《ᠪᠦᠷᠢᠳᠠ ᠴᠢᠨ᠋ᠸ᠎ᠠ ᠭᠤᠸ᠎ᠠ ᠮᠠᠷᠠᠯ》 ᠬᠢᠭᠡᠳ 《ᠴᠠᠰᠤ ᠮᠦᠰᠤᠨ》 ᠎ᠤ ᠪᠠᠷᠢᠯᠳᠤᠯᠭ᠎ᠠ
2020-01-20 17:41:54
ᠵᠣᠬᠢᠶᠠᠭ᠍ᠴᠢ᠄
ᠪᠤᠤ ᠦᠷᠭᠡᠨ
ᠣᠩᠱᠢᠭ᠍ᠰᠠᠨ ᠣᠳᠠᠭ᠎ᠠ᠄
★★★☆☆

    ᠬᠥᠯᠥᠨ ᠪᠤᠢᠷ ᠬᠤᠳᠠ᠎ᠶ᠋ᠢᠨ ᠬᠠᠢᠯᠠᠷ ᠲᠣᠭᠤᠷᠢᠭ᠎ᠤᠨ ᠱᠢᠷᠠᠲᠠᠯ᠎ᠠ ᠪᠠᠯᠭᠠᠰᠤ᠎ᠶ᠋ᠢᠨ ᠪᠠᠷᠠᠭᠤᠨ ᠲᠠᠯ᠎ᠠ᠎ᠳᠤ ᠥᠪᠴᠢ ᠴᠠᠭᠠᠨ ᠬᠤᠶᠠᠬ ᠬᠡᠳᠤᠷᠴᠤ᠌ ᠮᠥᠡᠭ᠌ᠭᠦᠨ ᠶᠢᠷᠳᠢᠨᠴᠤ᠎ᠶ᠋ᠢᠨ ᠭᠤᠴᠤ᠌ ᠰᠠᠢᠬᠠᠨ᠎ᠢ ᠭᠠᠢᠬᠠᠭᠤᠯᠤᠬ᠍ᠰᠠᠨ ᠪᠥᠷᠳᠠ ᠴᠢᠨ᠋ᠸ᠎ᠠ ᠭᠤᠸ᠎ᠠ ᠮᠠᠷᠠᠯ ᠴᠠᠰᠤ ᠮᠥᠰᠤᠨ᠎ᠤ ᠲᠠᠮᠢᠷᠢ᠎ᠤᠨ ᠬᠥᠳᠡᠯᠭᠡᠭᠡᠨ᠎ᠤ ᠰᠠᠭᠤᠷᠢᠨ ᠪᠠᠢᠷᠢᠯᠠᠵᠥ᠍ ᠪᠠᠢᠳᠠᠬ᠃ ᠲᠤᠰ ᠰᠠᠭᠤᠷᠢᠨ᠎ᠤ ᠡᠵᠡᠩᠨᠡᠯᠳᠠ ᠬᠠᠮᠢᠶᠠᠷᠤᠯᠳᠠ᠎ᠶ᠋ᠢᠨ ᠭᠠᠵᠠᠷ᠎ᠤᠨ ᠡᠬᠦᠳᠠ᠎ᠪᠠᠷ ᠲᠤᠳᠤᠬ᠍ᠰᠢᠯᠠᠬᠤ᠎ᠳᠤ ᠭᠤᠶᠤ ᠬᠢᠴᠠᠳᠠᠢ᠂ ᠥᠷᠭᠡᠨ ᠵᠤᠵᠠᠭᠠᠨ ᠬᠥᠷᠳᠤ᠎ᠲᠠᠢ ᠮᠤᠲ᠋ᠤᠷ ᠲᠡᠷᠭᠡ᠎ᠶ᠋ᠢ ᠬᠠᠶᠠᠭ᠎ᠠ ᠳᠠᠭᠠᠭᠤᠯᠤᠨ ᠲᠠᠯᠪᠢᠭ᠍ᠰᠠᠨ᠎ᠨᠢ ᠬᠠᠷᠠᠭ᠍ᠳᠠᠨ᠎ᠠ᠃ ᠡᠳᠡᠭᠡᠷ ᠮᠤᠲ᠋ᠤᠷ ᠲᠡᠷᠭᠡᠨ᠎ᠤ ᠬᠠᠮᠤᠬ᠎ᠤᠨ ᠢᠯᠠ ᠭᠡᠰᠡᠭ᠎ᠲᠤ ᠴᠦᠮ ᠠᠷᠪᠠᠨ ᠲᠥᠷᠪᠡᠳᠤᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠤᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠤ 《ᠡᠪᠤᠯ》 ᠭᠡᠬᠦ᠌ ᠥᠰᠥᠭ᠎ᠲᠠᠢ ᠤᠬᠠᠭᠤᠯᠭ᠎ᠠ᠎ᠶ᠋ᠢᠨ ᠵᠢᠷᠤᠬ ᠲᠥᠷᠰᠥ᠎ᠶ᠋ᠢ ᠨᠠᠭᠠᠬ᠍ᠰᠠᠨ ᠪᠠᠢᠯ᠎ᠠ᠃
    ᠰᠤᠷᠪᠤᠯᠵᠢᠯᠠᠬ᠍ᠴᠢ ᠲᠤᠰ ᠰᠠᠭᠤᠷᠢᠨ᠎ᠤ ᠬᠤᠨᠭ᠌ᠭᠢᠯ᠎ᠢᠶᠠᠷ ᠴᠠᠰᠤ ᠮᠥᠰᠤᠨ᠎ᠤ ᠲᠡᠷᠭᠡ᠎ᠶ᠋ᠢ ᠰᠤᠨᠢᠭᠤᠴᠢᠯᠠᠨ ᠶᠠᠪᠤᠬᠤ᠎ᠳᠠᠭᠠᠨ ᠬᠠᠷᠠᠬᠠᠨ ᠪᠠᠭ᠎ᠠ᠎ᠠᠴᠠ᠎ᠪᠠᠨ ᠮᠤᠲ᠋ᠤᠷ ᠲᠡᠷᠭᠡᠨ᠎ᠳᠤ ᠤᠨᠴᠠᠭᠠᠢ ᠪᠠᠭ᠍ᠠᠳᠠᠢ ᠰᠥᠢ ᠱᠤᠸᠠᠩ ᠢᠤᠢ ᠵᠠᠯᠠᠭᠤ ᠮᠤᠲ᠋ᠤᠷ᠎ᠲᠠᠢ᠎ᠪᠠᠨ ᠤᠷᠤᠯᠳᠤᠵᠤ ᠪᠠᠢᠬᠤ᠎ᠲᠠᠢ ᠲᠠᠭᠠᠷᠠᠯᠳᠤᠪᠠ᠃ ᠰᠥᠢ ᠱᠤᠸᠠᠩ ᠢᠤᠢ ᠡᠨᠡ ᠮᠤᠲ᠋ᠤᠷ᠎ᠢᠶᠠᠷ᠎ᠢᠶᠠᠨ 4196 ᠺᠢᠯᠥᠮᠧᠲᠷ ᠬᠤᠯᠠ ᠠᠶᠠᠯᠠᠵᠦ᠍᠂ ᠠᠷᠪᠠᠨ ᠲᠥᠷᠪᠡᠳᠤᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠤᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠢ ᠰᠤᠷᠳᠠᠯᠴᠢᠯᠠᠨ ᠤᠬᠠᠭᠤᠯᠤᠬ᠍ᠰᠠᠨ ᠭᠡᠳᠡᠭ᠃ ᠲᠡᠷᠡ ᠨᠢᠳᠤᠨᠤᠨ᠎ᠤ 10 ᠰᠠᠷ᠎ᠠ᠎ᠶ᠋ᠢᠨ ᠲᠤᠮᠳᠠᠴᠢ᠎ᠪᠠᠷ ᠮᠤᠲ᠋ᠤᠷ᠎ᠢᠶᠠᠨ ᠤᠨᠤᠨ ᠬᠠᠢᠯᠠᠷ ᠲᠤᠭᠤᠷᠢᠬ᠎ᠠᠴᠠ ᠮᠤᠷᠳᠠᠵᠤ᠂ ᠲᠥᠡᠭ᠌ᠯᠢᠶᠤᠤ ᠬᠤᠳᠠ᠂ ᠯᠢᠶᠤᠤᠨᠢᠩ ᠮᠤᠵᠢ᠎ᠪᠠᠷ ᠲᠠᠭᠠᠷᠢᠨ 20 ᠡᠳᠤᠷ᠎ᠤᠨ ᠬᠤᠭᠤᠴᠠᠭ᠎ᠠ ᠵᠠᠷᠤᠴᠠᠭᠤᠯᠤᠨ ᠡᠴᠤᠰ᠎ᠲᠡᠭᠡᠨ 4196 ᠺᠢᠯᠥᠮᠧᠲᠷ ᠠᠶᠠᠯᠠᠵᠤ ᠪᠡᠭᠡᠵᠢᠩ ᠬᠤᠳᠠ᠎ᠳᠤ ᠬᠥᠷᠴᠠᠢ᠃ ᠠᠶᠠᠨ ᠵᠠᠮ᠎ᠳᠠᠬᠢ ᠬᠥᠷᠥᠭ᠌ᠰᠡᠨ ᠭᠠᠵᠠᠷ᠎ᠤᠳ᠎ᠤᠨ ᠮᠠᠱᠢᠨ ᠲᠡᠷᠭᠡᠨ᠎ᠤ ᠺᠯᠦ᠋ᠪ᠎ᠲᠤ ᠬᠥᠷᠬᠦ᠌᠎ᠳᠡᠭᠡᠨ ᠲᠡᠷᠡ ᠤᠬᠠᠮᠰᠠᠷ᠎ᠠᠴᠠ᠎ᠪᠠᠨ ᠲᠤᠬᠠᠢ᠎ᠶ᠋ᠢᠨ ᠭᠠᠵᠠᠷ᠎ᠤᠨ ᠮᠠᠱᠢᠨ ᠲᠡᠷᠭᠡᠨ᠎ᠤ ᠪᠠᠭ᠍ᠠᠳᠠᠳ᠎ᠲᠤ ᠤᠷᠢᠯᠭ᠎ᠠ᠎ᠶ᠋ᠢᠨ ᠪᠢᠴᠢᠭ ᠥᠭ᠌ᠴᠤ᠂ ᠲᠠᠳᠠᠨ᠎ᠢ ᠬᠥᠯᠥᠨ ᠪᠤᠢᠷ ᠬᠤᠳᠠ᠎ᠳᠤ ᠬᠥᠷᠴᠤ᠌ ᠡᠪᠤᠯ᠎ᠤᠨ ᠤᠯᠠᠷᠢᠯ᠎ᠤᠨ ᠴᠠᠰᠤᠨ ᠮᠥᠰᠤᠨ᠎ᠤ ᠲᠠᠮᠢᠷ᠎ᠤᠨ ᠴᠤᠬ᠍ᠯᠠᠭᠠᠨ᠎ᠢ ᠰᠤᠨᠢᠷᠬᠠᠭᠠᠷᠠᠢ ᠭᠡᠵᠦ᠍ ᠤᠷᠢᠬ᠍ᠰᠠᠨ ᠪᠠᠢᠨ᠎ᠠ᠃ 《ᠮᠠᠨ᠎ᠤ ᠰᠠᠭᠤᠷᠢᠨ ᠪᠤᠯ ᠬᠥᠯᠥᠨ ᠪᠤᠢᠷ ᠬᠤᠳᠠ᠎ᠶ᠋ᠢᠨ ᠴᠠᠰᠤ ᠮᠥᠰᠤᠨ᠎ᠤ ᠲᠠᠮᠢᠷ᠎ᠤᠨ ᠬᠥᠳᠡᠯᠭᠡᠭᠡᠨ᠎ᠤ ᠪᠠᠭ᠍ᠠᠳᠠᠳ᠎ᠤᠨ ᠪᠠᠢᠡᠭ᠌ᠭᠤ ᠴᠤᠬ᠍ᠯᠠᠷᠠᠳᠠᠬ ᠭᠠᠵᠠᠷ ᠪᠤᠯᠬᠤ ᠶᠤᠮ᠂ ᠮᠥᠨ ᠴᠤ᠌ ᠡᠯ᠎ᠠ ᠲᠥᠷᠥᠯ᠎ᠤᠨ ᠲᠡᠷᠭᠡ᠎ᠶ᠋ᠢ ᠵᠢᠯᠥᠭᠤᠳᠤᠨ ᠪᠠᠷᠳᠠᠭ᠎ᠠ ᠱᠢᠨᠵᠢᠯᠡᠬᠦ᠌ ᠪᠠ ᠡᠪᠤᠯ᠎ᠤᠨ ᠤᠯᠠᠷᠢᠯ᠎ᠤᠨ ᠴᠠᠰᠤ ᠮᠥᠰᠤᠨ᠎ᠤ ᠤᠷᠤᠯᠳᠤᠭᠠᠨ᠎ᠤ ᠲᠥᠷᠥᠯ᠎ᠢ ᠪᠡᠶᠡᠳᠠᠨ ᠥᠢᠯᠠᠭᠠᠬᠤ ᠭᠠᠵᠠᠷ ᠪᠤᠯᠤᠨ᠎ᠠ᠃
    ᠰᠤᠷᠪᠤᠯᠵᠢᠯᠠᠬ᠍ᠴᠢ ᠲᠤᠰ ᠰᠠᠭᠤᠷᠢᠨ᠎ᠤ ᠡᠵᠡᠩᠨᠡᠯᠳᠠ ᠬᠠᠮᠢᠶᠠᠷᠤᠯᠳᠠ᠎ᠶ᠋ᠢᠨ ᠭᠠᠵᠠᠷ᠎ᠢᠶᠠᠷ ᠲᠤᠳᠤᠬ᠍ᠰᠢᠯᠠᠬᠤ᠎ᠳᠤ ᠥᠨᠳᠤᠷ ᠥᠨ᠎ᠠ᠎ᠶ᠋ᠢᠨ ᠬᠡᠬᠡᠷᠡᠯᠡᠬᠦ᠌ ᠲᠤᠮᠤ ᠬᠡᠯᠪᠡᠷᠢ᠎ᠶ᠋ᠢᠨ ᠮᠠᠱᠢᠨ᠂ ᠴᠠᠰᠤᠨ ᠮᠥᠰᠤᠨ᠎ᠤ ᠲᠡᠷᠭᠡ᠂ UTV ᠤᠷᠤᠯᠳᠤᠭᠠᠨ᠎ᠤ ᠲᠡᠷᠭᠡ᠎ᠨᠦᠭᠦᠳ ᠬᠤᠢᠨ᠎ᠠ ᠬᠤᠢᠨ᠎ᠠ᠎ᠠᠴᠠ᠎ᠪᠠᠨ ᠵᠢᠬ᠍ᠰᠠᠵᠤ ᠪᠠᠢᠪᠠ᠃ ᠥᠪᠥᠷ ᠮᠣᠩᠭᠤᠯ᠎ᠤᠨ ᠠᠩᠬᠠᠳᠠᠭ᠍ᠴᠢ ᠣᠯᠠᠨ ᠡᠱᠢᠲᠦ ᠵᠢᠭᠤᠯᠴᠢᠯᠠᠯ᠎ᠤᠨ ᠰᠠᠭᠤᠷᠢᠨ — ᠪᠥᠷᠳᠠ ᠴᠢᠨ᠋ᠸ᠎ᠠ ᠭᠤᠸ᠎ᠠ ᠮᠠᠷᠠᠯ ᠴᠠᠰᠤ ᠮᠥᠰᠤᠨ᠎ᠤ ᠲᠠᠮᠢᠷ᠎ᠤᠨ ᠬᠥᠳᠡᠯᠭᠡᠭᠡᠨ᠎ᠤ ᠰᠠᠭᠤᠷᠢᠨ᠎ᠢ 2015 ᠣᠨ᠎ᠳᠤ ᠤᠯᠤᠰ᠎ᠤᠨ ᠲᠡᠰ᠎ᠤᠨ ᠲᠡᠷᠭᠡᠴᠢᠨ ᠬᠤᠤ ᠠᠶ ᠳ᠋ᠦᠩ ᠡᠬᠦᠰᠭᠡᠨ ᠪᠠᠢᠭᠤᠯᠵᠠᠢ᠃ ᠲᠤᠰ ᠰᠠᠭᠤᠷᠢᠨ ᠬᠠᠢᠯᠠᠷ ᠲᠣᠭᠤᠷᠢᠭ ᠪᠣᠯᠤᠨ ᠬᠠᠬ ᠪᠠᠯᠭᠠᠰᠤ᠎ᠯᠤᠭ᠎ᠠ ᠭᠤᠤᠯ ᠠᠯᠤᠰᠯᠠᠨ ᠪᠠᠢᠷᠢᠯᠠᠵᠤ᠂ ᠬᠤᠲᠠ᠎ᠠᠴᠠ ᠥᠢᠷᠠᠬᠠᠨ ᠪᠠᠢᠭ᠎ᠠ ᠪᠠᠢᠭᠠᠯᠢᠯᠢᠬ ᠲᠠᠯ᠎ᠠ ᠨᠤᠲᠤᠭ ᠪᠣᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠴᠣᠷᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号