ᠵᠦᠭᠡᠯᠡᠨ ᠰᠢᠪᠡᠷᠡᠬᠦ ᠵᠦᠰᠡ ᠪᠡᠷ ᠵᠦᠯᠭᠡᠨ ᠲᠠᠯᠠ ᠨᠡᠮᠡᠯᠵᠡᠵᠦ
ᠮᠣᠷᠢ ᠲᠠᠢ ᠬᠦᠮᠦᠨᠤ ᠠᠷᠣ ᠡᠴᠡ ᠠᠶᠠᠭᠠᠨ ᠠᠯᠮᠠ ᠴᠣᠪᠣᠨᠠᠮ
ᠪᠠᠲᠠᠷᠠᠨ ᠲᠡᠯᠭᠡᠬᠦ ᠴᠡᠴᠡᠭᠡᠰᠤᠨ ᠭᠣᠣᠯ ᠳ᠋ᠦ ᠪᠡᠯᠲᠦ ᠵᠦᠭᠡᠢ ᠲᠣᠯᠣᠭᠠᠢ ᠰᠢᠭᠠᠵᠦ
ᠪᠠᠲᠠᠬᠯᠠᠨ ᠪᠢᠴᠢᠬᠦ ᠨᠠᠢᠷᠠᠬᠤᠨ ᠮᠦᠷ ᠶ᠋ᠢᠡᠷ ᠰᠢᠯᠦᠭᠤᠨ ᠣᠩᠭᠣᠳ ᠲᠣᠬᠯᠠᠨᠠᠮ
ᠬᠣᠷᠠᠶᠢᠨ ᠲᠠᠷᠠᠭᠠ ᠬᠠᠷᠢᠶᠠᠴᠠᠢ ᠰᠢᠪᠠᠭᠣ ᠮᠠᠨᠠᠨ ᠵᠦᠰᠦᠵᠦ ᠲᠣᠭᠣᠣᠷ ᠬᠠᠯᠢᠬᠣ ᠨᠢ
ᠦᠵᠡᠬᠦᠯᠭᠡᠶᠢᠨ ᠨᠢᠰᠭᠡᠯ ᠡᠬᠦᠯᠡ ᠰᠢᠪᠲᠦᠯᠦᠨ ᠡᠷᠬᠢᠵᠦ ᠬᠣᠷᠭᠣᠯᠵᠠᠬᠣ ᠮᠡᠲᠦ
ᠲᠣᠯᠭᠠᠶᠢᠨ ᠭᠠᠯ ᠲᠡᠭᠡᠷᠡ ᠵᠦᠭᠡᠭᠡᠢ ᠪᠣᠴᠠᠯᠭᠠᠵᠦ ᠲᠣᠰᠣ ᠰᠢᠷᠭᠠᠬᠣ ᠨᠢ
ᠦᠨᠳᠦᠷ ᠭᠷᠡᠳᠦᠢ᠍ᠰ ᠶ᠋ᠢᠡᠷ ᠠᠯᠲᠠᠶᠢ ᠬᠠᠯᠠᠭᠠᠵᠦ ᠰᠢᠵᠢᠷᠢ ᠨᠢ ᠲᠣᠩᠭᠠᠬᠣ ᠠᠲᠠᠯᠢ
ᠨᠣᠭᠣᠭᠠᠨ ᠲᠠᠯᠠ ᠣᠯᠠᠭᠠᠨ ᠲᠣᠭᠣᠰᠣᠨ ᠡᠴᠡ ᠡᠭᠡᠨᠡᠭᠲᠡ ᠠᠩᠬᠢᠵᠢᠷᠠᠨ ᠴᠡᠯᠭᠡᠷᠡᠬᠦ ᠳ᠋ᠦ
ᠡᠪᠡᠰᠦᠨᠤ ᠰᠣᠷᠭᠣᠬ ᠶ᠋ᠢᠡᠷ ᠮᠠᠯ ᠰᠦᠷᠦᠭ ᠣᠰᠣᠨ ᠲᠠᠷᠭᠣ ᠪᠠᠷᠲᠠᠮ ᠠᠪᠣᠨᠠᠮ
ᠴᠡᠯᠮᠡᠭ ᠲᠡᠭᠷᠢᠶᠢᠨ ᠲᠦᠭᠡᠨᠡᠮᠡ ᠨᠠᠷᠠᠨ ᠶ᠋ᠢᠡᠷ ᠭᠡᠷᠤᠨ ᠪᠦᠷᠢᠶᠡᠰᠦ ᠰᠢᠭᠣᠬᠲᠠᠬᠣ ᠳ᠋ᠦ
ᠴᠢᠬᠢᠭᠯᠢᠭ ᠠᠭᠠᠷ ᠰᠡᠩᠬᠢᠨᠡᠵᠦ ᠬᠠᠨᠠᠶᠢᠨ ᠨᠢᠲᠦ ᠪᠡᠷ ᠬᠣᠯᠠᠶᠢᠨ ᠪᠠᠷᠠ ᠰᠦᠮᠡᠢᠨᠡᠮ
ᠨᠠᠷᠠ ᠬᠣᠷᠠ ᠵᠢᠩᠤᠨ ᠲᠡᠩᠨᠡᠬᠦᠷ ᠮᠡᠲᠦ ᠲᠡᠭᠰᠢ ᠰᠠᠢᠬᠠᠨ ᠲᠡᠩᠴᠡᠭᠡᠳ
ᠡᠴᠢᠭᠡ ᠲᠡᠭᠷᠢ ᠡᠬᠡ ᠭᠠᠵᠠᠷᠤᠨ ᠢᠪᠡᠭᠡᠯ ᠬᠡᠰᠢᠭ ᠦᠯᠡᠮᠵᠢ
ᠨᠣᠲᠣᠬ ᠣᠰᠣ ᠬᠦᠮᠦᠨ ᠵᠣᠨ ᠲᠠᠢ ᠪᠠᠨ ᠨᠢᠭᠡᠯᠡ ᠬᠦᠭ ᠲᠣᠷ ᠪᠠᠶᠠᠰᠣᠭᠠᠳ
ᠬᠦᠭᠵᠢᠬᠦᠨ ᠠᠮᠢᠲᠣᠷᠠᠯ ᠬᠦᠰᠡᠯ ᠮᠦᠷᠦᠭᠡᠲᠦᠯ ᠶ᠋ᠢᠡᠷ ᠲᠦᠬᠦᠷᠡᠩ ᠵᠢᠷᠭᠠᠵᠦ ᠲᠠᠭᠣᠯᠠᠯᠲᠣᠨᠠᠮ