ᠲᠠᠮᠢᠷ᠎ᠤᠨ ᠴᠤᠭ᠍ᠯᠠᠭᠠᠨ᠎ᠤ ᠰᠤᠶᠤᠯ᠎ᠤᠨ ᠪᠥᠳᠥᠭᠡᠯᠴᠢ ᠪᠥᠳᠥᠭᠡᠭ᠌ᠳᠡᠬᠦᠨ 《ᠨᠡᠷᠡᠨ ᠬᠤᠸᠠᠷ》 ᠵᠠᠬ᠎ᠠ᠎ᠳᠤ ᠭᠠᠷᠬᠤ ᠪᠤᠯᠤᠯ᠎ᠠ
2020-01-20 17:41:52
ᠵᠣᠬᠢᠶᠠᠭ᠍ᠴᠢ᠄
ᠪᠤᠤ ᠥᠷᠭᠡᠨ
ᠣᠩᠱᠢᠭ᠍ᠰᠠᠨ ᠣᠳᠠᠭ᠎ᠠ᠄
★★★☆☆

      ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠦᠯ ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠪᠡᠯᠡᠳᠭᠡᠯ ᠺᠤᠮᠢᠰ᠎ᠠᠴᠠ ᠥᠢᠯᠠᠭᠠᠬ᠍ᠰᠠᠨ᠎ᠢᠶᠠᠷ᠂ ᠬᠥᠯᠥᠨ ᠪᠤᠢᠷ ᠬᠤᠳᠠ᠎ᠶ᠋ᠢᠨ ᠡᠸᠡᠩᠭᠢ ᠥᠨᠳᠤᠰᠤᠳᠠᠨ᠎ᠤ ᠥᠪᠡᠷᠳᠡᠭᠡᠨ ᠵᠠᠰᠠᠬᠤ ᠬᠤᠱᠢᠭᠤ᠎ᠶ᠋ᠢᠨ ᠰᠣᠶᠣᠯ᠎ᠤᠨ ᠠᠵᠤ ᠦᠢᠯᠡᠰ᠎ᠤᠨ ᠥᠢᠯᠠᠰ ᠪᠤᠰᠭᠠᠬᠤ ᠲᠤᠭᠤᠷᠢᠬ᠎ᠲᠤ ᠪᠠᠢᠷᠢᠯᠠᠭ᠎ᠠ 《ᠱ᠌ᠢᠷᠥᠨ ᠡᠸᠠᠩᠭᠢ ᠦᠨᠳᠦᠰᠦᠲᠡᠨ᠎ᠤ ᠭᠠᠷ ᠤᠷᠠᠯᠠᠯ᠎ᠤᠨ ᠦᠢᠯᠡᠳᠪᠦᠷᠢ》 ᠪᠣᠯ ᠲᠤᠰ ᠬᠤᠭᠤᠴᠠᠭᠠᠨ᠎ᠤ ᠲᠠᠮᠢᠷ᠎ᠤᠨ ᠴᠤᠬ᠍ᠯᠠᠭᠠᠨ᠎ᠤ ᠴᠣᠷ᠎ᠤᠨ ᠭᠠᠭ᠍ᠴᠠ ᠭᠠᠷ ᠤᠷᠠᠯᠠᠯ᠎ᠤᠨ ᠰᠤᠶᠤᠯ᠎ᠤᠨ ᠪᠥᠳᠥᠭᠡᠯᠴᠢ ᠪᠥᠳᠥᠭᠡᠭ᠌ᠳᠡᠬᠦᠨ ᠪᠤᠯᠬᠤ 《ᠨᠡᠷᠡᠨ ᠬᠤᠸᠠᠷ》 ᠎ᠢ ᠥᠢᠯᠡᠳᠤᠨ ᠪᠤᠷᠤᠯᠠᠭᠤᠯᠬᠤ ᠥᠢᠯᠡᠳᠪᠤᠷᠢ ᠪᠤᠯᠬᠤ ᠶᠤᠮ᠃ ᠲᠤᠰ ᠥᠢᠯᠡᠳᠪᠤᠷᠢ᠎ᠶ᠋ᠢᠨ ᠥᠢᠯᠡᠳᠪᠤᠷᠢᠯᠡᠭ᠌ᠰᠡᠨ 《ᠨᠠᠷᠠᠨ ᠬᠤᠸᠠᠷ》 ᠬᠡᠬᠦ᠌ ᠰᠤᠶᠤᠯ᠎ᠤᠨ ᠪᠥᠳᠥᠭᠡᠯᠴᠢ ᠪᠥᠳᠥᠭᠡᠭ᠌ᠳᠡᠬᠦᠨ ᠎ᠨᠢ 1 ᠰᠠᠷ᠎ᠠ ᠶᠢᠨ 24 ᠎ᠤ ᠡᠳᠤᠷ ᠵᠠᠬ᠎ᠠ ᠲᠡᠯᠬᠡᠬᠦᠷ᠎ᠲᠤ ᠭᠠᠷᠴᠤ᠌ ᠭᠡᠷᠡᠭ᠌ᠯᠡᠭ᠌ᠴᠢᠳ᠎ᠲᠠᠢ ᠵᠤᠯᠭᠠᠬᠤ᠎ᠪᠠᠷ ᠪᠤᠢ᠃
      ᠰᠤᠶᠤᠯ᠎ᠤᠨ ᠪᠥᠳᠥᠭᠡᠯᠴᠢ ᠪᠥᠳᠥᠭᠡᠭ᠌ᠳᠠᠬᠦᠨ 《ᠨᠠᠷᠠᠨ ᠬᠤᠸᠠᠷ》 ᠎ᠢ ᠵᠢᠷᠤᠵᠥ᠍ ᠲᠥᠰᠥᠪᠯᠡᠭ᠌ᠴᠢ ᠪᠤᠯ ᠲᠥᠪ᠎ᠤᠨ ᠥᠨᠳᠤᠰᠤᠳᠠᠨ᠎ᠤ ᠶᠡᠭᠡ ᠰᠤᠷᠭᠠᠭᠤᠯᠢ᠎ᠠᠴᠠ ᠲᠡᠬᠦᠰᠥᠭ᠌ᠰᠡᠨ ᠡᠸᠡᠩᠭᠢ ᠬᠡᠤᠬᠡᠨ ᠴᠡᠴᠡᠭ ᠪᠤᠯᠬᠤ ᠶᠤᠮ᠃ ᠲᠡᠬᠦᠨ᠎ᠤ ᠡᠵᠢ᠎ᠨᠢ ᠱ᠌ᠢᠷᠥᠨ ᠡᠸᠠᠩᠭᠢ ᠦᠨᠳᠦᠰᠦᠲᠡᠨ᠎ᠤ ᠭᠠᠷ ᠤᠷᠠᠯᠠᠯ᠎ᠤᠨ ᠦᠢᠯᠡᠳᠪᠦᠷᠢ᠎ᠶ᠋ᠢᠨ ᠡᠵᠡᠭ᠌ᠳᠠᠢ ᠪᠠᠢᠵᠥ᠍᠂ ᠲᠡᠷᠡ ᠡᠵᠢ᠎ᠶ᠋ᠢᠨ᠎ᠢᠶᠠᠨ ᠨᠥᠯᠥᠭᠡᠯᠡᠯ᠎ᠢᠶᠠᠷ ᠤᠯᠠᠮᠵᠢᠯᠠᠯᠳᠤ ᠭᠠᠷ ᠤᠷᠠᠯᠠᠯ᠎ᠤᠨ ᠵᠦᠢᠯᠡᠰ᠎ᠲᠤ ᠤᠨᠴᠠ᠎ᠶ᠋ᠢᠨ ᠪᠠᠭ᠍ᠠᠳᠠᠢ ᠪᠤᠯᠤᠬ᠍ᠰᠠᠨ ᠪᠠᠢᠵᠠᠢ᠃ ᠲᠡᠬᠦᠨ᠎ᠤ ᠵᠢᠷᠤᠵᠥ᠍ ᠲᠥᠰᠥᠪᠯᠡᠭ᠌ᠰᠡᠨ 《ᠨᠡᠷᠡᠨ ᠬᠤᠸᠠᠷ》 ᠎ᠨᠢ ᠴᠠᠬ ᠥᠶ᠎ᠠ᠎ᠶ᠋ᠢᠨ ᠥᠡᠭ᠌ᠭᠡ ᠪᠤᠳᠤᠬ᠎ᠢᠶᠠᠷ ᠥᠳᠭᠡᠨ ᠪᠦᠭᠡᠳ ᠪᠣᠯᠣᠷ᠂ ᠮᠠᠨᠤ ᠵᠡᠷᠭᠡ ᠮᠠᠲ᠋ᠧᠷᠢᠶᠠᠯ᠎ᠢ ᠤᠶᠠᠯᠳᠤᠭᠤᠯᠤᠨ ᠭᠡᠷᠡᠭ᠌ᠯᠡᠵᠥ᠍᠂ ᠨᠠᠩ ᠪᠤᠷᠤᠬ᠍ᠵᠢᠭᠤᠨ ᠲᠥᠪᠯᠡᠬᠦᠨ᠂ ᠨᠠᠩ ᠭᠤᠶᠤ ᠨᠠᠷᠢᠯᠢᠬ ᠪᠥᠳᠥᠭᠡᠯ ᠪᠤᠯᠭᠠᠬ᠍ᠰᠠᠨ ᠪᠠᠢᠨ᠎ᠠ᠃
     ᠴᠠᠰᠤᠨ ᠯᠠᠪᠰᠠ᠎ᠶ᠋ᠢᠨ ᠲᠥᠷᠰᠥᠳᠤ 《ᠨᠡᠷᠡᠨ ᠬᠤᠸᠠᠷ》 ᠎ᠤᠨ ᠪᠥᠳᠥᠭᠡᠯ᠎ᠨᠢ ᠮᠥᠡᠭ᠌ᠭᠦᠨ ᠡᠪᠦᠯ᠎ᠤᠨ ᠡᠯᠧᠮᠧᠨ᠋ᠲ᠎ᠢ ᠪᠠᠭ᠍ᠲᠠᠭᠠᠬ᠍ᠰᠠᠨ᠎ᠢᠶᠠᠷ ᠥᠯᠥ᠍ ᠪᠠᠷᠠᠮ᠂ ᠬᠥᠯᠥᠨ ᠪᠦᠢᠷ᠎ᠤᠨ ᠴᠦᠭᠡᠨ ᠲᠤᠭᠠᠲᠤ ᠥᠨᠳᠤᠰᠤᠳᠠᠨ᠎ᠤ ᠤᠨᠴᠠᠯᠢᠬ ᠱᠢᠨᠵᠢ᠎ᠶ᠋ᠢ ᠴᠤ᠌ ᠬᠠᠳᠠᠭᠠᠯᠠᠵᠥ᠍᠂ ᠡᠯ᠎ᠡ ᠵᠦᠢᠯ᠎ᠤᠨ ᠴᠠᠰᠤᠨ ᠯᠠᠪᠰᠠᠨ ᠳᠡᠭᠡᠷ᠎ᠡ ᠭᠢᠯᠲᠠᠭᠠᠨᠠᠮ᠎ᠠ ᠪᠣᠯᠣᠷ ᠱᠢᠭᠢᠳᠭᠡᠵᠦ᠍᠂ ᠭᠡᠷᠡᠯ᠎ᠤᠨ ᠰᠠᠴᠤᠷᠠᠬ᠎ᠲᠤ ᠭᠢᠯᠲᠠᠭᠠᠨᠠᠨ ᠭᠡᠷᠡᠯᠲᠦᠵᠦ᠍ ᠪᠠᠢᠳᠠᠬ᠃ 《ᠨᠠᠷᠠᠨ ᠬᠤᠸᠠᠷ》 ᠎ᠤᠨ ᠪᠥᠳᠥᠭᠡᠭ᠌ᠳᠡᠬᠦᠨ᠎ᠤ ᠳ᠋ᠢᠶᠠᠮᠧᠲᠷ᠎ᠨᠢ 10.5cm ᠪᠠᠢᠵᠥ᠍᠂ ᠨᠡᠢᠳᠠ 2000 ᠭᠠᠷᠤᠢ ᠬᠤᠪᠢ ᠥᠢᠯᠡᠳᠪᠤᠷᠢᠯᠡᠬᠦ᠌᠎ᠪᠠᠷ ᠲᠥᠯᠥᠪᠯᠡᠵᠥ᠍ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号