8 ᠰᠠᠷ᠎ᠠ᠎ᠶᠢᠨ 6 ᠤ᠋ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ 《ᠮᠧᠩ ᠨᠢᠦ ᠬᠤᠨᠳᠠᠭᠠᠲᠤ》 ᠬᠦᠨᠳᠦ ᠬᠥᠩᠭᠡᠨ ᠪᠡᠶ᠎ᠡ᠎ᠶᠢᠨ ᠲᠠᠮᠢᠷ᠎ᠤᠨ ᠵᠠᠰᠠᠮᠠᠯ ᠵᠠᠮ᠎ᠤᠨ ᠤᠷᠤᠯᠳᠤᠭᠠᠨ ᠪᠤᠭᠤᠲᠤ ᠬᠣᠲᠠ᠎ᠶᠢᠨ ᠬᠠᠷ᠎ᠠ ᠤᠰᠤᠨ᠎ᠤ ᠨᠤᠭᠤ ᠭᠠᠵᠠᠷ᠎ᠤᠨ ᠴᠡᠴᠡᠷᠯᠢᠭ᠎ᠲᠦ ᠡᠬᠢᠯᠡᠪᠡ᠃
ᠲᠤᠰ ᠤᠷᠤᠯᠳᠤᠭᠠᠨ ᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ᠎ᠠᠴᠠ ᠭᠣᠣᠯᠯᠠᠨ ᠡᠷᠬᠢᠯᠡᠵᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠤ ᠪᠡᠶ᠎ᠡ᠎ᠶᠢᠨ ᠲᠠᠮᠢᠷ ᠤᠨ ᠲᠣᠪᠴᠢᠶ᠎ᠠ᠂ ᠪᠤᠭᠤᠲᠤ ᠬᠤᠳᠠ᠎ᠶᠢᠨ ᠠᠷᠠᠳ ᠤᠨ ᠵᠠᠰᠠᠭ ᠤᠨ ᠣᠷᠳᠣᠨ ᠳᠠᠭᠠᠭᠠᠴᠢᠯᠠᠨ ᠡᠷᠬᠢᠯᠡᠪᠡ᠃
ᠡᠷᠡᠭᠲᠡᠢ᠂ ᠡᠮᠡᠭᠲᠡᠢ᠎ᠶᠢᠨ ᠬᠥᠬᠡ ᠬᠥᠬᠡᠭᠴᠢᠨ ᠤᠯᠠᠭᠠᠨ 6 ᠳᠤᠭᠤᠢᠯᠠᠩ᠎ᠤᠨ 38 ᠵᠦᠢᠯ᠎ᠤᠨ ᠤᠷᠤᠯᠳᠤᠭᠠᠨ ᠢ ᠲᠣᠬᠢᠷᠠᠭᠤᠯᠵᠤ᠂ ᠪᠥᠬᠥ ᠣᠷᠣᠨ᠎ᠤ 11 ᠠᠢᠮᠠᠭ ᠬᠣᠲᠠ᠎ᠶᠢᠨ 570 ᠭᠠᠷᠤᠢ ᠲᠠᠰᠬᠠᠯᠵᠢᠭᠤᠯᠤᠭᠴᠢ᠂ ᠲᠠᠮᠢᠷᠴᠢᠨ ᠤᠷᠤᠯᠳᠤᠭᠠᠨ᠎ᠳᠤ ᠣᠷᠣᠯᠴᠠᠵᠠᠢ᠃ ᠲᠤᠰ ᠤᠷᠤᠯᠳᠤᠭᠠᠨ᠎ᠳᠤ ᠠᠯᠬᠤᠭ᠎ᠠ ᠤᠷᠤᠯᠳᠤᠭᠠᠨ᠂ ᠵᠠᠰᠠᠮᠠᠯ ᠵᠠᠮ᠎ᠤᠨ ᠬᠣᠯᠠ ᠭᠦᠶᠦᠯᠲᠡ ᠭᠡᠬᠦ ᠬᠣᠶᠠᠷ ᠶᠡᠬᠡ ᠲᠥᠷᠥᠯ᠎ᠤᠨ ᠤᠷᠤᠯᠳᠤᠭᠠᠨᠭᠠᠷᠭᠠᠨ᠂ ᠡᠬᠢᠨ᠎ᠦ ᠡᠳᠦᠷ᠎ᠲᠦ 5 ᠺᠢᠯᠣᠮᠧᠲᠷ᠂ 10 ᠺᠢᠯᠣᠮᠧᠲᠷ᠂ 20 ᠺᠢᠯᠣᠮᠧᠲᠷ᠎ᠦᠨ ᠬᠤᠪᠢ ᠬᠥᠮᠥᠨ ᠵᠢᠴᠢ ᠪᠦᠯᠬᠦᠮ᠎ᠦᠨ ᠠᠯᠬᠤᠭ᠎ᠠ ᠤᠷᠤᠯᠳᠤᠭᠠᠨ ᠶᠠᠪᠤᠭᠳᠠᠵᠤ᠂ ᠵᠠᠯᠭᠠᠭᠠᠳ ᠬᠠᠭᠠᠰ ᠵᠠᠶ ᠵᠢᠨ ᠮᠠᠷᠠᠽᠤᠨᠤᠷᠤᠯᠳᠤᠭᠠᠨᠤ ᠬᠤᠪᠢ ᠬᠥᠮᠥᠨ᠎ᠦ ᠤᠷᠤᠯᠳᠤᠭᠠᠨ᠂ ᠪᠤᠤᠬᠢᠶ᠎ᠠ ᠤᠷᠤᠯᠳᠤᠭᠠᠨ ᠵᠢᠴᠢ 5 ᠺᠢᠯᠣᠮᠧᠲᠷ᠂ 10 ᠺᠢᠯᠣᠮᠧᠲᠷ᠎ᠦᠨ ᠵᠠᠰᠠᠮᠠᠯ ᠵᠠᠮ᠎ᠤᠨ ᠬᠣᠯᠠ ᠭᠦᠶᠦᠯᠲᠡ᠎ᠶᠢᠨ ᠬᠤᠪᠢ ᠬᠥᠮᠥᠨ᠎ᠤ ᠤᠷᠤᠯᠳᠤᠭᠠᠨ᠂ ᠪᠦᠯᠬᠦᠮ᠎ᠤᠨ ᠤᠷᠤᠯᠳᠤᠭᠠᠨ ᠶᠠᠪᠤᠭᠳᠠᠨ᠎ᠠ᠃ ᠤᠷᠤᠯᠳᠤᠭᠠᠨ ᠨᠢ 3 ᠡᠳᠦᠷᠶᠠᠪᠤᠭᠳᠠᠬᠤ ᠪᠤᠯᠤᠨ᠎ᠠ᠃ ᠤᠷᠤᠯᠳᠤᠭᠠᠨ᠎ᠢ ᠬᠠᠷ᠎ᠠ ᠤᠰᠤᠨ᠎ᠤ ᠨᠤᠭᠤ ᠭᠠᠵᠠᠷ᠎ᠤᠨ ᠴᠡᠴᠡᠷᠯᠢᠭ᠎ᠦᠨ ᠨᠠᠭᠤᠷ ᠲᠣᠭᠣᠷᠢᠭ᠍ᠰᠠᠨ ᠤᠷᠤᠯᠳᠤᠭᠠᠨ᠎ᠤ ᠵᠠᠮ᠎ᠳᠤ ᠲᠤᠬᠢᠷᠠᠭᠤᠯᠵᠦ᠂ ᠤᠷᠤᠯᠳᠤᠭᠠᠨ᠎ᠤ ᠵᠠᠮ᠎ᠤᠨ ᠠᠮᠢ ᠠᠬᠤᠢ ᠣᠷᠴᠢᠨ ᠲᠣᠭᠣᠷᠢᠨ ᠰᠢᠯᠢᠳᠡᠭ ᠰᠠᠢᠨ᠂ ᠵᠠᠮ ᠱᠤᠭᠤᠮ᠎ᠢ ᠨᠠᠷᠢᠯᠢᠭ᠋ ᠣᠨᠣᠴᠠᠲᠠᠢ ᠬᠡᠮᠵᠢᠵᠦ ᠲᠣᠬᠢᠷᠠᠭᠤᠯᠪᠠ᠃
ᠪᠤᠭᠤᠲᠤ ᠬᠣᠲᠠ᠎ᠶᠢᠨ ᠪᠡᠶ᠎ᠡ᠎ᠶᠢᠨ ᠲᠠᠮᠢᠷ᠎ᠤᠨ ᠲᠣᠪᠴᠢᠶ᠎ᠠ ᠤᠷᠤᠯᠳᠤᠭᠠᠨ᠎ᠢ ᠰᠠᠢᠳᠤᠷ ᠡᠷᠬᠢᠯᠡᠬᠦ᠂ ᠠᠮᠤᠷ᠎ᠢ ᠬᠠᠮᠠᠭᠠᠯᠠᠬᠤ᠂ ᠡᠮᠴᠢᠯᠡᠭᠡ᠂ ᠰᠠᠢᠨ ᠳᠤᠷ᠎ᠠ᠎ᠶᠢᠨ ᠦᠢᠯᠡᠴᠢᠯᠡᠭᠡ ᠵᠡᠷᠭᠡ ᠠᠵᠢᠯ᠎ᠢ ᠨᠢᠭᠡᠳᠦᠯᠲᠡᠢ ᠲᠥᠯᠥᠪᠯᠡᠵᠦ᠂ ᠤᠷᠤᠯᠳᠤᠭᠠᠨ᠎ᠤ ᠤᠷᠤᠭᠰᠢᠲᠠᠢ ᠶᠠᠪᠤᠭᠳᠠᠬᠤ᠎ᠵᠢ ᠪᠠᠳᠤᠯᠠᠵᠤ ᠪᠠᠢᠨ᠎ᠠ᠃