8 ᠰᠠᠷ᠎ᠠ᠎ᠶᠢᠨ 8 ᠤ᠋ ᠡᠳᠦᠷ᠂ ᠪᠥᠬᠥ ᠤᠯᠤᠰ᠎ᠤᠨ《ᠪᠥᠬᠥ ᠠᠷᠠᠳ᠎ᠤᠨ ᠪᠡᠶ᠎ᠡ ᠴᠢᠭᠢᠷᠠᠭᠵᠢᠭᠤᠯᠬᠤ ᠡᠳᠦᠷ》 ᠪᠣᠯᠵᠣᠭ᠎ᠠ ᠶᠣᠰᠣᠭᠠᠷ ᠬᠦᠷᠴᠦ ᠢᠷᠡᠯ᠎ᠡ᠃ 2026 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠥᠬᠥ ᠠᠷᠠᠳ᠎ᠤᠨ ᠪᠡᠶ᠎ᠡ ᠴᠢᠭᠢᠷᠠᠭᠵᠢᠭᠤᠯᠬᠤ ᠡᠳᠦᠷ᠎ᠦᠨ ᠭᠣᠣᠯ ᠲᠠᠯᠠᠪᠠᠶ ᠠᠵᠢᠯᠯᠠᠭ᠎ᠠ ᠪᠤᠭᠤᠲᠤ ᠬᠣᠲᠠ᠎ᠶᠢᠨ ᠠᠷᠠᠳ᠎ᠤᠨ ᠠᠭᠤᠳᠠᠮ ᠲᠠᠯᠠᠪᠠᠶ᠎ᠳᠤ ᠦᠪᠡᠳᠡᠭᠰᠢ ᠶᠠᠪᠤᠭᠳᠠᠪᠠ᠃
ᠲᠤᠰ ᠠᠵᠢᠯᠯᠠᠭ᠎ᠠ ᠨᠢ ᠶᠠᠭ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ ᠡᠬᠢᠯᠡᠬᠦᠡᠳᠦᠷ ᠲᠠᠢ ᠲᠣᠬᠢᠶᠠᠵᠤ ᠂ ᠪᠤᠭᠤᠳᠦ ᠬᠣᠲᠠ 《ᠪᠦᠬᠦ ᠠᠷᠠᠳ᠎ᠢᠶᠠᠷ᠎ᠢᠶᠠᠨ ᠪᠦᠬᠦ ᠤᠷᠤᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ᠎ᠢ ᠬᠠᠮᠲᠤ᠎ᠪᠠᠷ ᠡᠳ᠋ᠯᠡᠵᠦ ᠬᠠᠮᠲᠤ᠎ᠪᠠᠷ ᠠᠭᠤᠰᠤᠯᠴᠠᠬᠤ》ᠭᠣᠣᠯ ᠰᠡᠳᠦᠪ᠎ᠲᠠᠢ ᠨᠢᠭ᠍ᠲᠠ ᠤᠶᠠᠯᠳᠤᠭᠤᠯᠵᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ 《ᠪᠣᠬᠢᠷᠲᠤᠯ ᠦᠭᠡᠢ᠂ ᠬᠠᠮᠲᠤ᠎ᠪᠠᠷ ᠡᠳ᠋ᠯᠡᠬᠦ᠂ ᠨᠡᠭᠡᠭᠡᠯᠲᠡᠲᠤ᠂ ᠠᠷᠢᠭᠤᠨ ᠴᠢᠬᠡᠴᠢ》ᠤᠷᠤᠯᠳᠤᠭᠠᠨ ᠡᠷᠬᠢᠯᠡᠬᠦ ᠣᠢᠯᠠᠭᠠᠭᠳᠠᠬᠤᠨ᠎ᠲᠠᠢ ᠭᠦᠨᠵᠡᠭᠡᠢ ᠤᠶᠠᠯᠳᠤᠭᠤᠯᠵᠤ᠂ ᠬᠤᠳᠠ ᠲᠠᠶᠠᠭᠠᠷᠶ᠋ᠢᠡᠨ ᠪᠠᠶᠠᠷ᠎ᠤᠨ ᠠᠭᠤᠷ ᠠᠮᠢᠰᠬᠤᠯ᠎ᠢᠶᠠᠷ ᠪᠢᠯᠬᠠᠵᠦ᠂ ᠤᠯᠠᠨ ᠲᠦᠮᠡᠨ᠎ᠦ ᠣᠷᠣᠯᠴᠠᠬᠤ ᠬᠡᠮᠵᠢᠶ᠎ᠡ᠎ᠪᠡᠷ ᠥᠨᠳᠥᠷ ᠦᠪᠡᠳᠡᠭᠰᠢ ᠴᠤᠭᠯᠠᠭᠠᠨ᠎ᠢ ᠤᠭᠲᠤᠬᠤ ᠪᠡᠷ ᠪᠡᠯᠡᠭᠡᠨ ᠪᠤᠯᠤᠯ᠎ᠠ᠃
ᠠᠵᠢᠯᠯᠠᠭ᠎ᠠ᠎ᠳᠤ ᠡᠬᠢᠯᠡᠯᠲᠡ᠎ᠶᠢᠨ ᠶᠣᠰᠣᠯᠠᠯ᠂ ᠰᠣᠳᠣᠨ ᠰᠣᠶᠣᠯ ᠪᠡᠶ᠎ᠡ᠎ᠶᠢᠨ ᠲᠠᠮᠢᠷ᠎ᠤᠨ ᠦᠵᠡᠭᠦᠯᠭᠡ᠎ᠶᠢᠨ ᠲᠣᠭᠯᠠᠯᠲᠠ᠂ ᠬᠤᠳᠠ᠎ᠶᠢᠨ ᠴᠢᠮᠡᠭᠲᠦ ᠲᠡᠷᠭᠡ᠎ᠪᠡᠷ ᠲᠣᠭᠣᠷᠢᠨ ᠵᠢᠭᠤᠯᠴᠢᠯᠠᠬᠤ᠂ ᠰᠢᠨᠵᠢᠯᠡᠬᠦ ᠤᠬᠠᠭᠠᠨᠴᠢ᠎ᠪᠠᠷ ᠪᠡᠶ᠎ᠡ ᠴᠢᠭᠢᠷᠠᠭᠵᠢᠭᠤᠯᠬᠤ ᠵᠢᠯᠣᠭᠣᠳᠤᠯᠭ᠎ᠠ᠂ ᠰᠣᠨᠢᠷᠬᠠᠯᠲᠤ ᠪᠡᠶ᠎ᠡ᠎ᠶᠢᠨ ᠲᠠᠮᠢᠷ᠎ᠤᠨ ᠬᠥᠳᠡᠯᠭᠡᠭᠡᠨ᠎ᠢ ᠪᠡᠶᠡᠴᠢᠯᠡᠨ ᠣᠢᠯᠠᠭᠠᠬᠤ᠂ ᠪᠡᠶ᠎ᠡ᠎ᠶᠢᠨ ᠲᠠᠮᠢᠷ᠎ᠢᠶᠠᠷ ᠠᠷᠠᠳ᠎ᠲᠤ ᠠᠰᠢᠭ᠋ ᠬᠦᠷᠲᠡᠭᠡᠬᠦ ᠤᠬᠠᠭᠤᠯᠭ᠎ᠠ ᠵᠡᠷᠭᠡ ᠤᠯᠠᠨ ᠲᠦᠷᠦᠯ᠎ᠦᠨ ᠣᠨᠴᠠᠯᠢᠭ᠍ᠲᠤ ᠬᠡᠰᠡᠭ᠎ᠢ ᠲᠣᠬᠢᠷᠠᠭᠤᠯᠵᠤ᠂ ᠰᠣᠨᠢᠷᠬᠠᠯᠲᠤ ᠴᠢᠨᠠᠷ᠂ ᠬᠠᠷᠢᠯᠴᠠᠨ ᠬᠥᠳᠡᠯᠦᠯᠴᠡᠬᠦ ᠴᠢᠨᠠᠷ ᠪᠣᠯᠣᠨ ᠲᠦᠭᠡᠮᠡᠯ ᠴᠢᠨᠠᠷ᠎ᠢ ᠬᠠᠮᠲᠤ ᠳ᠋ᠤᠨᠢ ᠬᠠᠷᠠᠭᠠᠯᠵᠠᠵᠤ᠂ ᠨᠠᠰᠤᠲᠠᠨ ᠵᠠᠯᠠᠭᠤ ᠢᠳᠡᠷ ᠪᠠᠭᠠᠴᠤᠳ ᠡᠯ᠎ᠡ ᠨᠠᠰᠤᠨ᠎ᠤ ᠬᠤᠳᠠ᠎ᠶᠢᠨ ᠠᠷᠠᠳ ᠤᠯᠠᠨ᠎ᠢ ᠬᠠᠮᠤᠷᠪᠠ᠃
ᠠᠵᠢᠯᠯᠠᠭ᠎ᠠ᠎ᠶᠢᠨ ᠲᠤᠬᠠᠢ᠎ᠶᠢᠨ ᠲᠠᠯᠠᠪᠠᠢ᠎ᠳᠤ ᠪᠦᠬᠦ ᠬᠤᠳᠠ᠎ᠶᠢᠨ ᠡᠯ᠎ᠡ ᠰᠣᠶᠣᠯ ᠲᠠᠮᠢᠷ᠎ᠤᠨ ᠨᠡᠢᠭᠡᠮᠯᠢᠭ᠂ ᠪᠡᠶ᠎ᠡ ᠴᠢᠭᠢᠷᠠᠭᠵᠢᠭᠤᠯᠬᠤ ᠡᠩᠨᠡᠭᠡ᠎ᠶᠢᠨ ᠲᠣᠭᠯᠠᠭ᠍ᠴᠢᠳ ᠡᠭᠡᠯᠵᠢᠯᠡᠨ ᠲᠠᠢᠰᠠᠨ᠎ᠳᠤ ᠭᠠᠷᠴᠤ᠂ ᠨᠡᠷᠡᠬᠦᠢ ᠨᠢᠳᠤᠷᠭ᠎ᠠ᠂ ᠪᠡᠶ᠎ᠡ ᠴᠢᠭᠢᠷᠠᠭᠵᠢᠭᠤᠯᠬᠤ ᠲᠠᠮᠢᠷ᠂ ᠤᠯᠠᠮᠵᠢᠯᠠᠯᠲᠤ ᠰᠣᠶᠣᠯ ᠲᠠᠮᠢᠷ᠎ᠤᠨ ᠲᠣᠭᠯᠠᠯᠲᠠ᠎ᠵᠢ ᠭᠣᠢᠳᠠ ᠰᠠᠢᠬᠠᠨ ᠶᠠᠪᠤᠬᠳᠠᠭᠤᠯᠵᠥ᠂ ᠪᠤᠭᠤᠲᠤ᠎ᠶᠢᠨ ᠤᠯᠠᠨ ᠲᠦᠮᠡᠨ᠎ᠦ ᠪᠡᠶ᠎ᠡ᠎ᠶᠢᠨ ᠲᠠᠮᠢᠷ᠎ᠤᠨ ᠦᠢᠯᠡᠰ᠎ᠦᠨ ᠥᠷᠨᠢᠩᠭᠦᠢ ᠬᠥᠭᠵᠢᠯᠲᠡ᠎ᠶᠢᠨ ᠡᠯᠪᠡᠭ ᠪᠠᠶᠠᠯᠢᠭ᠋ ᠦᠷ᠎ᠡ ᠪᠦᠲᠦᠭᠡᠯ᠎ᠢ ᠭᠦᠢᠴᠡᠳ ᠬᠠᠷᠠᠭᠤᠯᠵᠠᠢ᠃ ᠬᠤᠳᠠ᠎ᠶᠢᠨ ᠭᠣᠣᠯ ᠵᠠᠮᠶ᠋ᠢᠡᠷ ᠪᠦᠬᠦ ᠠᠷᠠᠳ᠎ᠤᠨ ᠪᠡᠶ᠎ᠡ ᠴᠢᠭᠢᠷᠠᠭᠵᠢᠭᠤᠯᠬᠤ ᠭᠣᠣᠯ ᠰᠡᠳᠦᠪᠲᠦ ᠴᠢᠮᠡᠭᠲᠦ ᠲᠡᠷᠭᠡ᠎ᠪᠡᠷ ᠲᠣᠭᠣᠷᠢᠨ ᠵᠢᠭᠤᠯᠴᠢᠯᠠᠵᠥ᠂ ᠪᠡᠶ᠎ᠡ᠎ᠶᠢᠨ ᠲᠠᠮᠢᠷ᠎ᠤᠨ ᠰᠣᠶᠣᠯ᠎ᠤᠨ ᠷᠢᠳᠢ ᠰᠢᠳᠢ᠎ᠶᠢ ᠳᠡᠯᠭᠡᠨ ᠦᠵᠡᠭᠦᠯᠪᠡ᠃
ᠠᠵᠢᠯᠯᠠᠭ᠎ᠠ᠎ᠶᠢᠨ ᠬᠤᠭᠤᠴᠠᠭᠠᠨ᠎ᠳᠤ᠂ ᠪᠡᠶ᠎ᠡ᠎ᠶᠢᠨ ᠲᠠᠮᠢᠷ᠎ᠤᠨ ᠲᠤᠰᠬᠠᠢ ᠮᠡᠷᠭᠡᠵᠢᠯ᠎ᠦᠨ ᠰᠠᠢᠨ ᠳᠤᠷ᠎ᠠ᠎ᠶᠢᠨ ᠠᠵᠢᠯᠯᠠᠭ᠍ᠴᠢ ᠲᠤᠬᠠᠢ᠎ᠶᠢᠨ ᠲᠠᠯᠠᠪᠤᠷ᠎ᠲᠤ ᠰᠦᠢᠳᠬᠡᠯ ᠬᠤᠷᠢᠶᠠᠬᠤ ᠦᠭᠡᠢ᠎ᠪᠡᠷ ᠰᠢᠨᠵᠢᠯᠡᠬᠦ ᠤᠬᠠᠭᠠᠨᠴᠢ᠎ᠪᠠᠷ ᠪᠡᠶ᠎ᠡ ᠴᠢᠭᠢᠷᠠᠭᠵᠢᠭᠤᠯᠬᠤ ᠵᠢᠯᠣᠭᠣᠳᠤᠯᠭ᠎ᠠ ᠬᠢᠬᠦ᠂ ᠪᠡᠶ᠎ᠡ᠎ᠶᠢᠨ ᠲᠠᠮᠢᠷ᠎ᠤᠨ ᠭᠡᠮᠲᠦᠯ᠎ᠢ ᠰᠡᠷᠭᠡᠢᠯᠡᠨ ᠬᠠᠮᠠᠭᠠᠯᠠᠬᠤ ᠰᠢᠨᠵᠢᠯᠡᠬᠦ ᠤᠬᠠᠭᠠᠨ᠎ᠢ ᠲᠦᠭᠡᠮᠡᠯᠵᠢᠭᠦᠯᠬᠦ᠂ ᠪᠡᠶ᠎ᠡ ᠴᠢᠭᠢᠷᠠᠭᠵᠢᠭᠤᠯᠬᠤ ᠪᠠᠭᠠᠵᠢ ᠬᠡᠷᠡᠭᠰᠡᠯ᠎ᠢ ᠪᠡᠶᠡᠴᠢᠯᠡᠨ ᠣᠢᠯᠠᠭᠠᠬᠤ ᠵᠢᠭᠠᠨ ᠰᠤᠷᠭᠠᠯᠲᠠ᠎ᠶᠢ ᠥᠷᠨᠢᠭᠦᠯᠵᠦ᠂ ᠥᠷᠭᠡᠨ ᠣᠯᠠᠨ ᠬᠣᠲᠠ᠎ᠶᠢᠨ ᠠᠷᠠᠳ᠎ᠲᠤ ᠪᠠᠢᠩᠭᠤ᠎ᠶᠢᠨ ᠴᠢᠨᠠᠷᠲᠠᠢ ᠪᠣᠯᠪᠠᠰᠤᠷᠠᠯ ᠬᠢᠬᠦ᠂ ᠰᠣᠨᠢᠷᠬᠠᠯᠳᠦ ᠴᠢᠨᠠᠷ ᠲᠠᠢ ᠬᠥᠳᠡᠯᠭᠡᠭᠡᠨ᠎ᠦ ᠲᠦᠷᠦᠯ ᠵᠦᠢᠯ ᠬᠥᠮᠥᠰ᠎ᠦᠨ ᠤᠷᠮ᠎ᠠ ᠵᠣᠷᠢᠭ᠋᠎ᠢ ᠬᠥᠭᠵᠢᠭᠡᠵᠦ᠂ ᠬᠤᠳᠠ᠎ᠶᠢᠨ ᠠᠷᠠᠳ ᠢᠳᠡᠪᠬᠢᠲᠡᠢ ᠣᠷᠣᠯᠴᠠᠵᠤ᠂ ᠢᠳᠡᠪᠬᠢᠲᠡᠢ ᠪᠡᠶᠡᠴᠢᠯᠡᠨ ᠣᠢᠯᠠᠭᠠᠵᠤ᠂ ᠪᠠᠶᠠᠷ ᠪᠠᠶᠠᠰᠬᠤᠯᠠᠩ᠎ᠲᠠᠢ ᠠᠭᠤᠷ ᠠᠮᠢᠰᠬᠤᠯ᠎ᠤᠨ ᠳᠤᠮᠳᠠ᠎ᠠᠴᠠ ᠪᠡᠶ᠎ᠡ᠎ᠶᠢᠨ ᠲᠠᠮᠢᠷ᠎ᠤᠨ ᠬᠥᠳᠡᠯᠭᠡᠭᠡᠨ᠎ᠦ ᠷᠢᠳᠢ ᠰᠢᠳᠢ᠎ᠶᠢ ᠮᠡᠳᠡᠷᠡᠪᠡ᠃