠶᠡᠬᠡ ᠭᠡᠷ ᠪᠦᠯᠢ᠎ᠳᠦ ᠳᠠᠭᠢᠨ ᠪᠤᠴᠠᠬᠤ ᠬᠢᠷᠢ ᠭᠡᠮ  ᠢ᠋ ᠣᠯᠵᠤ᠂ ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠳᠤ ᠣᠷᠣᠵᠤ᠂ ᠠᠵᠤ ᠠᠬᠤᠢ ᠠᠷᠠᠯᠵᠢᠶ᠎ᠠ᠂ ᠰᠣᠶᠣᠯ᠎ᠤᠨ ᠰᠣᠯᠢᠯᠴᠠᠭ᠎ᠠ ᠬᠠᠮᠲᠤᠷᠠᠯᠴᠠᠭ᠎ᠠ ᠶ᠋ᠢ ᠬᠡᠪ᠎ᠦᠨ ᠶᠣᠰᠣᠭᠠᠷ ᠥᠷᠨᠢᠭᠦᠯᠵᠦ ᠴᠢᠳᠠᠭᠰᠠᠨ ᠶᠤᠮ᠂ ᠲᠡᠶ᠋ᠢᠮᠦ ᠪᠢᠰᠢ ᠪᠣᠯ ᠠᠯᠢᠪᠠ ᠬᠥᠭᠵᠢᠯᠲᠡ ᠶ᠋ᠢ ᠶᠠᠷᠢᠬᠤ ᠶ᠋ᠢᠨ ᠠᠷᠭ᠎ᠠ ᠦᠭᠡᠢ ᠶᠤᠮ》 ᠭᠡᠵᠦ ᠴᠧᠩ ᠵᠤᠤ ᠴᠢ ᠬᠡᠯᠡᠪᠡ᠃

ᠲᠡᠦᠬᠡ᠎ᠶᠢ ᠪᠠᠲᠤ ᠴᠡᠭᠡᠵᠢᠯᠡᠪᠡᠯ ᠰᠠᠶᠢ ᠲᠡᠦᠬᠡ᠎ᠪᠡᠷ ᠲᠣᠯᠢ ᠪᠤᠯᠭᠠᠵᠤ᠂ ᠦᠯᠡᠳᠡᠭᠳᠡᠯ ᠬᠣᠣᠷ ᠎ᠢ ᠠᠷᠢᠯᠭᠠᠵᠤ᠂ ᠬᠠᠭᠤᠴᠢᠨ ᠵᠠᠮ᠎ᠳ᠋ᠠᠭᠠᠨ ᠲᠠᠭᠢᠨ ᠪᠤᠴᠠᠬᠤ᠎ᠠᠴᠠ ᠵᠠᠢᠯᠠᠰᠬᠢᠵᠦ ᠴᠢᠳᠠᠨ᠎ᠠ ︱

ᠨᠢᠭᠡ ᠤᠯᠤᠰ ᠎ᠤᠨ ᠥᠨᠥᠳᠥᠷ ᠪᠠ ᠮᠠᠷᠭᠠᠰᠢ᠎ᠶᠢ ᠦᠵᠡᠬᠦ᠎ᠳᠦ ᠡᠷᠬᠡᠪᠰᠢ ᠲᠡᠭᠦᠨ᠎ᠦ ᠥᠴᠥᠭᠡᠳᠦᠷ᠎ᠢ ᠣᠢᠯᠠᠭᠠᠬᠤ ᠬᠡᠷᠡᠭᠲᠡᠢ᠃

1931 ᠣᠨ᠎ᠳᠤ᠂ 《ᠮᠠᠨᠵᠤ᠎ᠶᠢ ᠣᠯᠵᠤ ᠳᠡᠶ᠋ᠢᠯᠭᠦ ᠡᠰᠡᠬᠦ》ᠶ᠋ᠢ 《ᠶᠠᠫᠤᠨ᠎ᠤ ᠰᠦᠨᠦᠵᠦ ᠲᠤᠭᠳᠠᠨᠢᠬᠤ᠎ᠶᠢ ᠰᠦᠷᠳᠡᠭᠦᠯᠦᠭᠰᠡᠨ》 ᠵᠢᠨᠷ ᠦᠵᠡᠵᠦ ᠪᠠᠢᠪᠠ᠂ ᠶᠠᠫᠤᠨ ᠡᠭᠦᠨ᠎ᠢᠶᠡᠷ ᠰᠢᠯᠲᠠᠭ ᠪᠤᠯᠭᠠᠵᠤ ᠶᠢᠰᠦᠨ ᠰᠠᠷ᠎ᠠ᠎ᠶᠢᠨ ᠠᠷᠪᠠᠨ ᠨᠠᠢ᠍ᠮᠠᠨ᠎ᠤ ᠬᠡᠷᠡᠭ ᠬᠤᠪᠢᠰᠤᠯ᠎ᠢ ᠡᠭᠦᠰᠬᠡᠵᠡᠢ; ᠡᠭᠦᠨ᠎ᠡᠴᠡ ᠰᠡᠭᠦᠯᠡᠷ᠂ ᠶᠠᠫᠤᠨ 《 〈ᠶᠡᠬᠡ ᠲᠤᠷᠤᠨᠠᠳᠤ ᠠᠽᠢᠶ᠎ᠠ᠎ᠶᠢᠨ ᠬᠠᠮᠲᠤ ᠪᠡᠷ ᠮᠠᠨᠳᠤᠬᠤ ᠲᠣᠭᠣᠷᠢᠭ᠋〉 ᠪᠣᠯ ᠶᠠᠫᠤᠨ᠎ᠤ ᠰᠦᠨᠦᠵᠦ ᠲᠤᠭᠳᠠᠨᠢᠬᠤ ᠳ᠋ᠦ ᠬᠤᠯᠪᠤᠭᠳᠠᠭᠰᠠᠨ ᠳᠠᠶ᠋ᠢᠨ ᠮᠥᠨ》 ᠭᠡᠵᠦ ᠲᠤᠩᠬᠠᠭᠯᠠᠵᠤ᠂ ᠲᠦᠷᠢᠮᠡᠬᠡᠢᠯᠡᠬᠦ ᠳᠠᠶ᠋ᠢᠨ᠎ᠦ ᠭᠠᠯ᠎ᠢ ᠪᠦᠭᠦ ᠠᠽᠢᠶ᠎ᠠ ᠲᠢᠪ᠎ᠲᠦ ᠳᠡᠭᠳᠡᠭᠡᠪᠡ; 《ᠰᠤᠪᠤᠳ ᠭᠠᠷᠠᠮ᠎ᠢ ᠭᠡᠨᠡᠳᠡᠭᠦᠯᠦᠨ ᠳᠠᠭᠠᠷᠢᠬᠤ ᠡᠰᠡᠬᠦ》 ᠶ᠋ᠢ ᠪᠠᠰᠠ《ᠶᠠᠫᠤᠨ᠎ᠤ ᠰᠦᠨᠦᠵᠦ ᠲᠤᠭᠳᠠᠨᠢᠬᠤ᠎ᠶᠢ ᠰᠦᠷᠳᠡᠭᠦᠯᠦᠭᠰᠡᠨ》 ᠭᠡᠵᠦ ᠦᠵᠡᠵᠦ ᠪᠠᠢᠭᠰᠠᠨ᠎ᠠᠴᠠ ᠨᠣᠮᠣᠬᠠᠨ ᠲᠠᠯᠠᠢ᠎ᠶᠢᠨ ᠲᠠᠢ᠍ᠢᠨ᠎ᠦ ᠰᠢᠵᠢᠮ᠎ᠢ ᠨᠣᠴᠣᠭᠠᠭᠰᠠᠨ ᠪᠠᠢᠨ᠎ᠠ ᠁ 《ᠰᠦᠨᠦᠵᠦ ᠲᠤᠭᠳᠠᠨᠢᠬᠤ ᠠᠶᠤᠯ ᠲᠦᠭᠰᠢᠭᠦᠷᠢ》 ᠪᠠ 《ᠥᠪᠡᠷ᠎ᠢ᠎ᠪᠡᠨ ᠬᠠᠮᠠᠭᠠᠯᠠᠬᠤ》 ᠨᠡᠷ᠎ᠡ᠎ᠪᠡᠷ ᠭᠠᠳᠠᠭᠠᠳᠤ᠎ᠶᠢᠨ ᠲᠦᠷᠢᠮᠡᠬᠡᠢᠯᠡᠯ᠎ᠢ ᠡᠭᠦᠰᠬᠡᠭᠰᠡᠨ ᠶᠠᠪᠤᠳᠠᠯ ᠪᠣᠯ ᠶᠠᠫᠤᠨ᠎ᠤ ᠴᠡᠷᠢᠭᠯᠡᠬᠦ ᠦᠵᠡᠯ᠎ᠦᠨ ᠬᠡᠷᠡᠭᠯᠡᠵᠦ ᠳᠠᠳᠤᠭᠰᠠᠨ ᠠᠷᠭ᠎ᠠ ᠪᠠᠰᠢᠷ ᠮᠥᠨ᠃

ᠳᠠᠶ᠋ᠢᠨ᠎ᠳᠦ ᠢᠯᠠᠭᠳᠠᠭᠰᠠᠨ 80 ᠭᠠᠷᠤᠢ ᠵᠢᠯ᠎ᠦᠨ ᠲᠤᠷᠰᠢ᠂ ᠶᠠᠫᠤᠨ᠎ᠤ ᠭᠢᠨ ᠴᠡᠷᠢᠭᠯᠡᠬᠦ ᠦᠵᠡᠯ᠎ᠦᠨ ᠦᠯᠡᠳᠡᠭᠳᠡᠯ ᠬᠣᠣᠷ ᠢ᠋ ᠲᠤᠢᠯᠪᠤᠷᠢᠲᠠᠢ ᠢᠯᠭᠠᠷᠠᠭᠤᠯᠤᠨ ᠪᠤᠳᠤᠬ᠍ᠰᠠᠨ ᠦᠭᠡᠢ᠂ ᠪᠠᠰᠠ ᠬᠢᠴᠢᠶᠡᠯ᠎ᠦᠨ ᠪᠢᠴᠢᠭ᠎ᠲᠡᠬᠡᠨ ᠲᠦᠷᠢᠮᠡᠬᠡᠢᠯᠡᠯ᠎ᠦᠨ ᠲᠡᠦᠬᠡ ᠶ᠋ᠢ ᠪᠦᠭᠦ ᠲᠠᠯ᠎ᠠ᠎ᠪᠠᠷ ᠪᠤᠰᠤᠳᠴᠢ᠎ᠪᠠᠷ ᠲᠤᠰᠬᠠᠵᠦ᠂ ᠡᠭᠦᠷᠢᠳᠡ ᠳᠠᠭᠢᠵᠤ ᠪᠠᠢᠯᠳᠤᠬᠤ ᠦᠭᠡᠢ ᠭᠡᠰᠡᠨ ᠤᠳᠤᠷᠢᠳᠤᠮᠵᠢ ᠶ᠋ᠢ ᠪᠤᠶ ᠪᠤᠯᠭᠠᠬ᠍ᠰᠠᠨ ᠦᠭᠡᠢ᠂ ᠬᠠᠷᠢᠨ《ᠬᠣᠣᠷ ᠠᠮᠰᠠᠭ᠍ᠴᠢ》 ᠭᠡᠭᠴᠢ ᠶ᠋ᠢ ᠪᠤᠶ ᠪᠤᠯᠭᠠᠵᠤ᠂ ᠳᠡᠯᠡᠬᠡᠢ ᠶ᠋ᠢᠨ ᠬᠣᠶᠠᠳᠤᠭᠠᠷ ᠳᠠᠶ᠋ᠢᠨ᠎ᠦ ᠲᠡᠦᠬᠡ ᠶ᠋ᠢᠨ ᠪᠤᠷᠤᠭᠤ ᠦᠵᠡᠯᠲᠡ ᠶ᠋ᠢ ᠤᠬᠠᠭᠤᠯᠤᠭᠰᠠᠨ ᠪᠠᠢᠨ᠎ᠠ᠃

ᠶᠠᠭ ᠣᠯᠠᠨ ᠵᠢᠯ᠎ᠦᠨ ᠲᠤᠷᠰᠢ ᠳᠤᠮᠳᠠᠳᠤ ᠤᠯᠤᠰ᠎ᠢ ᠲᠦᠷᠢᠮᠡᠬᠡᠢᠯᠡᠭᠰᠡᠨ ᠶᠠᠫᠤᠨ ᠴᠡᠷᠢᠭ᠎ᠦᠨ ᠪᠠᠺᠲᠧᠷᠢ᠎ᠶᠢᠨ ᠳᠠᠶ᠋ᠢᠨ ᠎ᠦ ᠲᠡᠦᠬᠡᠨ ᠪᠣᠳᠠᠲᠤ ᠬᠡᠷᠡᠭ (ᠢ ᠦ᠋) ᠤ᠋ᠨ ᠦᠵᠡᠭᠦᠯᠭᠡ᠎ᠶᠢᠨ ᠣᠷᠳᠣᠨ᠎ᠳᠤ  ᠶᠠᠫᠤᠨ ᠎ᠤ ᠳᠤᠮᠳᠠᠳᠤ ᠤᠯᠤᠰ᠎ᠢ ᠲᠦᠷᠢᠮᠡᠬᠡᠢᠯᠡᠭᠰᠡᠨ ᠳᠠᠶ᠋ᠢᠨ᠎ᠦ ᠶᠡᠬᠡ ᠬᠡᠮᠵᠢᠶᠡᠨ᠎ᠦ ᠲᠡᠦᠬᠡᠨ ᠮᠠᠲᠧᠷᠢᠶᠠᠯ᠎ᠢ ᠪᠡᠯᠡᠭᠯᠡᠨ ᠬᠦᠷᠭᠡᠭᠰᠡᠨ ᠶᠠᠫᠤᠨ ᠎ᠤ ᠡᠷᠳᠡᠮᠲᠡᠨ ᠨᠠᠰᠦ᠋ ᠱᠢᠭᠧᠤ᠋᠄ 《ᠶᠠᠫᠤᠨ᠎ᠤ ᠮᠠᠰᠢ ᠣᠯᠠᠨ ᠠᠷᠠᠳ ᠲᠦᠮᠡᠨ ᠡᠨᠡ ᠬᠡᠰᠡᠭ ᠲᠡᠦᠬᠡ ᠎ᠶᠢ ᠮᠡᠳᠡᠬᠦ ᠦᠭᠡᠢ ᠪᠣᠯᠵᠠᠢ᠂ ᠪᠢᠳᠡ ᠡᠭᠦᠨ᠎ᠦ ᠲᠥᠯᠥᠭᠡ ᠡᠷᠬᠡᠪᠰᠢ ᠶᠠᠭᠤ ᠨᠢᠭᠡ᠎ᠶᠢ ᠬᠢᠬᠦ ᠬᠡᠷᠡᠭᠲᠡᠢ》 ᠭᠡᠵᠦ ᠰᠡᠳᠬᠢᠯ ᠵᠣᠪᠠᠵᠤ ᠪᠠᠢᠵᠠᠢ᠃

ᠰᠡᠷᠡᠮᠵᠢ᠎ᠶᠢᠨ ᠬᠣᠩᠬᠣ᠌ ᠨᠢᠭᠡᠨᠲᠡ ᠳᠤᠤᠭᠠᠷᠴᠤ᠂ ᠭᠤᠨᠢᠭ᠍ᠲᠤ ᠵᠦᠴᠦᠭᠡ᠎ᠶᠢ ᠳᠠᠬᠢᠨ ᠲᠣᠭᠯᠠᠵᠤ ᠪᠣᠯᠬᠤ ᠦᠭᠡᠢ᠃

ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ ᠬᠥᠮᠥᠨ᠎ᠦ ᠡᠷᠬᠡ᠎ᠶᠢᠨ ᠬᠡᠷᠡᠭ ᠡᠷᠬᠢᠯᠡᠭᠴᠢᠳ᠎ᠦᠨ ᠬᠤᠷᠠᠯ᠎ᠤᠨ ᠣᠨᠴᠠᠭᠠᠢ ᠲᠣᠭᠲᠠᠴᠠ᠎ᠶᠢᠨ 16 ᠲᠤᠰᠬᠠᠢ ᠮᠡᠷᠭᠡᠵᠢᠯᠲᠡᠨ ᠬᠠᠮᠲᠤᠷᠠᠭᠰᠠᠨ ᠰᠣᠨᠢᠨ ᠮᠡᠳᠡᠭᠡᠨ᠎ᠤ ᠨᠤᠤᠷᠠᠭ ᠨᠡᠢᠲᠡᠯᠡᠵᠦ᠂ ᠶᠠᠫᠤᠨ᠎ᠤ ᠬᠢᠨ ᠎ᠢ 《ᠪᠡᠯᠭᠡ᠎ᠶᠢᠨ ᠪᠤᠭᠤᠯᠴᠢᠯᠠᠯ᠎ᠳᠦ ᠦᠷᠳᠦᠭᠰᠡᠨ ᠪᠦᠰᠡᠭᠦᠢ》ᠶ᠋ᠢᠨ ᠲᠡᠦᠬᠡ᠎ᠳᠦ ᠵᠥᠪ ᠬᠠᠨᠳᠤᠵᠤ᠂ ᠶᠠᠫᠤᠨ᠎ᠤ ᠲᠠᠯ᠎ᠠ᠎ᠶᠢ ᠲᠡᠦᠬᠡᠲᠦ ᠬᠠᠷᠢᠭᠤᠴᠠᠯᠭ᠎ᠠ᠎ᠪᠠᠨ ᠦᠨᠡᠨ᠎ᠬᠦ ᠡᠭᠦᠷᠭᠡᠯᠡᠬᠦ ᠬᠡᠷᠡᠭᠲᠡᠢ ᠭᠡᠵᠦ ᠱᠠᠭᠠᠷᠳᠠᠪᠠ; ᠰᠢᠩᠭᠠᠫᠤᠷ᠎ᠤᠨ ᠵᠠᠭᠤᠴᠢᠯᠠᠭᠤᠷ᠎ᠦᠨ ᠬᠢᠨ 《731 ᠴᠡᠷᠢᠭ ᠠᠩᠭᠢ᠎ᠶᠢ ᠢᠯᠡᠴᠢᠯᠡᠬᠦ ᠨᠢ᠄  ᠶᠠᠫᠤᠨ᠎ᠤ ᠨᠢᠭᠤᠴᠠ ᠪᠡᠷ ᠬᠢᠭᠰᠡᠨ ᠬᠥᠮᠥᠨ᠎ᠦ ᠪᠡᠶ᠎ᠡ᠎ᠶᠢᠨ ᠲᠤᠷᠰᠢᠯᠲᠠ》 ᠭᠡᠬᠦ ᠪᠠᠷᠢᠮᠲᠠᠲᠤ ᠹᠢᠯᠢᠮ᠎ᠢ ᠨᠠᠪᠲᠠᠷᠡᠭᠦᠯᠵᠦ᠂ ᠦᠵᠡᠭᠴᠢᠳ᠎ᠲᠦ ᠲᠡᠦᠬᠡ᠎ᠶᠢᠨ ᠦᠨᠡᠨ ᠪᠠᠢᠳᠠᠯ᠎ᠢ ᠤᠯᠠᠮ ᠨᠢᠭᠡ ᠠᠯᠬᠤᠮ ᠣᠢᠯᠠᠭᠠᠭᠤᠯᠵᠠᠢ; ᠶᠠᠫᠤᠨ ᠎ᠤ ᠤᠤᠯ ᠎ᠤᠨ ᠤᠳᠤᠷᠢᠳᠬᠤ ᠬᠥᠮᠥᠰ ᠪᠠᠰᠠ᠂ ᠬᠡᠷᠪᠡ ᠶᠠᠫᠤᠨ ᠶᠠᠭᠤᠨ᠎ᠤ ᠤᠴᠢᠷ ᠡᠴᠡ ᠳᠠᠶ᠋ᠢᠨ᠎ᠢ ᠦᠳᠦᠭᠡᠭᠰᠡᠨ᠎ᠢᠶᠡᠨ ᠪᠠᠢᠴᠠᠭᠠᠨ ᠳᠤᠩᠭᠠᠬᠤ ᠦᠭᠡᠢ ᠪᠣᠯ ᠲᠡᠦᠬᠡ ᠯᠠᠪᠲᠠᠢ ᠳᠠᠬᠢᠨ ᠢᠯᠡᠷᠡᠬᠦ ᠶᠤᠮ᠂ ᠭᠤᠨᠢᠭ᠍ᠲᠤ ᠵᠦᠴᠦᠭᠡ᠎ᠶᠢ ᠶᠠᠭᠠᠬᠢᠭ᠍ᠰᠠᠨ ᠴᠤ᠌ ᠳᠠᠬᠢᠨ ᠡᠭᠦᠰᠬᠡᠵᠦ ᠪᠣᠯᠬᠤ ᠦᠭᠡᠢ ᠭᠡᠵᠦ ᠢᠯᠡ ᠪᠡᠷ ᠢᠯᠡᠳᠬᠡᠪᠡ ᠁

ᠶᠠᠫᠤᠨ᠎ᠤ ᠬᠢᠨ ᠡᠷᠬᠡᠪᠰᠢ ᠲᠡᠦᠬᠡᠨ ᠶᠠᠯᠠᠲᠤ ᠬᠠᠷᠢᠭᠤᠴᠠᠯᠭ᠎ᠠ᠎ᠪᠠᠨ ᠭᠦᠨᠵᠡᠭᠡᠢ ᠡᠷᠭᠢᠴᠡᠭᠦᠯᠦᠨ ᠪᠤᠳᠤᠵᠤ᠂ ᠪᠣᠳᠠᠲᠤ ᠠᠵᠢᠯᠯᠠᠭ᠎ᠠ᠎ᠪᠠᠷ᠎ᠢᠶᠠᠨ ᠴᠡᠷᠢᠭᠯᠡᠬᠦ ᠦᠵᠡᠯ᠎ᠲᠠᠢ ᠲᠤᠢᠯᠪᠤᠷᠢᠲᠠᠢ ᠰᠠᠯᠤᠩᠬᠢᠷᠠᠵᠤ᠂ ᠡᠩᠬᠡ ᠲᠠᠢᠪᠤᠩ ᠬᠥᠭᠵᠢᠯᠲᠡ᠎ᠶᠢᠨ ᠵᠠᠮ᠎ᠢᠶᠠᠷ ᠦᠨᠡᠨ ᠬᠦ᠌ ᠵᠠᠮᠨᠠᠬᠤ ᠬᠡᠷᠡᠭᠲᠡᠢ᠃

(ᠳᠥᠷᠪᠡ) ᠡᠩᠬᠡ ᠲᠠᠢᠪᠤᠩ ᠪᠠ ᠬᠥᠭᠵᠢᠯᠲᠡ᠎ᠶᠢ ᠬᠠᠮᠠᠭᠠᠯᠠᠬᠤ ᠰᠦᠷ ᠳᠠᠯᠠᠢᠴᠠᠲᠠᠢ ᠬᠦᠴᠦᠨ ᠢ᠋ ᠬᠤᠷᠠᠮᠳᠤᠭᠤᠯᠪᠠ

ᠭᠢᠷᠢᠨ ᠮᠤᠵᠢ᠎ᠶᠢᠨ ᠴᠠᠩᠴᠦ᠋ᠨ ᠬᠣᠲᠠ᠎ᠳᠤ ᠪᠠᠢᠭ᠎ᠠ ᠬᠠᠭᠤᠷᠮᠠᠭ ᠮᠠᠨᠵᠤ ᠤᠯᠤᠰ᠎ᠤᠨ ᠬᠠᠭᠠᠨ᠎ᠤ ᠣᠷᠳᠣᠨ᠎ᠤ ᠮᠦᠽᠧᠢ᠎ᠳᠦ ᠣᠷᠣᠬᠤ ᠪᠡᠷ᠂ ᠬᠦᠷᠢᠶᠡᠨ᠎ᠳᠡᠬᠢ ᠰᠢᠩ ᠶᠦᠨ ᠡᠭᠦᠳᠡᠨ ᠳᠡᠭᠡᠷᠡᠬᠢ ᠴᠠᠭ ᠨᠢ ᠡᠭᠦᠷᠢᠳᠡ ᠫᠦ ᠢ᠎ᠶᠢᠨ ᠡᠨᠡ ᠬᠦ᠌ 《ᠬᠠᠭᠠᠨ ᠎ᠤ ᠣᠷᠳᠣᠨ》 ᠡᠴᠡ ᠰᠡᠩᠳᠡ ᠮᠡᠩᠳᠡ ᠳᠤᠲᠠᠭᠠᠨ ᠶᠠᠪᠤᠭᠰᠠᠨ ᠴᠠᠭ ᠮᠥᠴᠡ᠎ᠳᠦ ᠵᠤᠭᠰᠤᠩᠬᠢᠷᠠᠪᠠ᠃

ᠶᠠᠫᠤᠨ᠎ᠤ ᠭᠤᠸᠠᠨ᠎ᠳ᠋ᠦᠩ ᠴᠡᠷᠢᠭ 《9·18 》 ᠤ᠋ ᠬᠡᠷᠡᠭ ᠬᠤᠪᠢᠰᠤᠯ᠎ᠢ ᠤᠬᠠᠭᠠᠯᠠᠵᠤ᠂ ᠵᠡᠭᠦᠨ ᠬᠣᠢᠲᠤ᠎ᠶᠢᠨ ᠡᠬᠢ ᠪᠠᠶᠠᠯᠢᠭ᠋ ᠎ᠢ ᠪᠤᠯᠢᠶᠠᠨ ᠳᠡᠭᠡᠷᠡᠮᠳᠡᠪᠡ᠁ ᠳᠤᠮᠳᠠᠳᠤ ᠭᠠᠳᠠᠭᠠᠳᠤ᠎ᠶᠢᠨ ᠲᠣᠭᠣᠷᠢᠨ ᠦᠵᠡᠭᠴᠢᠳ ᠲᠡᠦᠬᠡ ᠵᠢ ᠤᠭ ᠬᠡᠪ᠎ᠢᠶᠡᠷ ᠨᠢ ᠰᠡᠷᠭᠦᠭᠡᠭᠰᠡᠨ ᠦᠵᠡᠭᠳᠡᠯ ᠪᠣᠯᠣᠨ ᠬᠦᠷᠢᠶᠡᠨ ᠳᠣᠲᠣᠷᠠᠬᠢ ᠵᠡᠭᠦᠨ ᠬᠣᠢᠲᠤ᠎ᠶᠢᠨ ᠡᠵᠡᠯᠡᠭᠳᠡᠭᠰᠡᠨ ᠲᠡᠦᠬᠡ ᠵᠢ ᠳᠡᠯᠭᠡᠨ ᠦᠵᠡᠭᠦᠯᠬᠦ ᠣᠷᠳᠣᠨ᠎ᠳᠤ ᠳᠡᠯᠭᠡᠨ ᠦᠵᠡᠭᠦᠯᠵᠦ ᠪᠠᠢᠭ᠎ᠠ ᠡᠳ᠋ ᠪᠤᠳᠠᠰ᠎ᠢ ᠳᠤᠭᠤᠷᠢᠨ ᠦᠵᠡᠵᠦ᠂ ᠡᠨᠡ ᠬᠦ᠌ ᠬᠠᠭᠤᠴᠢᠨ ᠪᠠᠭᠤᠷᠢ᠎ᠶᠢᠨ ᠲᠡᠦᠬᠡ᠎ᠶᠢᠨ ᠬᠤᠪᠢᠰᠤᠯᠲᠠ ᠳᠤᠮᠳᠠ ᠴᠠᠭ ᠬᠤᠭᠤᠴᠠᠭ᠎ᠠ ᠣᠷᠣᠨ ᠵᠠᠢ᠎ᠶᠢ ᠲᠤᠭᠤᠯᠤᠭᠰᠠᠠ ᠰᠡᠩᠬᠡᠷᠡᠭᠦᠯᠦᠯ᠎ᠢ ᠭᠦᠨ ᠮᠡᠳᠡᠷᠡᠪᠡ᠃

《ᠶᠠᠫᠤᠨ᠎ᠤ ᠲᠦᠷᠢᠮᠡᠬᠡᠢᠯᠡᠭᠴᠢᠳ ᠨᠤᠲᠤᠭ ᠳᠡᠪᠢᠰᠬᠡᠷ᠎ᠢ ᠲᠦᠷᠢᠮᠡᠬᠡᠢᠯᠡᠨ ᠡᠵᠡᠯᠡᠵᠦ᠂ ᠮᠠᠨᠤᠤᠯ ᠵᠠᠰᠠᠭ᠎ᠢ ᠲᠡᠳᠬᠦᠵᠦ ᠪᠣᠯᠬᠤ ᠪᠣᠯᠪᠠᠴᠤ ᠳᠤᠮᠳᠠᠳᠤ ᠤᠯᠤᠰ᠎ᠤᠨ ᠠᠷᠠᠳ ᠲᠦᠮᠡᠨ᠎ᠦ ᠴᠢᠰᠤ ᠮᠢᠬᠠᠨ᠎ᠳᠤ ᠭᠦᠨ ᠰᠢᠩᠭᠡᠭᠰᠡᠨ ᠦᠨᠳᠦᠰᠦᠲᠡᠨ ᠎ᠦ ᠬᠠᠮᠳᠤ ᠵᠢᠨ ᠲᠠᠨᠢᠯᠳᠠ᠎ᠶᠢ ᠦᠭᠡᠶ᠋ᠢᠰᠬᠡᠬᠦ᠎ᠶᠢᠨ ᠠᠷᠭ᠎ᠠ ᠦᠭᠡᠢ ᠶᠤᠮ᠃ ᠪᠢᠳᠡ ᠶᠠᠫᠤᠨ ᠎ᠤ ᠴᠡᠷᠢᠭᠯᠡᠬᠦ ᠦᠵᠡᠯ᠎ᠦᠨ ᠲᠦᠷᠢᠮᠡᠬᠡᠢ ᠠᠵᠢᠯᠯᠠᠭ᠎ᠠ᠎ᠶᠢᠨ ᠳᠤᠮᠳᠠᠳᠤ ᠤᠯᠤᠰ᠎ᠤᠨ ᠠᠷᠠᠳ ᠲᠦᠮᠡᠨ᠎ᠳᠦ ᠤᠴᠠᠷᠠᠭᠤᠯᠤᠭᠰᠠᠨ ᠬᠦᠨᠳᠦ ᠨᠣᠴᠢᠲᠠᠢ ᠭᠠᠰᠠᠯᠠᠩ ᠵᠣᠪᠠᠯᠠᠩ᠎ᠢ ᠨᠡᠩ ᠤᠯᠠᠨ ᠬᠥᠮᠥᠨ᠎ᠳᠦ ᠣᠢᠯᠠᠭᠠᠭᠤᠯᠵᠤ᠂ ᠤᠯᠠᠨ᠎ᠢ ᠬᠠᠮᠲᠤ᠎ᠪᠠᠷ ᠡᠩᠬᠡ ᠲᠠᠢᠪᠤᠩ᠎ᠢ ᠨᠠᠨᠳᠢᠩᠨᠠᠵᠤ᠂ ᠡᠩᠬᠡ ᠲᠠᠢᠪᠤᠩ᠎ᠢ ᠬᠠᠮᠠᠭᠠᠯᠠᠬᠤ ᠪᠤᠯᠭᠠᠨ᠎ᠠ》ᠭᠡᠵᠦ ᠬᠠᠭᠤᠷᠮᠠᠭ ᠮᠠᠨᠵᠤ ᠤᠯᠤᠰ᠎ᠤᠨ ᠬᠠᠭᠠᠨ᠎ᠤ ᠣᠷᠳᠣᠨ ᠎ᠤ ᠮᠦᠽᠧᠢ᠎ᠶᠢᠨ ᠲᠠᠢᠯᠪᠤᠷᠢᠯᠠᠬᠤ ᠳᠤᠭᠤᠢᠯᠠᠩ᠎ᠤᠨ ᠳᠠᠷᠤᠭ᠎ᠠ ᠰᠦᠨ ᠳ᠋ᠠᠨ ᠢᠦᠢ ᠮᠧᠢ ᠬᠡᠯᠡᠪᠡ᠃

ᠳᠡᠯᠡᠬᠡᠢ ᠳᠡᠭᠡᠷᠡᠬᠢ ᠴᠢᠬᠤᠯᠠ ᠡᠩᠬᠡ ᠲᠠᠢᠪᠤᠩ᠎ᠤᠨ ᠬᠦᠴᠦᠨ᠂ ᠰᠢᠳᠤᠷᠭᠤ ᠶᠣᠰᠣᠨ᠎ᠤ ᠬᠦᠴᠦᠨ᠂ ᠳᠠᠪᠰᠢᠩᠭᠤᠢ ᠬᠦᠴᠦᠨ ᠪᠣᠯᠤᠭᠰᠠᠨ᠎ᠤ ᠬᠤᠪᠢ᠎ᠳᠤ᠂ ᠳᠤᠮᠳᠠᠳᠤ ᠤᠯᠤᠰ ᠳᠤᠷᠠᠲᠠᠶ᠎ᠠ ᠪᠦᠬᠦ ᠳᠡᠯᠡᠬᠡᠢ᠎ᠶᠢᠨ ᠡᠩᠬᠡ ᠲᠠᠢᠪᠤᠩ᠎ᠢ ᠡᠷᠬᠢᠮᠯᠡᠳᠡᠭ ᠤᠯᠤᠰ ᠪᠠ ᠠᠷᠠᠳ ᠲᠦᠮᠡᠨ᠎ᠲᠠᠢ ᠬᠠᠮᠲᠤ᠎ᠪᠠᠷ ᠳᠡᠯᠡᠬᠡᠢ᠎ᠶᠢᠨ ᠬᠣᠶᠠᠳᠤᠭᠠᠷ ᠲᠠᠢ᠍ᠢᠨ᠎ᠦ ᠳᠠᠷᠠᠭᠠᠬᠢ ᠡᠮᠬᠢ ᠵᠢᠷᠤᠮ᠎ᠢ ᠬᠠᠮᠠᠭᠠᠯᠠᠵᠤ᠂ ᠳᠡᠯᠡᠬᠡᠢ᠎ᠶᠢᠨ ᠡᠩᠬᠡ ᠲᠠᠢᠪᠤᠩ ᠠᠮᠤᠷ ᠲᠣᠭᠲᠠᠭᠤᠨ᠎ᠢ ᠬᠠᠮᠠᠭᠠᠯᠠᠨ᠎ᠠ᠃

ᠬᠠᠮᠲᠤ᠎ᠶᠢᠨ ᠴᠡᠭᠡᠵᠢᠯᠡᠭᠦᠢ᠎ᠶᠢ ᠰᠠᠬᠢᠨ ᠬᠠᠮᠠᠭᠠᠯᠠᠬᠤ ᠪᠣᠯ ᠳᠠᠷᠤᠢ ᠬᠥᠮᠥᠨ ᠲᠥᠷᠥᠯᠬᠢᠲᠡᠨ᠎ᠦ ᠬᠠᠮᠲᠤ᠎ᠶᠢᠨ ᠭᠡᠷ ᠣᠷᠣᠨ᠎ᠢᠶᠠᠨ ᠰᠠᠬᠢᠨ ᠬᠠᠮᠠᠭᠠᠯᠠᠵᠤ ᠪᠠᠢᠭ᠎ᠠ ᠶᠠᠪᠤᠳᠠᠯ ᠪᠣᠯᠣᠨ᠎ᠠ᠃

ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠤᠨ᠎ᠢ ᠡᠰᠡᠷᠭᠦᠴᠡᠭᠦ ᠳᠠᠶ᠋ᠢᠨ᠎ᠦ ᠢᠯᠠᠯᠲᠠ᠎ᠶᠢᠨ ᠳᠤᠷᠠᠰᠬᠠᠯ᠎ᠤᠨ ᠡᠳᠦᠷ᠎ᠢ ᠬᠠᠤᠯᠢ ᠪᠡᠷ ᠲᠣᠭᠲᠠᠭᠠᠵᠤ᠂ ᠨᠠᠨᠵᠢᠩ᠎ᠤᠨ ᠶᠡᠬᠡ ᠬᠢᠳᠤᠯᠭ᠎ᠠ᠎ᠳᠤ ᠡᠨᠳᠡᠭᠰᠡᠳ ᠎ᠢ ᠭᠠᠰᠢᠭᠤᠳᠠᠬᠤ ᠤᠯᠤᠰ᠎ᠤᠨ ᠨᠡᠶ᠋ᠢᠲᠡ᠎ᠶᠢᠨ ᠳᠠᠬᠢᠯᠭ᠎ᠠ᠎ᠶᠢᠨ ᠡᠳᠦᠷ᠎ᠢ ᠲᠣᠭᠲᠠᠭᠠᠵᠤ᠁ ᠡᠨᠡ ᠨᠢ ᠳᠤᠮᠳᠠᠳᠤ ᠤᠯᠤᠰ᠎ᠤᠨ ᠠᠷᠠᠳ ᠲᠦᠮᠡᠨ᠎ᠦ ᠬᠠᠮᠲᠤ᠎ᠶᠢᠨ ᠵᠣᠷᠢᠭ᠋ ᠰᠠᠨᠠᠭ᠎ᠠ᠎ᠶᠢ ᠲᠥᠪᠯᠡᠷᠡᠩᠭᠦᠢ ᠲᠤᠰᠬᠠᠵᠤ᠂ ᠳᠤᠮᠳᠠᠳᠤ ᠤᠯᠤᠰ᠎ᠤᠨ ᠠᠷᠠᠳ ᠲᠦᠮᠡᠨ᠎ᠦ ᠤᠯᠤᠰ᠎ᠤᠨ ᠡᠷᠬᠡ ᠮᠡᠳᠡᠯ ᠪᠣᠯᠣᠨ ᠨᠤᠲᠤᠭ ᠳᠡᠪᠢᠰᠬᠡᠷ᠎ᠦᠨ ᠪᠦᠷᠢᠨ ᠪᠦᠲᠦᠨ ᠪᠠᠢᠬᠤ᠎ᠶᠢ ᠡᠷᠡᠰ ᠬᠠᠮᠠᠭᠠᠯᠠᠬᠤ ᠪᠠᠲᠤ ᠵᠣᠭᠰᠣᠯᠲᠠ᠎ᠶᠢ ᠬᠠᠷᠠᠭᠤᠯᠵᠤ᠂ ᠳᠤᠮᠳᠠᠳᠤ᠎ᠶᠢᠨ ᠦᠨᠳᠦᠰᠦᠲᠡᠨ᠎ᠦ ᠰᠥᠷᠴᠦ ᠶᠠᠪᠤᠵᠤ ᠰᠥᠷᠭᠡᠦ ᠠᠭᠠᠰᠢᠯᠠᠬᠤ᠎ᠶᠢ ᠡᠰᠡᠷᠭᠦᠴᠡᠬᠦ᠂ ᠬᠥᠮᠥᠨ ᠲᠥᠷᠥᠯᠬᠢᠲᠡᠨ᠎ᠦ ᠨᠡᠷ᠎ᠡ ᠬᠦᠨᠳᠦ᠎ᠶᠢ ᠬᠠᠮᠠᠭᠠᠯᠠᠬᠤ᠂ ᠳᠡᠯᠡᠬᠡᠢ᠎ᠶᠢᠨ ᠡᠩᠬᠡ ᠲᠠᠢᠪᠤᠩ ᠎ᠢ ᠬᠠᠮᠠᠭᠠᠯᠠᠬᠤ ᠶᠡᠬᠡ ᠵᠢᠷᠤᠮ ᠡᠭᠦᠷᠭᠡᠯᠡᠯ᠎ᠢ ᠬᠠᠷᠠᠭᠤᠯᠵᠠᠢ᠃

ᠳᠡᠯᠡᠬᠡᠢ ᠨᠡᠢᠭᠡᠮ᠎ᠢ ᠠᠵᠢᠭᠯᠠᠬᠤᠶ᠎ᠠ᠂ ᠤᠷᠤᠰ᠎ᠤᠨ ᠶᠠᠫᠤᠨ᠎ᠤ ᠴᠡᠷᠢᠭᠯᠡᠬᠦ ᠦᠵᠡᠯ᠎ᠢ ᠢᠯᠠᠭᠰᠠᠨ ᠵᠢᠴᠢ ᠳᠡᠯᠡᠬᠡᠢ᠎ᠶᠢᠨ ᠬᠣᠶᠠᠳᠤᠭᠠᠷ ᠲᠠᠢ᠍ᠢᠨ ᠳᠠᠭᠤᠰᠤᠭᠰᠠᠨ ᠳᠤᠷᠠᠰᠬᠠᠯ᠎ᠤᠨ ᠡᠳᠦᠷ᠂ ᠰᠣᠯᠣᠩᠭᠣᠰ ᠎ᠤᠨ ᠡᠬᠡ ᠤᠯᠤᠰ ᠎ᠤᠨ ᠴᠢᠯᠦᠭᠡᠯᠡᠯᠲᠡ᠎ᠶᠢᠨ ᠡᠳᠦᠷ᠂ ᠺᠣᠷᠢᠶᠠ᠎ᠶᠢᠨ ᠰᠡᠷᠭᠦᠭᠡᠯᠲᠡ᠎ᠶᠢᠨ ᠡᠳᠦᠷ᠂ ᠰᠢᠩᠭᠠᠫᠤᠷ ᠎ᠤᠨ ᠪᠦᠬᠦ ᠲᠠᠯ᠎ᠠ᠎ᠶᠢᠨ ᠬᠠᠮᠠᠭᠠᠯᠠᠯᠲᠠ᠎ᠶᠢᠨ ᠡᠳᠦᠷ ᠁ ᠠᠯᠢ ᠤᠯᠠᠨ ᠳᠤᠷᠠᠰᠬᠠᠯ᠎ᠤᠨ ᠡᠳᠦᠷ᠂ ᠠᠯᠢ ᠤᠯᠠᠨ ᠳᠤᠷᠠᠰᠬᠠᠬᠤ ᠠᠵᠢᠯᠯᠠᠭ᠎ᠠ ᠨᠢ ᠳᠡᠯᠡᠬᠡᠢ ᠳ᠋ᠠᠬᠢᠨ᠎ᠳᠤ ᠲᠡᠦᠬᠡ᠎ᠶᠢᠨ ᠦᠨᠡᠨ ᠪᠠᠢᠳᠠᠯ᠎ᠢ ᠬᠠᠮᠠᠭᠠᠯᠠᠬᠤ᠂ ᠡᠩᠬᠡ ᠲᠠᠢᠪᠤᠩ ᠪᠣᠯᠣᠨ ᠬᠥᠭᠵᠢᠯᠲᠡ᠎ᠶᠢ ᠬᠠᠮᠠᠭᠠᠯᠠᠬᠤ ᠬᠠᠮᠲᠤ᠎ᠶᠢᠨ ᠬᠦᠰᠡᠯ ᠡᠷᠡᠮᠡᠯᠵᠡᠯ᠎ᠢ ᠳᠠᠮᠵᠢᠭᠤᠯᠪᠠ᠃

ᠬᠥᠮᠥᠨ ᠲᠥᠷᠥᠯᠬᠢᠲᠡᠨ ᠳᠠᠬᠢᠨᠳᠠ ᠡᠩᠬᠡ ᠲᠠᠢᠪᠤᠩ ᠶᠤᠮ ᠦᠦ ᠡᠰᠡᠭᠦᠯ᠎ᠡ ᠲᠠᠢ᠍ᠢᠨ ᠳᠠᠵᠢᠨ ᠶᠤᠮ ᠦᠦ᠂ ᠶᠠᠷᠢᠯᠴᠠᠭ᠎ᠠ ᠬᠢᠬᠦ ᠶᠤᠮ ᠦᠦ ᠡᠰᠡᠬᠦᠯ᠎ᠡ ᠡᠰᠡᠷᠭᠦᠴᠡᠯᠳᠦᠬᠦ ᠶᠤᠮ ᠦᠦ᠂ ᠬᠠᠮᠲᠤ᠎ᠪᠠᠷ ᠠᠰᠢᠭ᠋ ᠬᠦᠷᠳᠡᠬᠦ ᠶᠤᠮ ᠦᠦ ᠡᠰᠡᠬᠦᠯ᠎ᠡ ᠦᠯᠦ ᠡᠪᠰᠡᠬᠦ ᠦᠵᠡᠯᠴᠡᠭᠡᠨ ᠬᠢᠬᠦ ᠶᠤᠮ᠎ᠤᠤ ᠭᠡᠬᠦ ᠰᠣᠩᠭᠣᠯᠲᠠ᠎ᠳᠤ ᠲᠤᠯᠭᠠᠷᠠᠵᠤ᠂ ᠳᠤᠮᠳᠠᠳᠤ ᠤᠯᠤᠰ ᠡᠩᠬᠡ ᠲᠠᠢᠪᠤᠩ᠂ ᠬᠥᠭᠵᠢᠯᠲᠡ᠂ ᠬᠠᠮᠲᠤᠷᠠᠯᠴᠠᠭ᠎ᠠ᠂ ᠬᠠᠮᠲᠤ᠎ᠪᠠᠷ ᠠᠰᠢᠭ᠋ ᠬᠦᠷᠳᠡᠬᠦ ᠲᠤᠭ᠎ᠢ ᠥᠨᠳᠥᠷ᠎ᠲᠦ ᠮᠠᠨᠳᠤᠭᠤᠯᠪᠠ᠃

2025 ᠣᠨ᠎ᠤ 9 ᠰᠠᠷ᠎ᠠ᠎ᠶᠢᠨ ᠡᠬᠢ᠎ᠪᠡᠷ᠂ ᠶᠡᠷᠦᠩᠬᠡᠢ ᠱᠦᠵᠢ ᠰᠢ ᠵᠢᠨ ᠫᠢᠩ ᠳᠡᠯᠡᠬᠡᠢ᠎ᠶᠢᠨ ᠲᠠᠪᠤᠨ ᠶᠡᠬᠡ ᠲᠢᠪ᠎ᠡᠴᠡ ᠢᠷᠡᠭᠰᠡᠨ ᠭᠠᠳᠠᠭᠠᠳᠤ ᠤᠯᠤᠰ᠎ᠤᠨ ᠤᠳᠤᠷᠢᠳᠬᠤ ᠬᠥᠮᠥᠰ ᠵᠢᠴᠢ ᠬᠣᠯᠪᠣᠭᠳᠠᠯ ᠪᠦᠬᠦᠢ ᠤᠯᠤᠰ᠎ᠤᠨ ᠳᠡᠭᠡᠳᠦ ᠲᠠᠰ᠎ᠤᠨ ᠲᠥᠯᠥᠭᠡᠯᠡᠭᠴᠢ᠂ ᠣᠯᠠᠨ ᠤᠯᠤᠰ᠎ᠤᠨ ᠵᠣᠬᠢᠶᠠᠨ ᠪᠠᠢᠭᠤᠯᠤᠯᠲᠠ᠎ᠶᠢᠨ ᠬᠠᠷᠢᠭᠤᠴᠠᠯᠭᠠᠲᠠᠨ᠂ ᠤᠤᠯ᠎ᠤᠨ ᠤᠯᠤᠰ ᠲᠥᠷᠥ᠎ᠶᠢᠨ ᠴᠢᠬᠤᠯᠠ ᠬᠥᠮᠥᠰ᠂ ᠳᠤᠮᠳᠠᠳᠤ ᠤᠯᠤᠰ᠎ᠤᠨ ᠶᠠᠫᠤᠨ᠎ᠢ ᠡᠰᠡᠷᠭᠦᠴᠡᠬᠦ ᠲᠡᠶ᠋ᠢᠨ᠎ᠦ ᠢᠯᠠᠯᠲᠠ ᠣᠯᠬᠤ᠎ᠳᠤ ᠬᠤᠪᠢ ᠨᠡᠮᠡᠷᠢ ᠦᠵᠡᠭᠦᠯᠦᠭᠰᠡᠨ ᠣᠯᠠᠨ ᠤᠯᠤᠰ᠎ᠤᠨ ᠨᠥᠬᠥᠷᠰᠡᠭ ᠬᠥᠮᠥᠰ ᠪᠤᠶᠤ ᠲᠡᠳᠡᠨ᠎ᠦ ᠭᠡᠷ ᠪᠦᠯᠢ᠎ᠶᠢᠨ ᠲᠥᠯᠥᠭᠡᠯᠡᠭᠴᠢ ᠨᠠᠷ᠎ᠲᠠᠢ ᠬᠠᠮᠲᠤ᠎ᠪᠠᠷ ᠪᠡᠭᠡᠵᠢᠩ᠎ᠳᠦ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠤᠨ᠎ᠢ ᠡᠰᠡᠷᠭᠦᠴᠡᠬᠦ ᠲᠡᠶ᠋ᠢᠨ ᠵᠢᠴᠢ ᠳᠡᠯᠡᠬᠡᠢ᠎ᠶᠢᠨ ᠹᠠᠱ᠌ᠢᠰ᠎ᠢ ᠡᠰᠡᠷᠭᠦᠴᠡᠬᠦ ᠲᠡᠶ᠋ᠢᠨ ᠢᠯᠠᠯᠲᠠ ᠣᠯᠣᠭᠰᠠᠨ 80 ᠵᠢᠯ᠎ᠦᠨ ᠣᠶ᠎ᠶᠢ ᠳᠤᠷᠠᠰᠬᠠᠵᠤ᠂ ᠬᠥᠮᠥᠨ ᠲᠥᠷᠥᠯᠬᠢᠲᠡᠨ᠎ᠦ ᠡᠩᠬᠡ ᠲᠠᠢᠪᠤᠩ ᠪᠠ ᠬᠥᠭᠵᠢᠯᠲᠡ᠎ᠶᠢᠨ ᠰᠠᠢᠨ ᠰᠠᠢᠬᠠᠨ ᠢᠷᠡᠭᠡᠳᠦᠢ᠎ᠶᠢ ᠬᠠᠮᠲᠤ᠎ᠪᠠᠷ ᠪᠡᠷᠡᠯᠡᠪᠡ᠃

《ᠶᠠᠮᠠᠷᠪᠠ ᠦᠶ᠎ᠡ᠎ᠳᠦ ᠴᠦ᠍᠂ ᠪᠢᠳᠡ ᠴᠥᠮ ᠪᠦᠬᠦ ᠬᠥᠮᠥᠨ ᠲᠥᠷᠥᠯᠬᠢᠲᠡᠨ᠎ᠦ ᠬᠠᠮᠲᠤ᠎ᠶᠢᠨ ᠦᠷᠳᠡᠭ᠎ᠢ ᠪᠠᠳᠠᠷᠠᠭᠤᠯᠵᠤ᠂ ᠳᠡᠯᠡᠬᠡᠢ᠎ᠶᠢᠨ ᠲᠥᠪ ᠭᠣᠣᠯᠴᠢ ᠰᠢᠳᠤᠷᠭᠤ ᠶᠣᠰᠣ᠌᠎ᠶᠢ ᠡᠷᠡᠰ ᠬᠠᠮᠠᠭᠠᠯᠠᠵᠤ᠂ ᠳᠡᠯᠡᠬᠡᠢ ᠳ᠋ᠠᠬᠢᠨ᠎ᠢ ᠲᠥᠪ ᠴᠢᠬᠡᠴᠢ᠂ ᠠᠭᠤᠳᠠᠮᠴᠢ ᠪᠠᠭᠲᠠᠭᠠᠮᠵᠢᠲᠠᠢ ᠪᠣᠯᠭᠠᠬᠤ ᠬᠡᠷᠡᠭᠲᠡᠢ》 ᠃

《ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢᠨ ᠰᠦᠷ ᠬᠦᠴᠦᠨ ᠬᠣᠷᠢᠭ᠍ᠯᠠᠭᠳᠠᠰᠢ ᠦᠭᠡᠢ! ᠬᠥᠮᠥᠨ ᠲᠥᠷᠥᠯᠬᠢᠲᠡᠨ᠎ᠦ ᠡᠩᠬᠡ ᠲᠠᠢᠪᠤᠩ ᠪᠠ ᠬᠥᠭᠵᠢᠯᠲᠡ᠎ᠶᠢᠨ ᠡᠷᠬᠢᠮ ᠳᠡᠭᠡᠳᠦ ᠦᠢᠯᠡᠰ ᠯᠠᠪᠲᠠᠢ ᠢᠯᠠᠯᠲᠠ ᠣᠯᠣᠨ᠎ᠠ》 !

ᠶᠡᠷᠦᠩᠬᠡᠢ ᠱᠦᠵᠢ ᠰᠢ ᠵᠢᠨ ᠫᠢᠩ᠎ᠦᠨ ᠡᠷᠡᠰ ᠪᠠᠲᠤ ᠲᠤᠩᠬᠠᠭᠯᠠᠯ ᠨᠢ ᠳᠡᠯᠡᠬᠡᠢ ᠨᠡᠢᠭᠡᠮ᠎ᠢᠶᠡᠷ᠎ᠢᠶᠡᠨ ᠲᠡᠦᠬᠡ ᠎ᠶᠢᠨ ᠵᠥᠪ ᠲᠠᠯ᠎ᠠ᠎ᠳᠤ ᠡᠷᠡᠰ ᠵᠣᠭᠰᠣᠵᠤ᠂ ᠬᠥᠮᠥᠨ ᠲᠥᠷᠥᠯᠬᠢᠲᠡᠨ᠎ᠦ ᠪᠣᠯᠪᠠᠰᠤᠨ ᠎ᠤ ᠲᠠᠪᠰᠢᠯᠳᠠ᠎ᠶᠢᠨ ᠲᠠᠯ᠎ᠠ᠎ᠳᠤ ᠵᠣᠭᠰᠣᠵᠤ᠂ ᠬᠥᠮᠥᠨ ᠲᠥᠷᠥᠯᠬᠢᠲᠡᠨ᠎ᠦ ᠰᠠᠢᠨ ᠰᠠᠢᠬᠠᠨ ᠢᠷᠡᠭᠡᠳᠦᠢ᠎ᠶᠢ ᠬᠠᠮᠲᠤ᠎ᠪᠠᠷ ᠴᠣᠭᠴᠠᠯᠠᠬᠤ ᠢᠲᠡᠭᠡᠯ ᠪᠣᠯᠣᠨ ᠬᠦᠴᠦᠨ᠎ᠢ ᠬᠤᠷᠠᠮᠳᠤᠭᠤᠯᠪᠠ᠃

ᠳᠡᠯᠡᠬᠡᠢ᠎ᠶᠢᠨ ᠤᠷᠤᠰᠬᠠᠯ ᠰᠦᠷ ᠳᠠᠯᠠᠢᠴᠠᠲᠠᠢ᠂ ᠲᠠᠭᠠᠪᠠᠯ ᠮᠠᠨᠳᠤᠵᠤ᠂ ᠰᠥᠷᠪᠡᠯ ᠮᠥᠬᠥᠨ᠎ᠡ᠃

ᠶᠠᠮᠠᠷᠪᠠ ᠬᠥᠮᠥᠨ᠂ ᠶᠠᠮᠠᠷᠪᠠ ᠬᠦᠴᠦᠨ ᠬᠡᠷᠪᠡ ᠬᠢᠷᠢ᠎ᠪᠡᠨ ᠮᠡᠳᠡᠬᠦ ᠦᠭᠡᠢ᠂ ᠲᠦᠷᠢᠮᠡᠬᠡᠢᠯᠡᠭᠰᠡᠨ ᠲᠡᠦᠬᠡ᠎ᠶᠢᠨ ᠬᠡᠷᠡᠭ᠎ᠢ ᠵᠥᠪᠲᠥᠭᠡᠬᠦ᠎ᠪᠡᠷ ᠳᠡᠮᠡᠢᠷᠡᠨ ᠭᠣᠷᠢᠳᠠᠵᠤ᠂ ᠲᠠᠢ᠍ᠢᠨ᠎ᠦ ᠶᠠᠯᠠᠲᠤ ᠠᠵᠢᠯᠯᠠᠭ᠎ᠠ᠎ᠶᠢ ᠴᠠᠭᠠᠳᠬᠠᠵᠤ᠂ ᠴᠡᠷᠢᠭᠯᠡᠬᠦ ᠦᠵᠡᠯ᠎ᠦᠨ ᠰᠦᠨᠡᠰᠦ᠎ᠶᠢ ᠳᠠᠭᠤᠳᠠᠬᠤ᠎ᠳᠤ ᠬᠦᠷᠪᠡᠯ᠂ ᠡᠴᠦᠰ᠎ᠲᠡᠬᠡᠨ ᠴᠥᠮ ᠢᠯᠠᠭᠳᠠᠯ᠎ᠢᠶᠠᠷ ᠳᠠᠭᠤᠰᠴᠤ᠂ ᠰᠢᠳᠤᠷᠭᠤ ᠶᠣᠰᠣᠨ᠎ᠤ ᠰᠢᠭᠦᠨ ᠲᠠᠰᠤᠯᠤᠯᠳᠠ ᠪᠠ ᠲᠡᠦᠬᠡ᠎ᠶᠢᠨ ᠲᠠᠩᠰᠠ ᠪᠤᠳᠤᠬᠤ ᠵᠢ ᠲᠤᠢᠯᠪᠤᠷᠢᠲᠠᠢ ᠬᠦᠯᠢᠶᠡᠬᠦ ᠪᠣᠯᠣᠨ᠎ᠠ᠃

ᠳᠡᠯᠡᠬᠡᠢ ᠳᠡᠭᠡᠷᠡᠬᠢ ᠠᠯᠢᠪᠠ ᠳᠠᠪᠰᠢᠩᠭᠤᠢ ᠬᠦᠴᠦᠨ᠂ ᠡᠩᠬᠡ ᠲᠠᠢᠪᠤᠩ ᠪᠠ ᠬᠥᠭᠵᠢᠯᠲᠡ᠎ᠶᠢᠨ ᠡᠷᠬᠢᠮ ᠳᠡᠭᠡᠳᠦ ᠦᠢᠯᠡᠰ᠎ᠦᠨ ᠲᠥᠯᠥᠭᠡ  ᠭᠠᠷ ᠭᠠᠷ᠎ᠢᠶᠡᠨ ᠬᠤᠯᠪᠤᠯᠴᠠᠪᠠᠯ᠂ ᠠᠭᠤᠤ ᠶᠡᠬᠡ ᠢᠯᠠᠯᠲᠠ᠎ᠶᠢᠨ ᠢᠷᠠᠭᠤ ᠠᠯᠳᠠᠷ᠎ᠢ ᠬᠥᠮᠥᠨ ᠲᠥᠷᠥᠯᠬᠢᠲᠡᠨ᠎ᠦ ᠳᠠᠪᠰᠢᠯᠲᠠ᠎ᠶᠢᠨ ᠲᠡᠦᠬᠡᠨ ᠬᠠᠭᠤᠳᠠᠰᠤᠨ᠎ᠠ ᠡᠭᠦᠷᠢᠳᠡ ᠭᠢᠯᠠᠯᠵᠠᠭᠤᠯᠬᠤ ᠨᠢ ᠯᠠᠪᠲᠠᠢ ᠶᠤᠮ!


ᠰᠢᠨᠬᠤᠸᠠ ᠬᠤᠷᠢᠶ᠎ᠠ ᠵᠢᠨ ᠪᠡᠭᠡᠵᠢᠩ᠎ᠦᠨ 8 ᠰᠠᠷ᠎ᠠ᠎ᠶᠢᠨ 14 ᠎ᠤ᠋ ᠴᠠᠬᠢᠯᠭᠠᠨ ᠮᠡᠳᠡᠭᠡ



ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号