ᠤᠷᠮ᠎ᠠ ᠵᠤᠷᠢᠬ᠎ᠢ ᠬᠥᠭ᠌ᠵᠢᠭᠡᠭ᠌ᠰᠡᠨ ᠮᠥᠡᠭ᠌ᠭᠦᠨ ᠡᠪᠤᠯ᠎ᠤᠨ ᠪᠤᠯᠵᠤᠭ᠎ᠠ᠂ ᠥᠵᠡᠰᠭᠦᠯᠠᠩᠳᠤ ᠰᠠᠢᠬᠠᠨ ᠥᠪᠥᠷ ᠮᠤᠩᠭᠤᠯ᠎ᠤᠨ ᠪᠠᠢᠭᠤᠯᠤᠯᠳᠠ᠎ᠶ᠋ᠢ ᠴᠤᠬ᠍ᠴᠠᠯᠠᠨ᠎ᠠ᠃ ᠬᠤᠷᠢᠨ ᠬᠡᠳᠦᠨ ᠡᠳᠤᠷ᠎ᠤᠨ ᠲᠠᠷᠠᠭ᠎ᠠ ᠠᠷᠪᠠᠨ ᠲᠥᠷᠪᠡᠳᠤᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠤᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠤ ᠡᠬᠢᠯᠠᠯᠳᠠ᠎ᠶ᠋ᠢᠨ ᠶᠤᠰᠤᠯᠠᠯ ᠬᠥᠯᠥᠨ ᠪᠤᠢᠷ ᠬᠤᠳᠠ᠎ᠳᠤ ᠥᠪᠡᠳᠡᠭ᠌ᠰᠢ ᠶᠡᠭᠡ᠎ᠪᠠᠷ ᠶᠠᠪᠤᠬ᠍ᠳᠠᠬᠤ ᠪᠤᠯᠤᠨ᠎ᠠ᠃ ᠪᠡᠭᠡᠵᠢᠩ᠎ᠤᠨ ᠡᠪᠦᠯ᠎ᠤᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠠᠴᠠ ᠡᠮᠦᠨᠡᠬᠢ ᠤᠯᠤᠰ᠎ᠤᠨ ᠳᠣᠲᠣᠭᠠᠳᠤ᠎ᠳᠠᠬᠢ ᠬᠡᠪᠴᠢᠶ᠎ᠡ᠎ᠪᠠᠷ ᠬᠠᠮᠤᠭ᠎ᠤᠨ ᠶᠡᠭᠡ᠂ ᠲᠤᠰᠭᠠᠶ ᠮᠡᠷᠭᠡᠵᠢᠯ᠎ᠤᠨ ᠴᠢᠨᠠᠷ᠎ᠢᠶᠠᠷ ᠬᠠᠮᠤᠭ᠎ᠤᠨ ᠴᠢᠩᠭ᠎ᠠ᠂ ᠬᠢᠷᠢ ᠬᠡᠮᠵᠢᠶ᠎ᠡ᠎ᠪᠠᠷ ᠬᠠᠮᠤᠭ᠎ᠤᠨ ᠥᠨᠳᠥᠷ ᠲᠥᠪᠱᠢᠨ ᠪᠥᠬᠦᠢ ᠡᠪᠦᠯ᠎ᠤᠨ ᠤᠯᠠᠷᠢᠯ᠎ᠤᠨ ᠲᠣᠮᠣ ᠬᠡᠯᠪᠡᠷᠢ᠎ᠶ᠋ᠢᠨ ᠶᠡᠷᠦᠩᠬᠡᠢᠯᠡᠭ᠌ᠰᠡᠨ ᠲᠠᠮᠢᠷ᠎ᠤᠨ ᠴᠤᠬ᠍ᠯᠠᠭᠠᠨ ᠪᠣᠯᠤᠭ᠍ᠰᠠᠨ᠎ᠤ ᠬᠤᠪᠢ᠎ᠳᠤ᠂ ᠲᠤᠰ ᠬᠤᠭᠤᠴᠠᠭᠠᠨ᠎ᠤ ᠲᠠᠮᠢᠷ᠎ᠤᠨ ᠴᠤᠬ᠍ᠯᠠᠭᠠᠨ ᠡᠪᠤᠯ᠎ᠤᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠰᠤᠷᠢᠭ᠎ᠠ ᠪᠤᠯᠪᠠᠰᠤᠷᠠᠯ᠎ᠤᠨ ᠬᠦᠨᠳᠦ ᠡᠭᠦᠷᠭᠡ᠎ᠶ᠋ᠢ ᠡᠭᠦᠷᠭᠡᠯᠡᠭ᠌ᠰᠡᠨ᠎ᠢᠶᠠᠷ ᠥᠯᠥ᠍ ᠪᠠᠷᠠᠮ᠂ ᠪᠥᠬᠦ᠌ ᠤᠯᠤᠰ᠎ᠤᠨ ᠡᠯ᠎ᠠ ᠡᠳᠡᠭᠡᠳ᠎ᠤᠨ᠎ᠬᠢᠨ᠎ᠤ ᠴᠠᠰᠤ ᠮᠥᠰᠥᠨ᠎ᠤ ᠲᠠᠮᠢᠷ᠎ᠤᠨ ᠬᠥᠳᠡᠯᠭᠡᠭᠡᠨ᠎ᠳᠤ ᠤᠷᠤᠯᠴᠠᠬᠤ ᠤᠷᠮ᠎ᠠ ᠵᠤᠷᠢᠬ᠎ᠢ ᠬᠥᠭ᠌ᠵᠢᠬᠡᠬᠦ᠌ 《ᠱᠢᠯᠭᠠᠭᠤᠷ》 ᠤᠨ ᠡᠬᠦᠷᠭᠡ᠎ᠶ᠋ᠢ ᠴᠤ᠌ ᠡᠬᠦᠷᠭᠡᠯᠡᠭ᠌ᠰᠡᠨ ᠪᠠᠢᠳᠠᠬ᠃
ᠡᠪᠦᠯ᠎ᠤᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠤᠷᠤᠯᠳᠤᠭᠠᠨ᠎ᠤ ᠲᠥᠷᠥᠯ᠎ᠲᠠᠢ ᠨᠢᠬᠡᠳᠤᠯᠳᠠᠢ ᠪᠠᠢᠯᠭᠠᠨ᠎ᠠ
ᠡᠪᠦᠯ᠎ᠤᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠰᠤᠷᠢᠭ᠎ᠠ ᠪᠤᠯᠪᠠᠰᠤᠷᠠᠯ᠎ᠤᠨ ᠡᠬᠦᠷᠭᠡ᠎ᠶ᠋ᠢ ᠡᠬᠦᠷᠭᠡᠯᠡᠭ᠌ᠰᠡᠨᠤ ᠬᠤᠪᠢ᠎ᠳᠤ᠂ ᠲᠤᠰ ᠬᠤᠭᠤᠴᠠᠭᠠᠨ᠎ᠤ ᠲᠠᠮᠢᠷ᠎ᠤᠨ ᠴᠤᠬ᠍ᠯᠠᠭᠠᠨ ᠡᠯ᠎ᠠ ᠤᠷᠤᠯᠳᠤᠭᠠᠨ᠎ᠤ ᠲᠥᠷᠥᠯ᠎ᠢ ᠲᠤᠬᠢᠷᠠᠭᠤᠯᠬᠤ᠎ᠳᠠᠭᠠᠨ ᠡᠪᠦᠯ᠎ᠤᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠲᠥᠷᠥᠯ ᠵᠦᠶᠯ᠎ᠲᠠᠢ ᠨᠢᠭᠡᠳᠦᠯᠲᠡᠶ ᠪᠠᠢᠯᠭᠠᠬᠤ᠎ᠶ᠋ᠢ ᠪᠠᠷᠢᠮᠳᠠᠯᠠᠪᠠ᠃ ᠡᠬᠦᠨ᠎ᠳᠤ ᠲᠤᠰ ᠬᠤᠭᠤᠴᠠᠭᠠᠨ᠎ᠤ ᠲᠡᠮᠢᠷ᠎ᠤᠨ ᠴᠤᠬ᠍ᠯᠠᠭᠠᠨ 7 ᠶᠡᠭᠡ ᠲᠥᠷᠥᠯ᠂ 15 ᠬᠤᠪᠢᠶᠠᠷᠢ ᠲᠥᠷᠥᠯ᠂ 109 ᠪᠠᠭ᠎ᠠ ᠲᠥᠷᠥᠯ᠎ᠤᠨ ᠤᠷᠤᠯᠳᠤᠭᠠᠨ ᠲᠣᠬᠢᠷᠠᠭᠤᠯᠵᠤ᠂ 2022 ᠣᠨ᠎ᠤ ᠪᠡᠭᠡᠵᠢᠩ᠎ᠤᠨ ᠡᠪᠦᠯ᠎ᠤᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠲᠥᠷᠥᠯ ᠵᠦᠶᠯ᠎ᠲᠠᠢ ᠨᠢᠭᠡᠳᠦᠯᠲᠡᠶ ᠪᠤᠯᠭᠠᠪᠠ᠃
ᠡᠭᠦᠨ᠎ᠠᠴᠠ ᠭᠠᠳᠠᠨ᠎ᠠ᠂ ᠡᠪᠦᠯ᠎ᠤᠨ ᠤᠯᠠᠷᠢᠯ᠎ᠤᠨ ᠬᠤᠶᠠᠷ ᠲᠥᠷᠥᠯ᠎ᠤᠨ ᠤᠷᠤᠯᠳᠤᠭᠠᠨ᠂ ᠲᠦᠷᠭᠡᠨ ᠲᠡᠱᠢᠯᠲᠡ᠎ᠶ᠋ᠢ ᠪᠠᠭ᠍ᠲᠠᠭᠠᠭ᠍ᠰᠠᠨ ᠣᠯᠠᠨ ᠲᠥᠷᠥᠯ᠎ᠳᠤ ᠵᠠᠯᠠᠭᠤᠴᠤᠳ᠎ᠤᠨ ᠳᠤᠭᠤᠢ᠍ᠯᠠᠩ᠎ᠤᠨ ᠤᠷᠤᠯᠳᠤᠭᠠᠨ ᠲᠣᠬᠢᠷᠠᠭᠤᠯᠪᠠ; ᠬᠦᠷᠳᠦᠲᠦ ᠲᠡᠱᠢᠯᠲᠡ᠂ ᠬᠦᠷᠳᠦᠲᠦ ᠲᠡᠱᠢᠯᠲᠡ᠎ᠶ᠋ᠢᠨ ᠮᠥᠰᠤᠨ ᠪᠥᠮᠪᠦᠭᠡ ᠵᠡᠷᠭᠡ ᠤᠷᠤᠯᠳᠤᠭᠠᠨ᠎ᠤ ᠲᠥᠷᠥᠯ᠎ᠢ ᠠᠩᠬ᠎ᠠ ᠤᠳᠠᠭ᠎ᠠ ᠡᠪᠦᠯ᠎ᠤᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠤᠷᠤᠯᠳᠤᠭᠠᠨ᠎ᠳᠤ ᠤᠷᠤᠭᠤᠯᠪᠠ᠃ ᠱᠢᠨ᠎ᠡ ᠤᠷᠤᠯᠳᠤᠭᠠᠨ᠎ᠤ ᠲᠥᠷᠥᠯ᠎ᠤᠨ ᠲᠤᠬᠢᠷᠠᠭᠤᠯᠤᠯᠳᠠ᠎ᠨᠢ ᠡᠪᠦᠯ᠎ᠤᠨ ᠤᠯᠠᠷᠢᠯ᠎ᠤᠨ ᠲᠠᠮᠢᠷ᠎ᠤᠨ ᠬᠥᠳᠡᠯᠭᠡᠭᠡᠨ᠎ᠤ ᠴᠢᠳᠠᠪᠤᠷᠢᠲᠠᠨ᠎ᠤ ᠡᠩᠨᠡᠭᠡ᠎ᠶ᠋ᠢᠨ ᠪᠤᠵᠠᠭᠠᠢᠷᠠᠯᠳᠠᠳᠤ ᠬᠦᠴᠦᠨ ᠨᠡᠮᠡᠷᠢᠯᠡᠵᠦ᠍᠂ ᠡᠪᠦᠯ᠎ᠤᠨ ᠤᠯᠠᠷᠢᠯ᠎ᠤᠨ ᠲᠠᠮᠢᠷ᠎ᠤᠨ ᠬᠥᠳᠡᠯᠭᠡᠭᠡᠨ᠎ᠳᠤ ᠣᠷᠣᠯᠴᠠᠬᠤ ᠪᠦᠷᠬᠦᠴᠡ᠎ᠶ᠋ᠢ ᠥᠷᠭᠡᠳᠭᠡᠬᠦ᠌ ᠪᠣᠯᠤᠨ᠎ᠠ᠃
ᠲᠤᠰ ᠬᠤᠭᠤᠴᠠᠭᠠᠨ᠎ᠤ ᠲᠠᠮᠢᠷ᠎ᠤᠨ ᠴᠤᠬ᠍ᠯᠠᠭᠠᠨ᠎ᠤ ᠤᠷᠤᠯᠳᠤᠭᠠᠨ᠎ᠤ ᠲᠥᠷᠥᠯ ᠪᠤᠯᠤᠬ᠍ᠰᠠᠨ ᠭᠤᠯᠭᠤᠭᠤᠷ ᠬᠦᠷᠳᠦ + ᠫᠤᠤᠳᠠᠯᠭ᠎ᠠ᠎ᠶ᠋ᠢᠨ ᠤᠷᠤᠯᠳᠤᠭᠠᠨ ᠨᠢᠳᠤᠨᠤᠨ᠎ᠤ 7 ᠰᠠᠷ ᠠ᠎ᠳᠤ ᠠᠮᠵᠢᠯᠳᠠ᠎ᠲᠠᠢ ᠶᠠᠪᠤᠬ᠍ᠳᠠᠪᠠ᠃ ᠡᠨᠡ᠎ᠨᠢ ᠮᠥᠨ ᠴᠦ᠍ ᠵᠣᠨ᠎ᠤ ᠤᠯᠠᠷᠢᠯ᠎ᠤᠨ ᠤᠷᠤᠯᠳᠤᠭᠠᠨ᠎ᠤ ᠲᠥᠷᠥᠯ᠎ᠢ ᠠᠩᠬ᠎ᠠ ᠤᠳᠠᠭ᠎ᠠ ᠡᠪᠦᠯ᠎ᠤᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠳᠤ ᠣᠷᠣᠭᠤᠯᠤᠭ᠍ᠰᠠᠨ ᠶᠠᠪᠤᠳᠠᠯ ᠪᠣᠯᠤᠨ᠎ᠠ᠃ ᠡᠨᠡ ᠲᠤᠬᠠᠢ ᠥᠪᠥᠷ ᠮᠣᠩᠭᠤᠯ᠎ᠤᠨ ᠪᠡᠶ᠎ᠡ᠎ᠶ᠋ᠢᠨ ᠲᠠᠮᠢᠷ᠎ᠤᠨ ᠲᠣᠪᠴᠢᠶ᠎ᠠ᠎ᠶ᠋ᠢᠨ ᠳᠡᠳ᠋ ᠳᠠᠷᠤᠭ᠎ᠠ ᠯᠢ ᡁᠢ ᠶᠢᠤ᠄ 《ᠡᠨᠡ ᠪᠣᠯ ᠡᠪᠦᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠤ ᠲᠥᠷᠥᠯ᠎ᠢ ᠨᠠᠩ ᠰᠠᠢᠲᠤᠷ ᠲᠦᠭᠡᠮᠡᠯᠵᠢᠭᠦᠯᠵᠦ᠍᠂ ᠪᠡᠭᠡᠵᠢᠩ᠎ᠤᠨ 2022 ᠣᠨ᠎ᠤ ᠡᠪᠦᠯ᠎ᠤᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠲᠠᠢ ᠨᠠᠩ ᠰᠠᠢᠲᠤᠷ ᠵᠣᠯᠭᠠᠭᠤᠯᠵᠤ᠂ ᠨᠠᠩ ᠣᠯᠠᠨ ᠬᠥᠮᠦᠰ᠎ᠢ ᠴᠠᠰᠤ ᠮᠥᠰᠥᠨ᠎ᠤ ᠲᠠᠮᠢᠷ᠎ᠤᠨ ᠬᠥᠳᠡᠯᠭᠡᠭᠡᠨ᠎ᠳᠤ ᠣᠷᠣᠯᠴᠠᠭᠤᠯᠬᠤ᠎ᠶ᠋ᠢᠨ ᠲᠥᠯᠥᠭᠡ ᠶᠤᠮ》 ᠬᠡᠵᠥ᠍ ᠲᠠᠢᠯᠪᠤᠷᠢᠯᠡᠵᠥ᠍ ᠪᠢᠯᠠ᠃
ᠬᠠᠲᠠᠭᠤ ᠵᠥᠭᠡᠯᠡᠨ ᠲᠣᠨᠤᠭ᠎ᠢ ᠲᠡᠭᠡᠳᠤ ᠪᠠᠷᠢᠮᠵᠢᠶ᠎ᠠ᠎ᠪᠠᠷ ᠤᠬ᠍ᠰᠠᠷᠠᠨᠠ
ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠨᠢ ᠲᠠᠮᠢᠷᠴᠢᠳ᠎ᠤᠨ ᠨᠢᠭᠡ ᠤᠳᠠᠭᠠᠨ᠎ᠤ ᠰᠤᠷᠢᠯᠳᠠ ᠪᠣᠯᠬᠤ᠎ᠪᠠᠷ ᠥᠯᠥ᠍ ᠪᠠᠷᠠᠮ᠂ ᠤᠷᠤᠯᠳᠤᠭᠠᠨ᠎ᠢ ᠲᠠᠭᠠᠭᠠᠨ ᠬᠥᠢᠴᠡᠳᠭᠡᠭ᠌ᠴᠢᠳᠤ ᠠᠪᠴᠤ᠌ ᠬᠡᠯᠡᠪᠡᠯ ᠪᠠᠰᠠ ᠨᠢᠭᠡ ᠤᠳᠠᠭᠠᠨ᠎ᠤ ᠬᠠᠳᠠᠭᠤ ᠱᠢᠯᠭᠠᠯᠲᠠ ᠪᠣᠯᠬᠤ ᠶᠤᠮ᠃
ᠥᠨᠳᠥᠷ ᠠᠭᠤᠯᠠ᠎ᠶ᠋ᠢᠨ ᠴᠡᠨᠡᠯᠡᠯᠲᠡ (ᠮᠡᠷᠭᠡᠵᠢᠯ᠎ᠤᠨ ᠲᠥᠷᠥᠯ) ᠪᠣᠯᠤᠨ ᠳ᠋ᠠᠩ ᠬᠠᠪᠳᠠᠰᠤᠳᠤ ᠴᠠᠨᠠᠯᠠᠯᠳᠠ᠎ᠶ᠋ᠢᠨ ᠶᠡᠭᠡ ᠡᠷᠭᠢᠯᠲᠡ᠎ᠶ᠋ᠢᠨ ᠲᠥᠷᠥᠯ᠎ᠤᠨ ᠤᠷᠤᠯᠳᠤᠭᠠᠨ ᠤᠯᠠᠭᠠᠨᠬᠠᠳᠠ ᠬᠤᠲᠠ᠎ᠶ᠋ᠢᠨ ᠬᠠᠷᠠᠴᠢᠨ ᠬᠤᠱᠢᠭᠤᠨ᠎ᠤ ᠮᠠᠢᠷᠠᠨ ᠭᠤᠤ ᠴᠡᠨᠡᠯᠡᠯᠲᠡ᠎ᠶ᠋ᠢᠨ ᠲᠠᠯᠠᠪᠠᠢ᠎ᠳᠤ ᠶᠠᠪᠤᠭ᠍ᠳᠠᠵᠠᠢ᠃ ᠡᠭᠦᠨ᠎ᠳᠤ ᠮᠠᠢᠷᠠᠨ ᠭᠤᠤ ᠴᠡᠨᠡᠯᠡᠯᠲᠡ᠎ᠶ᠋ᠢᠨ ᠲᠠᠯᠠᠪᠠᠢ᠎ᠶ᠋ᠢᠨ ᠰᠣᠶᠣᠯ ᠵᠤᠭᠠᠴᠠᠯ᠎ᠤᠨ ᠠᠵᠤ ᠦᠢᠯᠡᠰ᠎ᠤᠨ ᠬᠢᠵᠠᠭᠠᠷᠲᠤ ᠺᠣᠮᠫᠠᠨᠢ᠎ᠶ᠋ᠢᠨ ᠬᠠᠷᠢᠭᠤᠴᠠᠯᠭᠠᠳᠠᠨ ᠯᠢᠦ ᠱᠧᠩ᠄ 《ᠮᠠᠢᠷᠠᠨ ᠭᠤᠤ ᠴᠡᠨᠡᠯᠡᠯᠲᠡ᠎ᠶ᠋ᠢᠨ ᠲᠠᠯᠠᠪᠠᠢ᠎ᠶ᠋ᠢᠨ ᠤᠷᠤᠯᠳᠤᠭᠠᠨ᠎ᠤ ᠬᠠᠲᠠᠭᠤ ᠲᠣᠨᠤᠭ ᠲᠥ᠋ᠬᠦᠭᠡᠷᠦᠮᠵᠢ᠎ᠨᠢ ᠨᠢᠭᠡᠨᠲᠡ ᠣᠯᠠᠨ ᠤᠯᠤᠰ᠎ᠤᠨ ᠴᠠᠰᠤ ᠮᠥᠰᠥᠨ᠎ᠤ ᠬᠤᠯᠪᠣᠭ᠎ᠠ᠎ᠶ᠋ᠢᠨ ᠨᠤᠳᠠᠯᠠᠯᠳᠡᠶ᠋ᠢ ᠠᠮᠵᠢᠯᠳᠠ᠎ᠲᠠᠢ ᠦᠩᠭᠡᠷᠡᠭᠡᠭ᠌ᠰᠡᠨ ᠪᠠᠢᠨ᠎ᠠ》 ᠬᠡᠵᠥ᠍ ᠪᠠᠢᠯ᠎ᠠ᠃
ᠮᠠᠢᠷᠠᠨ ᠭᠤᠤ ᠥᠨᠳᠤᠷ ᠠᠭᠤᠯᠠᠨ᠎ᠤ ᠴᠠᠨᠠᠯᠠᠯᠳᠠ᠎ᠶ᠋ᠢᠨ ᠲᠠᠯᠠᠪᠠᠢ᠎ᠶ᠋ᠢᠨ 600 ᠭᠠᠷᠤᠢ ᠮᠧᠲᠷ ᠤᠷᠳᠤ ᠤᠷᠤᠯᠳᠤᠭᠠᠨ᠎ᠤ ᠵᠠᠮ ᠪᠠ ᠪᠣᠯᠪᠠᠰᠤᠷᠠᠯ᠎ᠤᠨ ᠵᠠᠮ᠎ᠤᠨ ᠬᠤᠶᠠᠷ ᠬᠠᠵᠠᠭᠤ᠎ᠪᠠᠷ ᠰᠡᠷᠭᠡᠢᠯᠡᠨ ᠬᠠᠮᠠᠭᠠᠯᠠᠬᠤ A ᠲᠣᠤᠷ ᠪᠠ B ᠲᠣᠤᠷ ᠤᠭ᠍ᠰᠠᠷᠠᠭ᠍ᠰᠠᠨ ᠪᠠᠢᠳᠠᠭ᠃ ᠥᠨᠳᠥᠷ ᠠᠭᠤᠯᠠ᠎ᠶ᠋ᠢᠨ ᠴᠡᠨᠡᠯᠡᠯᠲᠡ ᠵᠡᠷᠭᠡ ᠤᠷᠤᠯᠳᠤᠭᠠᠨ᠎ᠳᠤ ᠲᠠᠮᠢᠷᠴᠢᠳ᠎ᠤᠨ ᠭᠤᠯᠭᠤᠬᠤ ᠬᠤᠷᠳᠤᠴᠠ᠎ᠨᠢ ᠮᠠᠰᠢ ᠲᠦᠷᠭᠡᠨ᠂ ᠬᠠᠷᠠᠬᠤ᠎ᠳᠤ ᠨᠢᠮᠭᠡᠨ ᠪᠤᠯᠪᠠᠴᠤ᠌ ᠡᠨᠡᠬᠦ᠌ ᠬᠠᠮᠠᠭᠠᠯᠠᠯᠲᠠ᠎ᠶ᠋ᠢᠨ ᠲᠤᠤᠷ᠎ᠤᠨ ᠬᠠᠷᠢᠮᠠᠬᠠᠶ ᠴᠢᠨᠠᠷ ᠪᠠ ᠤᠶᠠᠨ ᠬᠠᠳᠠᠨ ᠴᠢᠨᠠᠷ᠎ᠨᠢ ᠲᠦᠢᠯ᠎ᠤᠨ ᠰᠠᠢᠨ ᠪᠠᠢᠵᠤ᠂ ᠲᠠᠮᠢᠷᠴᠢᠳ᠎ᠤᠨ ᠪᠡᠶ᠎ᠠ ᠮᠠᠬᠠᠪᠤᠳ᠎ᠤᠨ ᠱᠢᠷᠬᠠᠳᠤᠯᠢ ᠰᠡᠷᠭᠡᠢᠯᠡᠨ ᠬᠠᠮᠠᠭᠠᠯᠠᠬᠤ᠎ᠳᠤ ᠴᠢᠬᠤᠯᠠ ᠦᠶᠯᠡᠳᠦᠯ ᠦᠵᠡᠭᠦᠯᠳᠡᠭ᠃ ᠯᠢᠦ ᠱᠧᠩ᠎ᠤᠨ ᠲᠠᠨᠢᠯᠴᠠᠭᠤᠯᠤᠭ᠍ᠰᠠᠨ᠎ᠢᠶᠠᠷ᠂ ᠪᠣᠶ ᠪᠦᠬᠦᠢ ᠪᠣᠯᠪᠠᠰᠤᠷᠠᠯ᠎ᠤᠨ ᠵᠠᠮ ᠪᠣᠯᠤᠨ ᠤᠷᠤᠯᠳᠤᠭᠠᠨ᠎ᠤ ᠵᠠᠮ᠎ᠳᠤ ᠴᠦᠮ ᠬᠠᠮᠠᠭᠠᠯᠠᠯᠲᠠ᠎ᠶ᠋ᠢᠨ ᠲᠣᠤᠷ ᠭᠡᠷᠡᠭ᠌ᠯᠡᠳᠡᠭ᠃ ᠲᠡᠷᠡ᠎ᠨᠢ ᠴᠥᠮ ᠣᠯᠠᠨ ᠤᠯᠤᠰ᠎ᠤᠨ ᠴᠠᠰᠤ ᠮᠥᠰᠤᠨ᠎ᠤ ᠲᠠᠮᠢᠷ᠎ᠤᠨ ᠴᠤᠬ᠍ᠯᠠᠭᠠᠨ᠎ᠤ ᠬᠤᠯᠪᠣᠭ᠎ᠠ᠎ᠳᠤ ᠨᠤᠳᠠᠯᠠᠬ᠍ᠳᠠᠬ᠍ᠰᠠᠨ ᠲᠥᠷᠥᠯ ᠲᠡᠮᠳᠡᠭ᠎ᠢ ᠬᠡᠷᠡᠭ᠌ᠯᠡᠵᠦ᠍ ᠪᠠᠢᠭ᠎ᠠ ᠭᠡᠨ᠎ᠡ᠃
《ᠬᠥᠯᠥᠨ ᠪᠤᠢᠷ ᠬᠤᠳᠠ ᠪᠥᠬᠦ᠌ ᠤᠯᠤᠰ᠎ᠤᠨ ᠴᠢᠨᠠᠷᠲᠠᠶ ᠲᠠᠮᠢᠷ᠎ᠤᠨ ᠴᠤᠬ᠍ᠯᠠᠭᠠᠨ᠎ᠢ ᠡᠷᠬᠢᠯᠡᠭ᠌ᠰᠡᠨ ᠲᠤᠷᠱᠢᠯᠭ᠎ᠠ ᠳᠤᠲᠠᠮᠠᠭ᠂ ᠭᠡᠪᠡᠴᠦ᠍ ᠪᠢᠳᠡᠨ᠎ᠤ ᠰᠠᠢᠨ ᠳᠤᠷᠠᠴᠤᠤᠯ᠎ᠤᠨ ᠦᠶᠯᠡᠴᠢᠯᠡᠭᠡᠨ᠎ᠤ ᠠᠵᠢᠯ ᠨᠢᠭ᠍ᠲᠠ᠎ᠠᠴᠠ ᠨᠢᠭ᠍ᠲᠠ᠂ ᠨᠠᠩ ᠲᠤᠰᠭᠠᠶ ᠮᠡᠷᠭᠡᠵᠢᠯ᠎ᠤᠨ᠎ᠬᠢ ᠪᠣᠯᠭᠠᠬᠤ᠎ᠪᠠᠷ ᠴᠢᠷᠮᠠᠢᠨ᠎ᠠ》 ᠬᠡᠵᠥ᠍ ᠲᠤᠰ ᠬᠤᠭᠤᠴᠠᠭᠠᠨ᠎ᠤ ᠲᠠᠮᠢᠷ᠎ᠤᠨ ᠴᠤᠬ᠍ᠯᠠᠭᠠᠨ᠎ᠤ ᠬᠥᠯᠥᠨ ᠪᠤᠢᠷ ᠬᠤᠳᠠ᠎ᠶ᠋ᠢᠨ ᠭᠦᠶᠴᠡᠳᠭᠡᠬᠦ᠌ ᠺᠤᠮᠢᠰ᠎ᠤᠨ ᠰᠠᠢᠨ ᠳᠤᠷᠠᠴᠤᠤᠯ᠎ᠤᠨ ᠦᠶᠯᠡᠴᠢᠯᠡᠭᠡᠨ᠎ᠤ ᠠᠵᠢᠯ᠎ᠤᠨ ᠭᠠᠵᠠᠷ᠎ᠤᠨ ᠬᠠᠷᠢᠭᠤᠴᠠᠯᠭᠠᠳᠠᠨ ᠵᠠᠩ ᠯᠸᠢ ᠢᠲᠡᠭᠡᠯ ᠲᠡᠭᠦᠯᠲᠡᠷ ᠬᠡᠯᠡᠨ᠎ᠠ᠃
ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠳᠤ 2000 ᠰᠠᠢᠨ ᠳᠤᠷᠠᠴᠤᠤᠯ ᠲᠤᠳᠤᠨᠤ ᠥᠢᠯᠡᠴᠢᠯᠡᠭᠡ ᠬᠠᠨᠭ᠌ᠭᠠᠬᠤ᠎ᠪᠠᠷ ᠪᠡᠯᠡᠭᠡᠨ ᠪᠤᠯᠪᠠ᠃ ᠬᠥᠯᠥᠨ ᠪᠤᠢᠷ ᠬᠤᠳᠠ᠎ᠶ᠋ᠢᠨ ᠠᠵᠢᠯ ᠮᠡᠷᠭᠡᠵᠢᠯ᠎ᠤᠨ ᠳᠡᠭᠡᠳᠤ ᠰᠤᠷᠭᠠᠭᠤᠯᠢ᠎ᠶ᠋ᠢᠨ ᠭᠤᠷᠪᠠᠳᠤᠭᠠᠷ ᠣᠨ᠎ᠤ ᠤᠶᠤᠲᠠᠨ ᠮᠧᠩ ᠶᠤᠸᠠᠨ ᠪᠣᠯ ᠲᠡᠲᠡᠨ᠎ᠤ ᠨᠢᠭᠡ ᠭᠡᠱᠢᠭᠦᠨ ᠪᠣᠯᠬᠤ ᠶᠤᠮ᠃ 《ᠮᠠᠨ᠎ᠤ ᠨᠤᠲᠤᠭ᠎ᠲᠤ ᠪᠦᠬᠦ᠌ ᠤᠯᠤᠰ᠎ᠤᠨ ᠴᠢᠨᠠᠷᠲᠠᠶ ᠲᠠᠮᠢᠷ᠎ᠤᠨ ᠤᠷᠤᠯᠳᠤᠭᠠᠨ ᠡᠷᠬᠢᠯᠡᠨ ᠶᠠᠪᠤᠬ᠍ᠳᠠᠭᠤᠯᠵᠥ᠍ ᠪᠠᠢᠬᠤ᠎ᠳᠤ ᠰᠠᠢᠨ ᠲᠤᠷ᠎ᠠ᠎ᠶ᠋ᠢᠨ ᠦᠢᠯᠡᠴᠢᠯᠡᠭᠡ᠎ᠳᠤ ᠤᠷᠤᠯᠴᠠᠨ᠂ ᠲᠠᠮᠢᠷ᠎ᠤᠨ ᠴᠤᠭ᠍ᠯᠠᠭᠠᠨ᠎ᠳᠤ ᠨᠢᠭᠡ ᠬᠤᠪᠢ ᠬᠦᠴᠦᠨ᠎ᠢᠶᠠᠨ ᠡᠷᠭᠦᠬᠦ᠌ ᠪᠤᠯᠤᠬ᠍ᠰᠠᠨ᠎ᠳᠠᠭᠠᠨ ᠮᠠᠰᠢ ᠶᠡᠭᠡ ᠪᠡᠶᠡᠷᠯᠡᠨ ᠣᠮᠣᠭ᠍ᠰᠢᠵᠤ ᠪᠠᠢᠨ᠎ᠠ!》 ᠬᠡᠵᠥ᠍ ᠲᠡᠷᠡ ᠬᠡᠯᠡᠨ᠎ᠠ᠃
《ᠪᠢ ᠨᠢᠭᠡᠨᠲᠡ ᠪᠡᠭᠡᠵᠢᠩ᠎ᠤᠨ ᠡᠪᠦᠯ᠎ᠤᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠰᠠᠢᠨ ᠳᠤᠷᠠᠴᠤᠤᠯ᠎ᠤᠨ ᠥᠢᠯᠡᠴᠢᠯᠡᠬᠡᠨ᠎ᠤ ᠡᠩᠨᠡᠭᠡ᠎ᠳᠤ ᠨᠡᠷ᠎ᠡ ᠮᠡᠳᠡᠭᠦᠯᠵᠡᠶ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠰᠠᠢᠨ ᠳᠤᠷᠠᠴᠤᠤᠯ᠎ᠤᠨ ᠦᠢᠯᠡᠴᠢᠯᠡᠭᠡᠨᠢ ᠨᠠᠳᠠ᠎ᠳᠤ ᠨᠠᠩ ᠣᠯᠠᠨ ᠲᠤᠷᠱᠢᠯᠭ᠎ᠠ ᠬᠤᠷᠠᠮᠳᠤᠭᠤᠯᠤᠨ ᠥᠭ᠌ᠴᠦ᠂ ᠪᠡᠭᠡᠵᠢᠩ᠎ᠤᠨ ᠡᠪᠦᠯ᠎ᠤᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠰᠠᠢᠨ ᠳᠤᠷᠠᠴᠤᠤᠯ᠎ᠤᠨ ᠦᠢᠯᠡᠴᠢᠯᠡᠭ᠌ᠴᠢ ᠪᠣᠯᠬᠤ ᠬᠥᠰᠡᠯ ᠵᠤᠷᠢᠬ᠎ᠢ ᠮᠢᠨᠢ ᠨᠡᠩ ᠬᠥᠪᠴᠢᠯᠠᠵᠠᠢ》 ᠬᠡᠵᠥ᠍ ᠮᠸᠡᠭ ᠶᠤᠸᠠᠨ ᠬᠡᠯᠡᠵᠥ᠍ ᠪᠠᠢᠯ᠎ᠠ᠃
ᠪᠦᠬᠦ᠌ ᠠᠷᠠᠳ᠎ᠢᠶᠠᠷ᠎ᠢᠶᠠᠨ ᠴᠠᠰᠤ ᠮᠥᠰᠥᠨ᠎ᠤ ᠠᠵᠢᠯᠯᠠᠭ᠎ᠠ᠎ᠳᠤ ᠤᠷᠤᠯᠴᠠᠨ᠎ᠠ
ᠨᠠᠩ ᠣᠯᠠᠨ ᠬᠥᠮᠦᠨ᠎ᠳᠤ ᠴᠠᠰᠤ ᠮᠥᠰᠥᠨ᠎ᠤ ᠲᠠᠮᠢᠷ᠎ᠤᠨ ᠬᠥᠳᠡᠯᠭᠡᠭᠡᠨ᠎ᠢ ᠨᠠᠩ ᠰᠠᠢᠨ ᠮᠡᠳᠡᠷᠡᠭᠦᠯᠵᠦ᠍᠂ ᠲᠡᠳᠡᠨ᠎ᠢ ᠴᠠᠰᠤ ᠮᠥᠰᠥᠨ᠎ᠤ ᠲᠠᠮᠢᠷ᠎ᠤᠨ ᠬᠥᠳᠡᠯᠭᠡᠭᠡᠨ᠎ᠳᠤ ᠣᠷᠣᠯᠴᠠᠭᠤᠯᠬᠤ᠎ᠶ᠋ᠢᠨ ᠲᠥᠯᠥᠭᠡ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠳᠤ ᠪᠠᠰᠠ ᠠᠩᠬ᠎ᠠ ᠤᠳᠠᠭ᠎ᠠ ᠣᠯᠠᠨ ᠲᠦᠮᠡᠨᠴᠢ ᠴᠢᠨᠠᠷᠳᠠᠢ ᠴᠠᠰᠤᠨ ᠳᠡᠭᠡᠷᠡᠬᠢ ᠬᠥᠯ ᠪᠥᠮᠪᠦᠭᠡ ᠪᠠ ᠮᠥᠰᠥᠨ ᠳᠡᠭᠡᠷᠡᠬᠢ ᠯᠤᠤᠲᠤ ᠣᠩᠭᠤᠴᠠ ᠭᠡᠬᠦ᠌ ᠬᠤᠶᠠᠷ ᠲᠥᠷᠥᠯ᠎ᠤᠨ ᠤᠷᠤᠯᠳᠤᠭᠠᠨ᠎ᠢ ᠲᠣᠬᠢᠷᠠᠭᠤᠯᠪᠠ᠃ 18 ᠵᠢᠯ᠎ᠤᠨ ᠤᠰᠤᠨ ᠳᠡᠭᠡᠷᠡᠬᠢ ᠯᠤᠤᠲᠤ ᠤᠡᠭ᠌ᠭᠤᠴᠠ᠎ᠶ᠋ᠢᠨ ᠥᠢᠯᠡᠰ᠎ᠲᠤ ᠬᠥᠴᠥ᠎ᠪᠠᠨ ᠱᠢᠪᠬᠠᠵᠥ᠍ ᠶᠠᠪᠤᠬ᠍ᠰᠠᠨ ᠲᠤᠷᠱᠢᠯᠭ᠎ᠠ᠎ᠪᠠᠷ ᠥᠯᠡᠮᠵᠢ ᠲᠠᠮᠢᠷᠴᠢᠨ ᠯᠢ ᠶᠢᠩ ᠪᠣᠯ ᠥᠪᠥᠷ ᠮᠣᠩᠭᠤᠯ᠎ᠤᠨ ᠮᠥᠰᠥᠨ ᠳᠡᠭᠡᠷᠡᠬᠢ ᠯᠤᠤᠲᠤ ᠤᠡᠭ᠌ᠭᠤᠴᠠ᠎ᠶ᠋ᠢᠨ ᠤᠷᠤᠯᠳᠤᠭᠠᠨ᠎ᠤ ᠠᠩᠭᠢ᠎ᠶ᠋ᠢᠨ ᠶᠡᠷᠦᠩᠬᠡᠶ ᠳᠠᠰᠭᠠᠯᠵᠢᠭᠤᠯᠤᠭ᠍ᠴᠢ ᠪᠤᠯᠬᠤ ᠶᠤᠮ᠂ ᠲᠡᠭᠦᠨ᠎ᠤ ᠲᠠᠭᠠᠭᠤᠯᠤᠨ ᠪᠣᠯᠪᠠᠰᠤᠷᠠᠭᠤᠯᠤᠭ᠍ᠰᠠᠨ ᠡᠷᠡᠭ᠌ᠲᠡᠶ᠂ ᠡᠮᠡᠭ᠌ᠲᠡᠶ᠎ᠶ᠋ᠢᠨ ᠤᠷᠤᠯᠳᠤᠭᠠᠨ᠎ᠤ ᠠᠩᠭᠢ᠎ᠶ᠋ᠢᠨ ᠲᠠᠮᠢᠷᠴᠢᠨ᠎ᠤ ᠳᠣᠲᠣᠷ᠎ᠠ ᠪᠠᠭ᠍ᠰᠢ ᠠᠵᠢᠯᠳᠠᠨ᠂ ᠠᠯᠪᠠᠲᠠᠨ ᠵᠢᠴᠢ ᠮᠠᠯᠴᠢᠨ ᠪᠠᠢᠵᠤ᠂ ᠴᠥᠭᠡᠨ ᠪᠤᠰᠤ ᠲᠠᠮᠢᠷᠴᠢᠨ᠎ᠨᠢ ᠠᠩᠬ᠎ᠠ ᠤᠳᠠᠭ᠎ᠠ ᠡᠨᠡ ᠬᠦ᠌ ᠲᠥᠷᠥᠯ᠎ᠤᠨ ᠤᠷᠤᠯᠳᠤᠭᠠᠨ᠎ᠳᠤ ᠤᠷᠤᠯᠴᠠᠵᠥ᠍ ᠪᠤᠢ᠃
《ᠡᠨᠡ ᠤᠳᠠᠭ᠎ᠠ᠎ᠶ᠋ᠢᠨ ᠤᠷᠤᠯᠳᠤᠭᠠᠨ᠎ᠳᠤ ᠤᠷᠤᠯᠴᠠᠬᠤ᠎ᠨᠢ ᠮᠥᠨ ᠴᠦ᠍ ᠨᠢᠬᠡᠨ ᠰᠤᠷᠤᠯᠴᠠᠯᠭ᠎ᠠ ᠮᠥᠨ᠂ ᠤᠷᠤᠯᠳᠤᠭᠠᠨ ᠳᠠᠭᠤᠰᠤᠭ᠍ᠰᠠᠨ᠎ᠤ ᠳᠠᠷᠠᠭ᠎ᠠ ᠯᠤᠤᠲᠤ ᠤᠡᠭ᠌ᠭᠤᠴᠠ᠎ᠶ᠋ᠢᠨ ᠲᠠᠮᠢᠷ᠎ᠤᠨ ᠬᠥᠳᠡᠯᠭᠡᠭᠡᠨ᠎ᠤ ᠲᠤᠬᠠᠢ ᠬᠢᠴᠢᠶᠠᠯ ᠬᠥᠮᠥᠵᠢᠯ᠎ᠢ ᠰᠤᠷᠭᠠᠭᠤᠯᠢ᠎ᠶ᠋ᠢᠨ ᠬᠥᠷᠢᠶᠠᠨ᠎ᠳᠤ ᠣᠷᠣᠭᠤᠯᠬᠤ᠎ᠪᠠᠷ ᠴᠢᠷᠮᠠᠢᠵᠥ᠍ ᠪᠠᠢᠨ᠎ᠠ᠃ 33 ᠨᠠᠰᠤᠲᠠᠶ ᠴᠢ ᠪᠠᠶ ᠬᠤ᠌ ᠪᠣᠯ ᠤᠯᠠᠭᠠᠨᠴᠠᠪ ᠬᠤᠲᠠ᠎ᠶ᠋ᠢᠨ ᠯᠢᠶᠠᠩᠴᠧᠩ ᠱᠢᠶᠠᠨ᠎ᠤ ᠨᠢᠭᠡᠨ ᠲᠠᠮᠢᠷ᠎ᠤᠨ ᠪᠠᠭ᠍ᠰᠢ ᠪᠤᠯᠬᠤ ᠶᠤᠮ᠂ ᠲᠡᠭᠦᠨ᠎ᠤ ᠨᠤᠲᠤᠭ᠎ᠲᠤ ᠮᠥᠰᠥᠨ ᠳᠡᠭᠡᠷᠡᠬᠢ ᠯᠤᠤᠲᠤ ᠣᠩᠭᠤᠴᠠᠨ᠎ᠤ ᠲᠤᠬᠠᠢ ᠲᠠᠮᠢᠷ᠎ᠤᠨ ᠬᠥᠳᠡᠯᠭᠡᠭᠡᠨ᠎ᠢ ᠶᠡᠷᠦ᠎ᠠᠴᠠ ᠥᠷᠨᠢᠭᠦᠯᠵᠦ᠍ ᠥᠩᠭᠡᠷᠡᠭ᠌ᠰᠡᠨ ᠥᠬᠡᠶ ᠭᠡᠨ᠎ᠡ》 ᠬᠡᠵᠥ᠍ ᠲᠠᠰᠭᠠᠯᠵᠢᠭᠤᠯᠤᠬ᠍ᠴᠢ ᠯᠢ ᠶᠢᠩ ᠲᠠᠨᠢᠯᠴᠠᠭᠤᠯᠵᠥ᠍ ᠪᠢᠯᠠ᠃
ᠥᠢᠯᠠᠭᠠᠬ᠍ᠰᠠᠨ᠎ᠢᠶᠠᠷ᠂ ᠮᠥᠰᠥᠨ ᠳᠡᠭᠡᠷᠡᠬᠢ ᠯᠤᠤᠲᠤ ᠣᠩᠭᠤᠴᠠ ᠪᠣᠯᠤᠨ ᠤᠰᠤᠨ ᠳᠡᠭᠡᠷᠡᠬᠢ ᠯᠤᠤᠲᠤ ᠣᠩᠭᠤᠴᠠ᠎ᠶ᠋ᠢᠨ ᠤᠷᠤᠯᠳᠤᠭᠠᠨ᠎ᠤ ᠳᠦᠷᠢᠮ᠎ᠨᠢ ᠶᠡᠭᠡ ᠲᠥᠯᠥᠪ ᠠᠳᠠᠯᠢᠪᠲᠤᠷ ᠪᠣᠯᠪᠠᠴᠤ᠌ ᠥᠪᠡᠷᠮᠢᠴᠡ ᠮᠡᠷᠭᠡᠵᠢᠯ᠎ᠤᠨ ᠠᠷᠭ᠎ᠠ ᠪᠠᠷᠢᠯ᠎ᠲᠠᠢ ᠪᠠᠢᠵᠤ᠂ ᠨᠢᠭᠡ ᠵᠦᠶᠯ᠎ᠤᠨ ᠰᠡᠳᠡᠯᠲᠡ ᠥᠭ᠌ᠬᠦ ᠮᠥᠷᠲᠡᠭᠡᠨ ᠪᠦᠯᠬᠦᠮ᠎ᠤᠨ ᠬᠠᠮᠵᠢᠯᠴᠠᠭ᠎ᠠ᠎ᠶ᠋ᠢ ᠱᠢᠯᠭᠠᠬᠤ ᠬᠥᠳᠡᠯᠭᠡᠭᠡᠨ ᠪᠣᠯᠤᠨ᠎ᠠ᠃ ᠯᠢ ᠶᠢᠩ᠎ᠤᠨ ᠬᠡᠯᠡᠬᠦ᠌᠎ᠪᠠᠷ᠂ ᠣᠯᠠᠨ ᠲᠥᠮᠡᠨ᠎ᠤ ᠡᠪᠦᠯ᠎ᠤᠨ ᠤᠯᠠᠷᠢᠯ᠎ᠤᠨ ᠲᠠᠮᠢᠷ᠎ᠤᠨ ᠬᠥᠳᠡᠯᠭᠡᠭᠡᠨ᠎ᠳᠤ ᠤᠷᠤᠯᠴᠠᠬᠤ ᠤᠷᠠᠮᠠᠰ ᠬᠥᠭ᠌ᠵᠢᠬᠦ᠌᠎ᠶ᠋ᠢ ᠳᠠᠭᠠᠯᠳᠤᠨ᠂ ᠶᠠᠪᠤᠬᠤ ᠲᠤᠲᠤᠮ ᠨᠡᠩ ᠣᠯᠠᠨ ᠬᠥᠮᠦᠰ ᠮᠥᠰᠥᠨ ᠳᠡᠭᠡᠷᠡᠬᠢ ᠯᠤᠤᠲᠤ ᠣᠩᠭᠤᠴᠠ᠎ᠶ᠋ᠢᠨ ᠲᠠᠮᠢᠷ᠎ᠤᠨ ᠬᠥᠳᠡᠯᠭᠡᠭᠡᠨ᠎ᠳᠤ ᠪᠠᠭ᠍ᠠᠳᠠᠢ ᠪᠤᠯᠬᠤ ᠶᠤᠮ ᠡ ᠭᠡᠵᠦ᠍ ᠪᠠᠢᠯ᠎ᠠ᠃
ᠤᠳᠤᠬᠠᠨ᠎ᠳᠤ ᠤᠷᠮ᠎ᠠ ᠵᠤᠷᠢᠬ᠎ᠢ ᠬᠥᠭ᠌ᠵᠢᠭᠡᠭ᠌ᠰᠡᠨ ᠮᠥᠡᠭ᠌ᠭᠦᠨ ᠡᠪᠤᠯ᠎ᠤᠨ ᠪᠤᠯᠵᠤᠭ᠎ᠠ ᠤᠯᠠᠨ ᠳᠤᠭᠤᠯᠳᠠᠨ᠎ᠠ᠃ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠤ ᠭᠤᠤᠯ ᠤᠷᠤᠯᠳᠤᠭᠠᠨ᠎ᠤ ᠲᠠᠯᠠᠪᠠᠢ ᠬᠥᠯᠥᠨ ᠪᠤᠢᠷ ᠬᠤᠲᠠ᠎ᠶ᠋ᠢ ᠪᠠᠭ᠍ᠲᠠᠭᠠᠭ᠍ᠰᠠᠨ ᠥᠪᠥᠷ ᠮᠣᠩᠭᠤᠯ᠎ᠤᠨ ᠣᠯᠠᠨ ᠭᠠᠵᠠᠷ᠎ᠤᠨ᠎ᠬᠢᠨ ᠴᠠᠰᠤ ᠮᠥᠰᠤᠨ᠎ᠤ ᠨᠠᠢᠷ᠂ ᠡᠪᠦᠯ᠎ᠤᠨ ᠤᠯᠠᠷᠢᠯ᠎ᠤᠨ ᠨᠠᠭᠠᠳᠤᠮ ᠵᠡᠷᠭᠡ ᠠᠯᠢ ᠣᠯᠠᠨ ᠠᠵᠢᠯᠯᠠᠭ᠎ᠠ ᠦᠷᠨᠢᠭᠦᠯᠵᠦ᠍᠂ ᠪᠦᠬᠦ᠌ ᠤᠯᠤᠰ᠎ᠤᠨ ᠡᠯ᠎ᠡ ᠭᠠᠵᠠᠷ᠎ᠠᠴᠠ ᠬᠦᠷᠦᠯᠴᠡᠨ ᠢᠷᠡᠭ᠌ᠰᠡᠨ ᠴᠠᠰᠤ ᠮᠥᠰᠤᠨ᠎ᠤ ᠲᠠᠮᠢᠷ᠎ᠤᠨ ᠬᠥᠳᠡᠯᠭᠡᠭᠡᠨ᠎ᠤ ᠪᠠᠭ᠍ᠠᠳᠠᠳ᠎ᠤᠨ ᠤᠷᠮ᠎ᠠ᠎ᠶ᠋ᠢ ᠲᠠᠳᠠᠵᠥ᠍᠂ ᠡᠨᠡ ᠬᠦ᠌ ᠴᠠᠰᠤ ᠮᠥᠰᠤᠨ᠎ᠤ ᠦᠪᠡᠳᠡᠭ᠌ᠰᠢ ᠴᠤᠭ᠍ᠯᠠᠭᠠᠨ᠎ᠤ ᠬᠠᠪᠤ ᠴᠠᠩᠭᠡᠯᠢ ᠬᠠᠮᠲᠤ᠎ᠪᠠᠷ ᠡᠳ᠋ᠯᠡᠬᠦ᠌ ᠵᠠᠪᠱᠢᠶᠠᠨ ᠬᠠᠩᠭᠠᠵᠤ ᠪᠤᠢ᠃
ᠬᠥᠬᠡᠬᠤᠲᠠ᠎ᠶ᠋ᠢᠨ ᠬᠤᠢᠲᠤ ᠲᠡᠭᠦᠷᠭᠡ᠎ᠳᠤ ᠪᠠᠢᠭ᠎ᠠ ᠥᠪᠥᠷ ᠮᠣᠩᠭᠤᠯ᠎ᠤᠨ ᠮᠣᠷᠢᠨ ᠤᠷᠤᠯᠳᠤᠭᠠᠨ᠎ᠤ ᠲᠠᠯᠠᠪᠠᠢ ᠴᠤ᠌ ᠤᠷᠴᠢᠮ ᠴᠠᠰᠤ ᠮᠥᠰᠤ᠎ᠪᠠᠷ ᠬᠤᠴᠢᠬ᠍ᠳᠠᠨ᠂ ᠨᠡᠩ ᠰᠠᠢᠨ ᠦᠵᠡᠮᠦᠷᠢ ᠭᠠᠷᠭᠠᠬᠤ᠎ᠶ᠋ᠢᠨ ᠲᠦᠯᠦᠭᠡ ᠵᠤᠬᠢᠶᠠᠮᠠᠯ ᠴᠠᠰᠤ ᠮᠥᠰᠤ ᠬᠢᠬᠦ᠌ ᠮᠠᠱᠢᠨ ᠲᠤᠨᠤᠬ ᠴᠤ᠌ ᠶᠠᠭᠠᠷᠠᠯᠲᠠᠢ ᠠᠵᠢᠯᠯᠠᠬ᠍ᠰᠠᠭᠠᠷ᠃ ᠥᠪᠥᠷ ᠮᠣᠩᠭᠤᠯ᠎ᠤᠨ ᠮᠥᠰᠥᠨ ᠪᠥᠮᠪᠦᠭᠡ᠎ᠶ᠋ᠢᠨ ᠨᠡᠢᠭᠡᠮᠯᠢᠭ᠎ᠤᠨ ᠬᠠᠷᠢᠭᠤᠴᠠᠯᠭᠠᠳᠠᠨ ᠯᠢ ᠱᠢᠤᠸᠠᠢ ᠮᠢᠨᠤ ᠬᠡᠯᠡᠬᠦ᠌᠎ᠪᠠᠷ᠂ ᠮᠣᠷᠢᠨ ᠣᠷᠣᠯᠳᠤᠭᠠᠨ᠎ᠤ ᠲᠠᠯᠠᠪᠠᠢ ᠳᠠᠷᠠᠭᠠᠯᠠᠨ ᠭᠤᠷᠪᠠᠨ ᠵᠢᠯ ᠴᠠᠰᠤ ᠮᠥᠰᠤᠨ᠎ᠳᠤ ᠬᠤᠴᠢᠭ᠍ᠳᠠᠪᠠ᠃ ᠬᠥᠮᠦᠰ᠎ᠤᠨ ᠴᠠᠰᠤ ᠮᠥᠰᠥᠨ᠎ᠤ ᠲᠠᠮᠢᠷ᠎ᠤᠨ ᠬᠥᠳᠡᠯᠭᠡᠭᠡᠨ᠎ᠳᠤ ᠤᠷᠤᠯᠴᠠᠬᠤ ᠤᠷᠮ᠎ᠠ ᠰᠡᠳᠭᠢᠯᠭᠡ ᠠᠭᠠᠵᠢᠮ᠎ᠢᠶᠠᠷ ᠨᠡᠮᠡᠭ᠌ᠳᠠᠬᠦ᠌ᠶ᠋ᠢ ᠳᠠᠭᠠᠯᠳᠤᠨ᠂ ᠠᠳᠡ ᠢᠷᠡᠵᠦ᠍ ᠨᠠᠭᠠᠳᠭᠤ ᠬᠥᠮᠦᠨ ᠴᠦ᠍ ᠶᠠᠪᠤᠬᠤ ᠲᠤᠲᠤᠮ ᠣᠯᠠᠱᠢᠷᠠᠵᠦ᠍ ᠪᠠᠢᠭ᠎ᠠ ᠠᠵᠢ᠃ ᠥᠢᠯᠠᠭᠠᠬ᠍ᠰᠠᠨ᠎ᠢᠶᠠᠷ᠂ 2017 — 2018 ᠣᠨ᠎ᠤ ᠴᠠᠰᠤᠲᠤ ᠤᠯᠠᠷᠢᠯ᠎ᠳᠤ ᠠᠳᠡ ᠢᠷᠡᠭ᠌ᠰᠡᠨ ᠬᠥᠮᠥᠨ᠎ᠤ ᠲᠤᠭ᠎ᠠ ᠲᠥᠮᠡ ᠭᠠᠷᠤᠢ ᠬᠥᠮᠦᠨ ᠤᠳᠠᠭ᠎ᠠ᠎ᠶ᠋ᠢ ᠲᠠᠪᠠᠵᠥ᠍᠂ 2018 — 2019 ᠣᠨ᠎ᠤ ᠴᠠᠰᠤᠲᠤ ᠤᠯᠠᠷᠢᠯ ᠪᠠ ᠤᠳᠤᠬᠠᠨ ᠪᠤᠯᠳᠠᠯ᠎ᠠ ᠨᠢᠬᠡᠨᠳᠠ 6 ᠲᠦᠮᠡ ᠭᠠᠷᠤᠶ ᠵᠤᠴᠢᠳ᠎ᠢᠶᠠᠨ ᠤᠬ᠍ᠳᠤᠵᠥ᠍ ᠪᠤᠢ᠃