ᠪᠦᠬᠦ᠌ ᠤᠯᠤᠰ᠎ᠤᠨ ᠱᠢᠨ᠎ᠡ ᠵᠢᠯ᠎ᠤᠨ ᠥᠨᠳᠥᠷ᠎ᠲᠤ ᠠᠪᠠᠷᠢᠨ ᠪᠡᠶ᠎ᠡ᠎ᠪᠠᠨ ᠴᠢᠭᠢᠷᠠᠭ᠍ᠵᠢᠭᠤᠯᠬᠤ ᠠᠵᠢᠯᠯᠠᠭ᠎ᠠ᠎ᠶ᠋ᠢᠨ ᠮᠠᠨ᠎ᠤ ᠤᠷᠤᠨ᠎ᠳᠠᠬᠢ ᠭᠤᠤᠯ ᠲᠠᠯᠠᠪᠠᠢ ᠠᠵᠢᠯᠯᠠᠭ᠎ᠠ ᠶᠠᠪᠤᠭ᠍ᠳᠠᠵᠠᠢ
2020-01-02 10:27:23
ᠵᠣᠬᠢᠶᠠᠭ᠍ᠴᠢ᠄
ᠪᠤᠤ ᠥᠷᠭᠡᠨ
ᠣᠩᠱᠢᠭ᠍ᠰᠠᠨ ᠣᠳᠠᠭ᠎ᠠ᠄
★★★☆☆

    1 ᠰᠠᠷ᠎ᠠ᠎ᠶ᠋ᠢᠨ 1 ᠎ᠤ ᠥᠳᠠ᠎ᠶ᠋ᠢᠨ ᠡᠮᠥᠨ᠎ᠠ᠂ ᠪᠦᠬᠦ᠌ ᠤᠯᠤᠰ᠎ᠤᠨ ᠱᠢᠨ᠎ᠡ ᠵᠢᠯ᠎ᠤᠨ ᠥᠨᠳᠥᠷ᠎ᠲᠤ ᠠᠪᠠᠷᠢᠨ ᠪᠡᠶ᠎ᠡ᠎ᠪᠠᠨ ᠴᠢᠭᠢᠷᠠᠭ᠍ᠵᠢᠭᠤᠯᠬᠤ ᠠᠵᠢᠯᠯᠠᠭ᠎ᠠ᠎ᠶ᠋ᠢᠨ ᠮᠠᠨ᠎ᠤ ᠤᠷᠤᠨ᠎ᠳᠠᠬᠢ ᠭᠤᠤᠯ ᠲᠠᠯᠠᠪᠠᠢ ᠠᠵᠢᠯᠯᠠᠭ᠎ᠠ ᠵᠢᠴᠢ ᠬᠥᠬᠡᠬᠤᠲᠠ᠎ᠶ᠋ᠢᠨ ᠲᠠᠪᠤᠳᠤᠭᠠᠷ ᠬᠤᠭᠤᠴᠠᠭᠠᠨ᠎ᠤ ᠡᠭ᠌ᠴᠡ ᠮᠠᠴᠤᠬᠤ ᠮᠠᠷᠠᠽᠤᠨ ᠢᠯᠠ ᠤᠷᠤᠯᠳᠤᠭᠠᠨ ᠬᠥᠬᠡᠬᠤᠳᠠ᠎ᠳᠤ ᠡᠬᠢᠯᠡᠪᠡ᠃ ᠪᠦᠬᠦ᠌ ᠤᠯᠤᠰ᠎ᠤᠨ ᠡᠯ᠎ᠡ ᠭᠠᠵᠠᠷ᠎ᠠᠴᠠ ᠬᠦᠷᠦᠯᠴᠡᠨ ᠢᠷᠡᠭ᠌ᠰᠡᠨ 300 ᠭᠦᠶᠦᠯᠲᠡ᠎ᠶ᠋ᠢᠨ ᠲᠠᠮᠢᠷᠴᠢᠨ ᠲᠤᠰ ᠤᠳᠠᠭ᠎ᠠ᠎ᠶ᠋ᠢᠨ ᠠᠵᠢᠯᠯᠠᠭ᠎ᠠ᠎ᠳᠤ ᠤᠷᠤᠯᠴᠠᠨ᠂ 24 ᠳᠠᠪᠬᠤᠷᠯᠢᠬ᠂ 99 ᠮᠧᠲᠷ᠂ 580 ᠳᠡᠭ᠌ᠲᠡᠷ ᠠᠰᠠᠷ᠎ᠤᠨ ᠱᠠᠳᠤ᠎ᠶ᠋ᠢ ᠮᠠᠴᠤᠨ ᠬᠥᠶᠤᠵᠥ᠍᠂ ᠬᠥᠴᠥᠨ ᠴᠢᠳᠠᠯ᠎ᠢᠶᠠᠨ ᠮᠥᠴᠡᠭᠡᠷᠭᠡᠭ᠌ᠰᠡᠨ ᠪᠠᠢᠨ᠎ᠠ᠃
    ᠥᠨᠳᠥᠷ᠎ᠲᠤ ᠠᠪᠠᠷᠢᠨ ᠠᠯᠤᠰ᠎ᠢ ᠪᠠᠷᠠᠯᠠᠬᠤ ᠪᠣᠯ ᠳᠤᠮᠳᠠᠳᠤ᠎ᠶ᠋ᠢᠨ ᠠᠷᠠᠳ ᠲᠦᠮᠡᠨ᠎ᠤ ᠱᠢᠨ᠎ᠡ ᠵᠢᠯ᠎ᠢᠶᠠᠨ ᠤᠭ᠍ᠲᠤᠬᠤ ᠤᠯᠠᠮᠵᠢᠯᠠᠯᠳᠤ ᠠᠵᠢᠯᠯᠠᠭ᠎ᠠ ᠪᠤᠯᠬᠤ ᠶᠤᠮ᠃ ᠲᠡᠷᠡ᠎ᠨᠢ ᠱᠢᠨ᠎ᠡ ᠨᠢᠭᠡ ᠵᠢᠯ᠎ᠳᠤ ᠪᠡᠶ᠎ᠡ ᠮᠠᠬᠠᠪᠣᠳ᠎ᠤᠨ ᠡᠷᠡᠭᠦᠯ ᠴᠢᠭᠢᠷᠠᠭ᠂ ᠠᠵᠢᠯ ᠦᠢᠯᠡᠰ᠎ᠤᠨ ᠬᠥᠭ᠌ᠵᠢᠯᠲᠡ᠂ ᠥᠢᠯᠡᠳᠪᠤᠷᠢᠯᠡᠯ ᠡᠮᠢᠳᠤᠷᠠᠯ᠎ᠤᠨ ᠵᠣᠯ ᠵᠢᠷᠭᠠᠯ ᠰᠠᠢᠨ ᠰᠠᠢᠬᠠᠨ᠎ᠢ ᠵᠥᠡᠭ᠌ᠨᠠᠨ ᠪᠡᠯᠭᠡᠳᠡᠵᠦ᠍ ᠪᠠᠢᠳᠠᠭ᠃ ᠱᠢᠨ᠎ᠡ ᠵᠢᠯ᠎ᠳᠤ ᠥᠨᠳᠥᠷ᠎ᠲᠤ ᠠᠪᠠᠷᠢᠵᠥ᠍ ᠪᠡᠶ᠎ᠡ᠎ᠪᠠᠨ ᠴᠢᠭᠢᠷᠠᠭ᠍ᠵᠢᠭᠤᠯᠬᠤ ᠠᠵᠢᠯᠯᠠᠭ᠎ᠠ ᠪᠤᠯ ᠤᠯᠤᠰ᠎ᠤᠨ ᠪᠡᠶ᠎ᠡ᠎ᠶ᠋ᠢᠨ ᠲᠠᠮᠢᠷ᠎ᠤᠨ ᠶᠡᠷᠦᠩᠬᠡᠶ ᠲᠣᠪᠴᠢᠶ᠎ᠠ᠎ᠶ᠋ᠢᠨ ᠭᠤᠤᠯᠯᠠᠨ ᠡᠷᠬᠢᠯᠡᠵᠥ᠍ ᠪᠠᠢᠭ᠎ᠠ ᠤᠯᠠᠮᠵᠢᠯᠠᠯᠲᠤ ᠪᠥᠬᠦ᠌ ᠠᠷᠠᠳ᠎ᠢᠶᠠᠷ᠎ᠢᠶᠠᠨ ᠪᠡᠶ᠎ᠡ᠎ᠪᠠᠨ ᠴᠢᠭᠢᠷᠠᠭ᠍ᠵᠢᠭᠤᠯᠬᠤ ᠲᠥᠷᠥᠯ ᠲᠡᠮᠳᠡᠭ᠌ᠲᠦ ᠠᠵᠢᠯᠯᠠᠭ᠎ᠠ ᠪᠠᠢᠵᠤ᠂ ᠨᠢᠭᠡᠨᠲᠡ ᠪᠥᠬᠦ᠌ ᠠᠷᠠᠳ᠎ᠢᠶᠠᠷ᠎ᠢᠶᠠᠨ ᠪᠡᠶ᠎ᠡ᠎ᠪᠠᠨ ᠴᠢᠭᠢᠷᠠᠭ᠍ᠵᠢᠭᠤᠯᠬᠤ ᠠᠵᠢᠯᠯᠠᠭ᠎ᠠ᠎ᠶ᠋ᠢᠨ 《1 ᠳ᠋ᠤᠭᠡᠷ ᠲᠤᠭᠠᠳᠤ》 ᠠᠵᠢᠯᠯᠠᠭ᠎ᠠ ᠪᠤᠯᠤᠬ᠍ᠰᠠᠨ᠎ᠢᠶᠠᠷ ᠥᠯᠥ᠍ ᠪᠠᠷᠠᠨ᠂ ᠪᠥᠬᠦ᠌ ᠠᠷᠠᠳ᠎ᠢᠶᠠᠷ᠎ᠢᠶᠠᠨ ᠪᠡᠶ᠎ᠡ᠎ᠪᠠᠨ ᠴᠢᠭᠢᠷᠠᠭ᠍ᠵᠢᠭᠤᠯᠬᠤ ᠠᠵᠢᠯᠯᠠᠭ᠎ᠠ᠎ᠶ᠋ᠢ ᠥᠷᠨᠢᠬᠦᠯᠬᠦ᠂ ᠪᠡᠶ᠎ᠠ᠎ᠶ᠋ᠢᠨ ᠲᠠᠮᠢᠷ᠎ᠤᠨ ᠬᠥᠳᠡᠯᠭᠡᠭᠡᠨ᠎ᠤ ᠵᠤᠭ᠎ᠠ ᠰᠡᠯᠡᠭᠦᠴᠡᠯ᠎ᠤᠨ ᠠᠵᠤ ᠦᠶᠯᠡᠰ᠎ᠢ ᠬᠥᠭ᠌ᠵᠢᠭᠦᠯᠬᠦ᠂ ᠡᠷᠡᠭᠦᠯ ᠡᠩᠭᠡ ᠠᠮᠢᠳᠤᠷᠠᠯ᠎ᠤᠨ ᠠᠷᠭ᠎ᠠ ᠮᠠᠶᠢᠭ᠎ᠢ ᠬᠥᠲᠥᠯᠥᠨ ᠳᠠᠭᠠᠭᠤᠯᠬᠤ ᠴᠢᠬᠤᠯᠠ ᠲᠠᠪᠴᠠᠩ᠎ᠤᠨ ᠨᠢᠭᠡ ᠪᠤᠯᠤᠬ᠍ᠰᠠᠨ ᠪᠠᠢᠨ᠎ᠠ᠃ ᠲᠤᠰ ᠤᠳᠠᠭ᠎ᠠ᠎ᠶ᠋ᠢᠨ ᠠᠵᠢᠯᠯᠠᠭ᠎ᠠ᠎ᠨᠢ ᠠᠷᠪᠠᠨ ᠲᠥᠷᠪᠡᠳᠥᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠤᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠢ ᠪᠠᠶᠠᠷᠯᠠᠨ ᠤᠬ᠍ᠳᠤᠬᠤ ᠲᠠᠱᠢᠷᠠᠮ᠎ᠳᠤ ᠶᠠᠪᠤᠬ᠍ᠳᠠᠵᠥ᠍᠂ ᠬᠦᠬᠡᠬᠤᠲᠠ᠎ᠶ᠋ᠢᠨ ᠪᠥᠬᠦ᠌ ᠠᠷᠠᠳ᠎ᠢᠶᠠᠷ᠎ᠢᠶᠠᠨ ᠪᠠᠶ᠎ᠠ᠎ᠪᠠᠨ ᠴᠢᠬᠢᠷᠠᠬ᠍ᠵᠢᠭᠤᠯᠬᠤ ᠠᠵᠢᠯᠯᠠᠭ᠎ᠠ ᠥᠷᠨᠢᠬᠦᠯᠬᠦ᠂ ᠪᠡᠶ᠎ᠠ᠎ᠶ᠋ᠢᠨ ᠲᠠᠮᠢᠷ᠎ᠤᠨ ᠬᠥᠴᠥᠷᠭᠡᠭ ᠬᠤᠳᠠ᠎ᠶ᠋ᠢᠨ ᠪᠥᠳᠥᠭᠡᠨ ᠪᠠᠢᠭᠤᠯᠤᠯᠳᠠ᠎ᠶ᠋ᠢ ᠠᠬᠢᠭᠤᠯᠬᠤ᠎ᠳᠤ ᠢᠳᠠᠪᠬᠢ ᠦᠢᠯᠡᠳᠦᠯ ᠦᠵᠡᠭᠦᠯᠬᠦ᠌ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号