ᠬᠠᠷᠠᠭ᠎ᠠ ᠪᠣᠯᠢᠶᠠᠮ᠎ᠠ ᠬᠡᠰᠢᠭᠲᠡᠨ ᠨᠣᠲᠣᠬ᠎ᠤᠨ ᠦᠵᠡᠮᠵᠢ
2026-08-04 13:15:43
ᠵᠣᠬᠢᠶᠠᠭ᠍ᠴᠢ᠄
ᠪᠠᠳᠤᠪᠠᠶᠠᠷ ᠵᠣᠣ ᠵᠢᠶᠦᠢ᠍ᠨ ᠭᠠᠩ
ᠣᠩᠱᠢᠭ᠍ᠰᠠᠨ ᠣᠳᠠᠭ᠎ᠠ᠄
★★★☆☆

ᠬᠡᠰᠢᠭ᠌ᠳᠠᠨ ᠬᠤᠰᠢᠭᠤᠨ᠎ᠤ ᠲᠠᠯᠠᠢᠨᠠᠭᠤᠷ ᠡᠴᠨ ᠪᠠᠷᠠᠭᠤᠨ ᠦᠵᠦᠮᠦᠴᠢᠨ᠎ᠤ ᠳ᠋ᠠᠴᠢ ᠶ᠋ᠢᠨ ᠮᠠᠯᠵᠢᠯ ᠤ᠋ᠨ ᠲᠠᠯᠠᠪᠠᠢ ᠬᠦᠷᠬᠦ  ᠵᠠᠰᠠᠮᠠᠯ ᠵᠠᠮ ᠤ᠋ᠨ ᠬᠡᠰᠢᠭ᠌ᠳᠠᠨ ᠬᠤᠰᠢᠭᠤᠨ᠎ᠤ ᠬᠡᠪᠴᠢᠶᠠᠨ ᠳ᠋ᠠᠬᠢ ᠲᠠᠯᠠᠢᠨᠠᠭᠤᠷ ᠤ᠋ᠨ ᠦᠵᠡᠮᠵᠢ ᠶ᠋ᠢᠨ ᠤᠷᠤᠨ ᠡᠴᠨ ᠠᠰᠬᠠᠳᠦ ᠶ᠋ᠢᠨ ᠴᠢᠯᠠᠭᠤᠨ ᠤᠢ ᠶ᠋ᠢᠨ ᠦᠵᠡᠮᠵᠢ ᠶ᠋ᠢᠨ ᠤᠷᠤᠨ ᠬᠦᠷᠬᠦ ᠵᠠᠰᠠᠮᠠᠯ ᠵᠠᠮ ᠨᠢ 2024 ᠤᠨ ᠳ᠋ᠥ ᠤᠯᠤᠰ ᠤ᠋ᠨ ᠵᠠᠮ ᠲᠠᠭᠡᠭᠡᠪᠦᠷᠢ ᠶ᠋ᠢᠨ ᠶᠠᠮᠤᠨ᠂ ᠰᠤᠶᠤᠯ ᠪᠠ ᠵᠢᠭᠤᠯᠴᠢᠯᠡᠯ ᠤ᠋ᠨ ᠶᠠᠮᠤᠨ ᠳ᠋ᠦ 《ᠳᠤᠮᠳᠠᠳᠤ ᠤᠯᠤᠰ᠎ᠤᠨ ᠬᠠᠮᠤᠭ᠎ᠤᠨ ᠭᠣᠶᠤ ᠲᠠᠯ᠎ᠠ ᠨᠤᠲᠤᠭ᠎ᠤᠨ ᠵᠠᠰᠠᠮᠠᠯ ᠵᠠᠮ 》᠂  《ᠤᠯᠤᠰ᠎ᠤᠨ ᠲᠡᠰ᠎ᠤᠨ ᠦᠵᠡᠮᠵᠢ᠎ᠶᠢᠨ ᠶᠡᠬᠡ ᠵᠠᠮ 》 ᠭᠡᠬᠦ ᠰᠠᠶ᠋ᠢᠬᠠᠨ ᠠᠯᠳᠠᠷ ᠢ᠋ ᠬᠦᠷᠳᠡᠭ᠌ᠰᠠᠨ ᠡᠴᠨ ᠨᠠᠭᠠᠰᠢ ᠂ ᠪᠦᠬᠦ ᠣᠯᠣᠰ᠎ᠤᠨ ᠡᠯ᠎ᠠ ᠭᠠᠵᠠᠷ ᠡᠴᠡ ᠬᠦᠷᠦᠯᠴᠡᠨ ᠢᠷᠡᠭᠰᠡᠨ ᠵᠢᠭᠣᠯᠴᠢᠯᠠᠭᠰᠠᠳ ᠤ᠋ᠨ ᠲᠣᠭᠣᠷᠢᠨ ᠵᠣᠭᠠᠯᠠᠬᠣ ᠦᠵᠡᠮᠵᠢᠲᠦ ᠣᠷᠣᠨ ᠪᠣᠯᠣᠬᠰᠠᠨ ᠪᠠᠢᠨ᠎ᠠ᠃


QQ20260804-131511.png


           ᠬᠦᠩᠭᠡᠷ ᠤ᠋ᠨ ᠲᠠᠯ᠎ᠠ


QQ20260804-131522.png


      ᠨᠠᠭᠤᠷ ᠲᠦ᠍ ᠡᠨᠡᠭᠰᠢᠭᠦ ᠰᠢᠪᠠᠭᠤ


ᠲᠠᠯᠠᠢᠨᠠᠭᠤᠷ ᠤ᠋ᠨ ᠦᠵᠡᠮᠵᠢ ᠶ᠋ᠢᠨ ᠤᠷᠤᠨ ᠡᠴᠨ ᠠᠰᠠᠬ᠍ᠳᠦ ᠶ᠋ᠢᠨ ᠴᠢᠯᠠᠭᠤᠨ ᠤᠢ ᠶ᠋ᠢᠨ ᠦᠵᠡᠮᠵᠢ ᠶ᠋ᠢᠨ ᠤᠷᠤᠨ ᠬᠦᠷᠬᠦ ᠵᠠᠰᠠᠮᠠᠯ ᠵᠠᠮ ᠲᠠᠭᠠᠤ ᠤᠯᠤᠰ ᠤ᠋ᠨ ᠲᠡᠰ ᠤ᠋ᠨ ᠪᠠᠢᠭᠠᠯᠢ ᠶ᠋ᠢᠨ ᠬᠠᠮᠠᠭᠠᠯᠠᠯᠳᠠ ᠵᠢᠨ ᠤᠷᠤᠨ ᠪᠠ ᠤᠯᠤᠰ ᠤ᠋ᠨ 4A ᠲᠡᠰ ᠤ᠋ᠨ ᠦᠵᠡᠮᠵᠢ ᠶ᠋ᠢᠨ ᠤᠷᠤᠨ ᠪᠤᠯᠬᠤ ᠲᠠᠯᠠᠢᠨᠠᠭᠤᠷ ᠬᠠᠷᠠᠭᠠᠨ ᠳ᠋ᠥ ᠲᠤᠳᠤᠷᠠᠵᠤ᠂ ᠡᠨᠳᠡᠬᠢ ᠡᠪᠤᠯ ᠤ᠋ᠨ ᠤᠯᠠᠷᠢᠯ ᠤ᠋ᠨ ᠵᠢᠭᠠᠰᠤ ᠠᠩᠨᠠᠬᠤ ᠨᠠᠢᠷ᠂ ᠬᠠᠪᠤᠷ ᠤ᠋ᠨ ᠤᠯᠠᠷᠢᠯ ᠤ᠋ᠨ ᠴᠠᠭᠠᠯᠵᠢ ᠵᠢᠭᠠᠰᠤᠨ ᠤ᠋ ᠤᠷᠤᠰᠬᠠᠯ ᠰᠦᠷᠦᠨ ᠤᠷᠤᠬ᠍ᠰᠢᠯᠠᠬᠤ ᠬᠠᠴᠢᠨ ᠭᠠᠢᠬᠠᠮᠰᠢᠬ᠍ᠳᠦ ᠦᠵᠡᠭ᠌ᠳᠠᠯ ᠵᠢᠴᠢ ᠬᠤᠪᠤᠷ ᠴᠤᠬᠠᠭ ᠨᠡᠭᠦᠳᠠᠯ ᠤ᠋ᠨ ᠰᠢᠪᠠᠭᠤᠳ ᠨᠢ ᠬᠡᠷᠡᠯ ᠵᠢᠷᠤᠬ᠍ᠴᠢᠳ ᠤ᠋ᠨ ᠬᠠᠷᠠᠭ᠎ᠠ᠎ᠶᠢ ᠪᠣᠯᠢᠶᠠᠬᠰᠠᠨ ᠦᠵᠡᠮᠵᠢ ᠪᠤᠯᠵᠠᠢ᠃ ᠬᠤᠸᠠᠷ ᠴᠡᠴᠡᠭ ᠠᠯᠠᠬ᠍ᠯᠠᠵᠤ ᠬᠠᠷᠠᠭ᠎ᠠ ᠠᠯᠳᠠᠮ᠎ᠠ ᠦᠷᠭᠦᠯᠵᠢᠯᠡᠭᠰᠡᠨ ᠬᠦᠩᠭᠡᠷ ᠤ᠋ᠨ ᠲᠠᠯ᠎ᠠ᠂ ᠲᠠᠯᠡᠭᠡᠢ ᠳ᠋ᠥ ᠭᠠᠬ᠍ᠴᠠᠬᠠᠨ ᠪᠠᠶᠠᠠᠠᠤᠪᠤᠭ᠎ᠠ ᠶ᠋ᠢᠨ ᠡᠯᠡᠰᠤᠨ ᠭᠠᠴᠤᠷ᠎ᠠ ᠶ᠋ᠢᠨ ᠤᠢ᠂ ᠲᠦᠷᠪᠠᠳᠡᠭᠴᠢ ᠭᠠᠯᠪᠠ ᠶ᠋ᠢᠨ  ᠭᠠᠢᠬᠠᠮᠰᠢᠬ᠍ᠳᠦ ᠪᠦᠳᠦᠭᠡᠯ ᠪᠤᠯᠬᠤ ᠠᠰᠬᠠᠳᠦ ᠶ᠋ᠢᠨ ᠴᠢᠯᠠᠭᠤᠨ ᠤᠢ᠂ ᠬᠤᠯᠠᠨ ᠰᠢᠷᠭ᠎ᠠ ᠲᠠᠭ᠎ᠠ ᠶ᠋ᠢᠨ ᠰᠢᠷᠭᠠᠯ ᠡᠯᠡᠰᠤ ᠨᠢ ᠲᠦᠷᠪᠡᠨ ᠴᠠᠭ ᠤ᠋ᠨ ᠴᠢᠮᠩ ᠪᠤᠯᠵᠦ᠂ ᠲᠦᠮᠡᠨ ᠤᠯᠠᠨ᠎ᠤ ᠬᠠᠷᠠᠭ᠎ᠠ ᠰᠤᠨᠤᠷ ᠢ᠋ ᠪᠠᠶᠠᠰᠬᠠᠵᠤ᠂ ᠬᠠᠴᠢᠨ ᠭᠠᠢᠬᠠᠮᠰᠢᠬ᠍ᠳᠦ ᠬᠤᠪᠤᠷ ᠴᠤᠬᠠᠭ ᠪᠠᠢᠭᠠᠯᠢ ᠶ᠋ᠢᠨ ᠦᠩᠭᠡ ᠦᠵᠡᠮᠵᠢ᠂ ᠡᠯᠳᠡᠪ ᠵᠦᠢᠯ ᠤ᠋ᠨ ᠭᠡᠭᠡᠷ᠎ᠠ ᠶ᠋ᠢᠨ ᠠᠮᠢᠳᠠᠨ ᠪᠣᠯᠣᠨ ᠦᠪᠡᠷᠮᠢᠴᠡ ᠣᠨᠴᠠᠯᠢᠬᠲᠣ ᠮᠠᠯᠵᠢᠬᠤ ᠲᠠᠷᠢᠶᠠᠯᠠᠬᠤ ᠰᠤᠶᠤᠯ ᠢᠷᠭᠡᠨᠰᠢᠯ ᠨᠢ ᠦᠵᠡᠭᠰᠡᠨ ᠪᠦᠬᠦᠨ᠎ᠢ ᠭᠠᠢᠬᠠᠰᠢ ᠠᠯᠲᠠᠭᠣᠯᠵᠦ᠂ ᠤᠷᠤᠨ ᠨᠤᠳᠤᠭ ᠤ᠋ᠨ ᠰᠣᠶᠣᠯ ᠵᠢᠭᠣᠯᠴᠢᠯᠠᠯ᠎ᠤᠨ ᠨᠡᠷᠡᠲᠦ ᠦᠵᠡᠮᠵᠢ ᠪᠣᠯᠣᠬᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号