ᠵᠢᠷᠭᠢᠵᠦ᠍ ᠢᠷᠡᠭ᠌ᠰᠡᠨ ᠴᠡᠩᠬᠡᠷ ᠵᠤᠨ
2026-08-05 12:14:51
ᠵᠣᠬᠢᠶᠠᠭ᠍ᠴᠢ᠄
ᠠᠯᠳᠠᠨᠪᠤᠯᠠᠭ
ᠣᠩᠱᠢᠭ᠍ᠰᠠᠨ ᠣᠳᠠᠭ᠎ᠠ᠄
★★★☆☆


ᠨᠠᠮᠢᠷᠠᠭ᠎ᠠ ᠪᠣᠷᠤᠭᠠᠨ᠎ᠤ ᠲᠤᠨᠤᠭ᠍ᠰᠠᠨ ᠣᠰᠤᠨ᠎ᠳᠤ

ᠨᠤᠳᠤᠬ᠎ᠤᠨ ᠲᠡᠭ᠌ᠷᠢ ᠵᠢᠰᠦ᠎ᠪᠠᠨ ᠲᠤᠯᠢᠳᠠᠭᠠᠳ ᠴᠡᠮᠴᠡᠭᠡᠷ

ᠨᠠᠭᠤᠷ ᠭᠤᠣᠯ᠎ᠤᠨ᠎ᠢᠶᠠᠨ ᠠᠭᠤᠵᠢᠮ ᠬᠡᠪᠡᠯᠢ᠎ᠳᠤ

ᠨᠡᠭᠦᠳᠡᠯ᠎ᠤᠨ ᠱᠢᠪᠠᠭᠤᠳ ᠨᠤᠷᠭᠢᠯᠳᠤᠨ ᠬᠤᠷᠭᠤᠳᠠᠭᠠᠳ ᠬᠦᠭᠡᠷᠦᠬᠦᠨ

         ᠵᠢᠷᠭᠢᠨ ᠵᠢᠷᠭᠢᠵᠦ᠍ ᠨᠤᠳᠤᠬ᠎ᠲᠤ ᠮᠢᠨᠢ ᠢᠷᠡᠭ᠌ᠰᠡᠨ ᠴᠡᠩᠬᠡᠷ ᠵᠤᠨ

         ᠵᠦᠡᠭ ᠪᠢᠯᠢᠭ᠎ᠤᠨ ᠭᠡᠭᠡᠨ ᠲᠤᠷᠠᠰᠤᠯ᠎ᠳᠤ ᠡᠭᠦᠷᠢ ᠬᠤᠨᠤᠭ᠍ᠰᠢᠨᠠᠮ᠃

ᠲᠣᠭᠤᠨᠦ᠍᠎ᠪᠠᠷ ᠠᠰᠭᠠᠷᠠᠬᠤ ᠲᠡᠭ᠌ᠷᠢ ᠲᠣᠷᠮᠤᠢᠵᠦ᠍ ᠬᠠᠷᠠᠭ᠍ᠳᠠᠬᠤ ᠰᠠᠢᠬᠠᠨ

ᠲᠤᠳᠤᠭᠤᠨ᠎ᠳᠤ ᠡᠭᠡᠨᠡᠭ᠌ᠰᠢᠬᠦ᠌ ᠤᠳᠤᠳ ᠭᠡᠷᠡᠯ᠎ᠨᠢ ᠤᠷᠤᠰᠭᠤ ᠰᠣᠳᠤᠬᠠᠨ

ᠴᠡᠴᠡᠭ᠎ᠤᠨ ᠲᠤᠭᠤᠰᠦᠳᠦ ᠠᠮᠢᠰᠭᠤᠯ ᠳ᠋ᠤᠨᠢ ᠱᠢᠷᠭᠤᠬᠤ ᠲᠠᠭᠠᠯᠠᠮᠵᠢᠳᠠᠢ

ᠴᠡᠪᠡᠷᠬᠡᠨ ᠬᠤᠨᠭ᠌ᠭᠤᠷ ᠰᠠᠯᠬᠢ ᠰᠡᠳᠭᠢᠯ᠎ᠢ ᠠᠷᠭᠠᠳᠠᠬᠤ ᠬᠠᠨᠤᠮᠵᠢᠳᠠᠢ

         ᠵᠢᠷᠭᠢᠨ ᠵᠢᠷᠭᠢᠵᠦ᠍ ᠨᠤᠳᠤᠬ᠎ᠲᠤ ᠮᠢᠨᠢ ᠢᠷᠡᠭ᠌ᠰᠡᠨ ᠴᠡᠩᠬᠡᠷ ᠵᠤᠨ

         ᠵᠦᠡᠭ ᠪᠢᠯᠢᠭ᠎ᠤᠨ ᠭᠡᠭᠡᠨ ᠲᠤᠷᠠᠰᠤᠯ᠎ᠳᠤ ᠡᠭᠦᠷᠢ ᠬᠤᠨᠤᠭ᠍ᠰᠢᠨᠠᠮ᠃

ᠲᠡᠷᠳᠡᠭᠡ ᠠᠭᠤᠯᠠᠰ᠎ᠤᠨ ᠪᠡᠯ᠎ᠳᠤ ᠵᠡᠷᠭᠡᠯᠭᠡ ᠪᠦᠵᠢᠬᠦ᠌ ᠰᠣᠨᠢᠷᠬᠠᠯᠳᠠᠢ

ᠲᠡᠭᠦᠯᠢᠨ ᠨᠢᠰᠭᠦ ᠵᠢᠭᠦᠷᠳᠡᠨ ᠴᠢᠬᠢᠨ᠎ᠠ  ᠬᠦᠭᠵᠢᠮᠳᠡᠬᠦ ᠰᠣᠨᠤᠰᠪᠤᠷᠢᠳᠠᠢ

ᠠᠯᠳᠠᠨ ᠣᠯᠤᠩ ᠴᠢᠪᠴᠢ᠌ᠯᠭᠡᠵᠦ᠍ ᠵᠤᠴᠢᠳ᠎ᠢᠶᠠᠨ ᠤᠭ᠍ᠳᠤᠬᠤ ᠪᠠᠶᠠᠷ ᠳᠠᠢ

ᠠᠮᠢᠳᠤᠷᠠᠯ᠎ᠤᠨ ᠤᠷᠳᠦ ᠠᠶᠠᠨ᠎ᠳᠤ ᠵᠤᠤᠵᠠᠢ ᠬᠤᠯᠪᠤᠬᠤᠶ᠎ᠠ ᠤᠴᠢᠷ ᠳᠠᠢ

         ᠵᠢᠷᠭᠢᠨ ᠵᠢᠷᠭᠢᠵᠦ᠍ ᠨᠤᠳᠤᠬ᠎ᠲᠤ ᠮᠢᠨᠢ ᠢᠷᠡᠭ᠌ᠰᠡᠨ ᠴᠡᠩᠬᠡᠷ ᠵᠤᠨ

         ᠵᠦᠡᠭ ᠪᠢᠯᠢᠭ᠎ᠤᠨ ᠭᠡᠭᠡᠨ ᠲᠤᠷᠠᠰᠤᠯ᠎ᠳᠤ ᠡᠭᠦᠷᠢ ᠬᠤᠨᠤᠭ᠍ᠰᠢᠨᠠᠮ᠃

ᠠᠵᠠᠢ ᠪᠣᠭᠤᠷᠣᠯ ᠨᠠᠰᠤᠳᠠᠳ ᠮᠠᠩᠨᠠᠢ᠎ᠨᠢ ᠲᠡᠨᠢᠢᠭᠡᠳ ᠵᠢᠷᠭᠠᠯ᠎ᠲᠠᠢ

ᠠᠮᠢ ᠠᠬᠤᠢ ᠪᠠᠢᠭᠠᠯᠢ ᠤᠷᠴᠢᠨ ᠵᠢᠰᠦ᠎ᠨᠢ ᠱᠢᠨᠡᠳᠦᠭᠡᠳ ᠦᠵᠡᠰᠭᠦᠯᠡᠩ ᠳᠠᠢ

ᠠᠮᠤᠷ ᠠᠮᠤᠭᠤᠯᠠᠩ ᠬᠦᠮᠦᠨ ᠵᠤᠨ᠎ᠤ ᠪᠤᠶᠠᠨ ᠵᠠᠶᠠᠭ᠎ᠠ᠎ᠨᠢ ᠪᠠᠶᠠᠰᠭᠤᠯᠠᠩ᠎ᠲᠠᠢ

ᠠᠮᠢᠳᠦ᠍᠎ᠶ᠋ᠢᠨ ᠵᠢᠷᠭᠠᠯᠳᠦ ᠡᠬᠡ ᠤᠷᠤᠨ᠎ᠢᠶᠠᠨ ᠴᠢᠯᠦᠭᠡᠳᠠᠢ ᠱᠢᠯᠦᠭ᠌ᠯᠡᠬᠦ᠌ ᠠᠵᠠ᠎ᠲᠠᠢ

         ᠵᠢᠷᠭᠢᠨ ᠵᠢᠷᠭᠢᠵᠦ᠍ ᠨᠤᠳᠤᠬ᠎ᠲᠤ ᠮᠢᠨᠢ ᠢᠷᠡᠭ᠌ᠰᠡᠨ ᠴᠡᠩᠬᠡᠷ ᠵᠤᠨ

         ᠵᠦᠡᠭ ᠪᠢᠯᠢᠭ᠎ᠤᠨ ᠭᠡᠭᠡᠨ ᠲᠤᠷᠠᠰᠤᠯ᠎ᠳᠤ ᠡᠭᠦᠷᠢ ᠬᠤᠨᠤᠭ᠍ᠰᠢᠨᠠᠮ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号