ᠦᠪᠦᠷ ᠮᠤᠩᠭᠤᠯ᠎ᠤᠨ ᠤᠷᠠᠯᠢᠭ᠎ᠤᠨ ᠳᠡᠬᠡᠳᠤ ᠰᠤᠷᠭᠠᠭᠤᠯᠢ᠎ᠶ᠋ᠢᠨ ᠤᠰᠤᠨ ᠪᠤᠳᠤᠭ᠎ᠤᠨ ᠤᠷᠠᠯᠢᠭ᠎ᠤᠨ ᠡᠬᠦᠳᠦᠨ ᠪᠦᠳᠦᠬᠡᠬᠦ᠌ ᠪᠠ ᠰᠤᠳᠤᠯᠭᠠᠨ᠎ᠤ ᠲᠦᠪ ᠪᠠᠢᠭᠤᠯᠤᠭ᠍ᠳᠠᠪᠠ
2020-10-22 09:08:46
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠦᠪᠦᠷ ᠮᠤᠩᠭᠤᠯ᠎ᠤᠨ ᠤᠷᠠᠯᠢᠭ᠎ᠤᠨ ᠳᠡᠬᠡᠳᠤ ᠰᠤᠷᠭᠠᠭᠤᠯᠢ᠎ᠶ᠋ᠢᠨ ᠤᠰᠤᠨ ᠪᠤᠳᠤᠭ᠎ᠤᠨ ᠤᠷᠠᠯᠢᠭ᠎ᠤᠨ ᠵᠤᠬᠢᠶᠠᠨ ᠪᠦᠳᠦᠬᠡᠬᠦ᠌ ᠰᠤᠳᠤᠯᠭᠠᠨ᠎ᠤ ᠲᠦᠪ ᠪᠠ ᠱᠢᠶᠧ ᠶᠤᠸᠠᠨ ᠹᠠᠩ ᠠᠵᠢᠯᠯᠠᠬᠤ ᠦᠷᠦᠬᠡ᠎ᠶ᠋ᠢᠨ ᠫᠠᠢᠰᠠ ᠡᠯᠬᠦᠬᠦ᠌ ᠶᠤᠰᠤᠯᠠᠯ ᠲᠦᠷᠦᠬᠦᠬᠡᠨ ᠦᠪᠦᠷ ᠮᠤᠩᠭᠤᠯ᠎ᠤᠨ ᠤᠷᠠᠯᠢᠭ᠎ᠤᠨ ᠳᠡᠬᠡᠳᠤ ᠰᠤᠷᠭᠠᠭᠤᠯᠢ᠎ᠶ᠋ᠢᠨ ᠤᠷᠠᠨ ᠵᠢᠷᠤᠭ᠎ᠤᠨ ᠳᠡᠬᠡᠳᠤ ᠰᠤᠷᠭᠠᠭᠤᠯᠢ᠎ᠳᠤ ᠶᠠᠪᠤᠭ᠍ᠳᠠᠪᠠ᠃

ᠦᠪᠦᠷ ᠮᠤᠩᠭᠤᠯ᠎ᠤᠨ ᠤᠷᠠᠯᠢᠭ᠎ᠤᠨ ᠳᠡᠬᠡᠳᠤ ᠰᠤᠷᠭᠠᠭᠤᠯᠢ᠎ᠶ᠋ᠢᠨ ᠤᠰᠤᠨ ᠪᠤᠳᠤᠭ᠎ᠤᠨ ᠤᠷᠠᠯᠢᠭ᠎ᠤᠨ ᠡᠬᠦᠳᠦᠨ ᠪᠦᠳᠦᠬᠡᠬᠦ᠌ ᠰᠤᠳᠤᠯᠭᠠᠨ᠎ᠤ ᠲᠦᠪ ᠪᠠ ᠱᠢᠶᠧ ᠶᠤᠸᠠᠨ ᠹᠠᠩ ᠠᠵᠢᠯᠯᠠᠬᠤ ᠦᠷᠦᠬᠡ᠎ᠶ᠋ᠢ ᠪᠠᠢᠭᠤᠯᠤᠭ᠍ᠰᠠᠨ᠎ᠨᠢ ᠦᠪᠦᠷ ᠮᠤᠩᠭᠤᠯ᠎ᠤᠨ ᠤᠷᠠᠨ ᠵᠢᠷᠤᠭ᠎ᠤᠨ ᠬᠦᠷᠢᠶᠡᠨ᠎ᠳᠠᠬᠢ ᠬᠦᠮᠦᠰ ᠪᠠ ᠢᠯᠠᠩᠭᠤᠶ᠎ᠠ ᠤᠰᠤᠨ ᠪᠤᠳᠤᠭ᠎ᠤᠨ ᠤᠷᠠᠯᠢᠭ᠎ᠤᠨ ᠬᠦᠷᠢᠶᠡᠨ᠎ᠳᠠᠬᠢ ᠬᠦᠮᠦᠰ᠎ᠲᠤ ᠬᠠᠷᠢᠯᠴᠠᠨ ᠰᠤᠷᠴᠤ᠌ ᠰᠤᠳᠤᠯᠬᠤ ᠳᠠᠪᠴᠠᠩ ᠬᠠᠩᠭᠠᠬᠤ᠂ ᠤᠷᠠᠯᠢᠭ᠎ᠤᠨ ᠰᠤᠳᠤᠯᠭᠠᠨ᠎ᠤ ᠬᠠᠷᠠᠭᠠᠰᠤ᠎ᠪᠠᠨ ᠦᠷᠬᠡᠳᠭᠡᠬᠦ᠌᠎ᠶ᠋ᠢ ᠵᠤᠷᠢᠵᠤ᠂ ᠱᠢᠶᠧ ᠶᠤᠸᠠᠨ ᠹᠠᠩ᠎ᠤᠨ ᠬᠤᠪᠢ ᠬᠦᠮᠦᠨ᠎ᠤ ᠵᠢᠱ᠌ᠢᠶ᠎ᠠ ᠦᠵᠡᠬᠦᠯᠵᠦ᠍ ᠬᠦᠳᠦᠯᠦᠨ ᠵᠢᠯᠤᠭᠤᠳᠭᠤ ᠦᠢᠯᠡᠳᠦᠯ᠎ᠢ ᠪᠠᠳᠠᠷᠠᠭᠤᠯᠵᠤ᠂ ᠦᠪᠦᠷ ᠮᠤᠩᠭᠤᠯ ᠤᠷᠤᠨ᠎ᠤ ᠤᠷᠠᠨ ᠵᠢᠷᠤᠭ᠎ᠤᠨ ᠦᠢᠯᠡᠰ᠎ᠤᠨ ᠨᠡᠩ ᠰᠠᠢᠨ ᠬᠦᠭ᠌ᠵᠢᠯᠳᠡ᠎ᠶ᠋ᠢ ᠠᠬᠢᠭᠤᠯᠬᠤ᠎ᠶ᠋ᠢ ᠵᠤᠷᠢᠵᠠᠢ᠃ ᠡᠨᠡ ᠬᠦ᠌ ᠠᠵᠢᠯᠯᠠᠬᠤ ᠦᠷᠦᠬᠡ᠎ᠨᠢ ᠰᠤᠳᠤᠯᠭᠠᠨ᠎ᠤ ᠴᠢᠨᠠᠷ᠂ ᠳᠤᠰᠭᠠᠢ ᠮᠡᠷᠬᠡᠵᠢᠯ᠎ᠤᠨ ᠴᠢᠨᠠᠷ᠂ ᠦᠢᠯᠡᠳᠦᠯᠬᠡᠳᠤ ᠴᠢᠨᠠᠷ᠎ᠢ ᠨᠢᠬᠡ ᠴᠤᠭ᠍ᠴᠠᠵᠢᠭᠤᠯᠵᠤ᠂ ᠤᠯᠤᠰ᠎ᠤᠨ ᠳᠤᠳᠤᠭᠠᠳᠤ᠎ᠶ᠋ᠢᠨ ᠨᠡᠷᠡᠳᠤ ᠵᠢᠷᠤᠭ᠍ᠴᠢᠳ᠎ᠢ ᠤᠷᠢᠵᠤ ᠡᠯᠪᠡᠭ ᠪᠠᠶᠠᠯᠢᠭ ᠤᠷᠠᠯᠢᠭ᠎ᠤᠨ ᠠᠵᠢᠯᠯᠠᠭ᠎ᠠ᠎ᠶ᠋ᠢ ᠵᠤᠬᠢᠶᠠᠨ ᠪᠠᠢᠭᠤᠯᠤᠨ ᠦᠷᠨᠢᠬᠦᠯᠵᠤ᠂ ᠵᠠᠯᠠᠭᠤ ᠪᠠᠭ᠍ᠰᠢ ᠨᠠᠷ᠂ ᠱᠢᠯᠢᠳᠡᠭ ᠰᠤᠷᠤᠭ᠍ᠴᠢᠳ ᠪᠠ ᠤᠰᠤᠨ ᠪᠤᠳᠤᠭ᠎ᠤᠨ ᠵᠢᠷᠤᠬ᠎ᠲᠤ ᠳᠤᠷ᠎ᠠ ᠪᠠᠭ᠍ᠠᠳᠠᠢ ᠬᠦᠮᠦᠰ᠎ᠢ ᠵᠤᠬᠢᠶᠠᠨ ᠪᠠᠢᠭᠤᠯᠵᠤ ᠪᠤᠯᠪᠠᠰᠤᠷᠠᠯ ᠬᠢᠬᠦ᠌ ᠪᠤᠶᠤ ᠤᠷᠠᠨ ᠵᠢᠷᠤᠭ᠎ᠤᠨ ᠦᠵᠡᠬᠦᠯᠬᠡ ᠬᠢᠬᠦ᠌᠎ᠪᠠᠷ ᠳᠠᠮᠵᠢᠨ ᠠᠵᠢᠯ᠎ᠢᠶᠠᠨ ᠦᠷᠨᠢᠬᠦᠯᠬᠦ᠌᠎ᠪᠠᠷ ᠪᠠᠢᠨ᠎ᠠ᠃

ᠦᠪᠦᠷ ᠮᠤᠩᠭᠤᠯ᠎ᠤᠨ ᠤᠷᠠᠯᠢᠭ᠎ᠤᠨ ᠳᠡᠬᠡᠳᠤ ᠰᠤᠷᠭᠠᠭᠤᠯᠢ᠎ᠶ᠋ᠢᠨ ᠤᠷᠠᠨ ᠵᠢᠷᠤᠭ᠎ᠤᠨ ᠳᠡᠬᠡᠳᠤ ᠰᠤᠷᠭᠠᠭᠤᠯᠢ᠎ᠶ᠋ᠢᠨ ᠳᠡᠳ᠋ ᠵᠠᠬᠢᠷᠤᠯ ᠱᠢᠶᠧ ᠶᠤᠸᠠᠨ ᠹᠠᠩ ᠪᠤᠯ ᠳᠤᠮᠳᠠᠳᠤ ᠤᠯᠤᠰ᠎ᠤᠨ ᠤᠷᠠᠨ ᠵᠢᠷᠤᠭ᠍ᠴᠢᠳ᠎ᠤᠨ ᠨᠡᠢᠬᠡᠮᠯᠢᠭ᠎ᠤᠨ ᠬᠡᠱᠢᠬᠦᠨ᠂ ᠦᠪᠦᠷ ᠮᠤᠩᠭᠤᠯ᠎ᠤᠨ ᠤᠷᠠᠨ ᠵᠢᠷᠤᠭ᠍ᠴᠢᠳ᠎ᠤᠨ ᠨᠡᠢᠬᠡᠮᠯᠢᠭ᠎ᠤᠨ ᠤᠰᠤᠨ ᠪᠤᠳᠤᠭ᠎ᠤᠨ ᠤᠷᠠᠯᠢᠭ᠎ᠤᠨ ᠨᠡᠢᠬᠡᠮᠯᠢᠭ᠎ᠤᠨ ᠬᠡᠱᠢᠬᠦᠨ ᠪᠤᠯᠤᠨ᠎ᠠ᠃ ᠳᠡᠷᠡ ᠪᠤᠯ ᠤᠰᠤᠨ ᠪᠤᠳᠤᠭ᠎ᠤᠨ ᠵᠢᠷᠤᠭ᠎ᠤᠨ ᠬᠦᠷᠢᠶᠡᠨ᠎ᠳᠤ ᠠᠩᠬᠠᠳᠠᠭ᠍ᠴᠢ ᠳᠤᠮᠳᠠᠳᠤ ᠤᠯᠤᠰ᠎ᠤᠨ ᠤᠷᠠᠨ ᠵᠢᠷᠤᠭ᠎ᠤᠨ ᠠᠯᠳᠠᠨ ᠱᠠᠩᠨᠠᠯ᠎ᠢ ᠳᠤᠰᠤᠭ᠍ᠰᠠᠨ ᠡᠮᠡᠭ᠌ᠳᠡᠢ ᠵᠢᠷᠤᠭ᠍ᠴᠢᠨ ᠪᠤᠯᠤᠨ᠎ᠠ᠂ ᠪᠠᠰᠠ ᠴᠤ᠌ ᠮᠠᠨ᠎ᠤ ᠤᠷᠤᠨ᠎ᠤ ᠴᠤᠷ᠎ᠤᠨ ᠭᠠᠭ᠍ᠴᠠ ᠳᠤᠮᠳᠠᠳᠤ ᠤᠯᠤᠰ᠎ᠤᠨ ᠤᠷᠠᠨ ᠵᠢᠷᠤᠭ᠎ᠤᠨ ᠠᠯᠳᠠᠨ ᠱᠠᠩᠨᠠᠯ ᠳᠤᠰᠤᠭ᠍ᠰᠠᠨ ᠵᠢᠷᠤᠭ᠍ᠴᠢᠨ ᠪᠤᠯᠤᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号