ᠬᠠᠷᠠᠭ᠍ᠰᠠᠨ ᠪᠦᠬᠦᠨ᠎ᠢ ᠤᠷᠮᠠᠱᠢᠭᠤᠯᠤᠭ᠍ᠰᠠᠨ ᠬᠠᠷᠠᠭᠠᠳᠦ᠎ᠶ᠋ᠢᠨ ᠭᠤᠷᠪᠡᠨ ᠵᠠᠬ᠍ᠪᠤᠷ
2020-10-04 09:49:57
ᠵᠣᠬᠢᠶᠠᠭ᠍ᠴᠢ᠄
ᠳ᠋᠊ · ᠪᠤᠯᠤᠳ ᠴᠠᠩ ᠾᠧ ᠬᠦᠨᠪᠢᠯᠢᠭ ᠴᠤᠪᠤᠭᠤ
ᠣᠩᠱᠢᠭ᠍ᠰᠠᠨ ᠣᠳᠠᠭ᠎ᠠ᠄
★★★☆☆

ᠭᠠᠴᠠᠭᠠᠨ᠎ᠤ ᠬᠠᠮᠳᠦ᠎ᠶ᠋ᠢᠨ ᠠᠵᠦ᠍ ᠠᠬᠤᠢ᠎ᠶ᠋ᠢ ᠬᠦᠭ᠌ᠵᠢᠬᠦᠯᠬᠦ᠌ ᠬᠢᠬᠡᠳ ᠮᠠᠯᠴᠢᠳ᠎ᠤᠨ ᠤᠷᠤᠯᠭ᠎ᠠ᠎ᠶ᠋ᠢ ᠨᠡᠮᠡᠭ᠌ᠳᠡᠬᠦᠯᠬᠦ᠌᠎ᠨᠢ ᠰᠠᠯᠤᠰᠢ ᠦᠭᠡᠢ ᠬᠠᠷᠢᠴᠠᠭ᠎ᠠ᠎ᠲᠠᠢ ᠶᠤᠮ᠃ ᠵᠡᠬᠦᠨ ᠦᠵᠦᠮᠦᠴᠢᠨ ᠬᠤᠱᠢᠭᠤᠨ᠎ᠤ ᠡᠵᠢᠨᠠᠭᠤᠷ ᠪᠠᠯᠭᠠᠰᠤ᠎ᠶ᠋ᠢᠨ ᠬᠠᠷᠠᠭᠠᠳᠦ ᠭᠠᠴᠠᠭ᠎ᠠ ᠮᠠᠯᠴᠢᠳ᠎ᠢᠶᠠᠨ ᠲᠠᠭᠠᠭᠤᠯᠤᠨ ᠬᠠᠮᠳᠦᠷᠡᠯ ᠬᠤᠷᠱᠢᠶᠡᠵᠢᠯ᠎ᠤᠨ ᠭᠤᠷᠪᠠᠨ ᠵᠠᠬ᠍ᠪᠤᠷ᠎ᠢ ᠪᠤᠢ ᠪᠤᠯᠭᠠᠵᠤ᠂ ᠠᠮᠢ ᠠᠬᠤᠢ᠎ᠪᠠᠨ ᠬᠠᠮᠠᠭᠠᠯᠠᠬᠤ ᠪᠠ ᠴᠢᠨᠡᠷᠯᠢᠭ᠋ ᠬᠦᠭ᠌ᠵᠢᠯᠳᠠ᠎ᠶ᠋ᠢᠨ ᠬᠤᠤᠰ ᠦᠷ᠎ᠠ ᠠᠱᠢᠭ ᠬᠦᠷᠳᠡᠨ ᠬᠦᠮᠦᠨ ᠵᠤᠨ᠎ᠤ ᠰᠡᠳᠭᠢᠯ᠎ᠢ ᠪᠠᠶᠠᠰᠭᠠᠨ᠎ᠠ᠃

ᠵᠠᠬ᠍ᠪᠤᠷ ᠨᠢᠭᠡ᠄ ᠬᠠᠮᠳᠤ᠎ᠶ᠋ᠢᠨ ᠠᠵᠦ᠍ ᠠᠬᠤᠢ + ᠶᠠᠳᠠᠭᠤ ᠬᠦᠴᠢᠷᠳᠡᠯᠲᠠᠢ ᠡᠷᠦᠬᠡ

ᠡᠵᠢ᠎ᠶ᠋ᠢᠨ ᠰᠦ ᠱᠢᠭ ᠢᠪᠢᠯᠦᠬᠡᠳ ᠪᠠᠢᠳᠠᠭ ᠡᠵᠢᠨᠠᠭᠤᠷ ᠡᠯᠢᠭᠡᠨ ᠲᠦᠮᠡᠨ᠎ᠢᠶᠠᠨ ᠬᠠᠢᠷ᠎ᠠ᠎ᠪᠠᠷ᠎ᠢᠶᠠᠨ ᠤᠮᠳᠠᠯᠠᠵᠤ᠂ ᠲᠤᠨᠳᠡᠷᠡᠰᠢ ᠦᠭᠡᠢ ᠬᠦᠭ᠌ᠵᠢᠯ ᠪᠡᠳᠡᠷᠡᠯ᠎ᠤᠨ ᠡᠬᠢ ᠬᠦᠴᠤᠨ᠎ᠢ ᠬᠦᠰᠠᠯ᠎ᠲᠠᠢ ᠪᠦᠬᠦᠨ᠎ᠳᠤ ᠬᠡᠱᠢᠭ ᠪᠤᠯᠭᠠᠨ ᠬᠦᠷᠳᠡᠭᠡᠨ᠎ᠡ᠃ ᠡᠵᠢᠨᠠᠭᠤᠷ᠎ᠤᠨ ᠲᠤᠯᠠᠭᠠᠨ ᠦᠷᠦᠴᠡᠨ᠎ᠳᠠᠬᠢ ᠬᠠᠷᠠᠭᠠᠳᠦ ᠭᠠᠴᠠᠭ᠎ᠠ ᠭᠠᠴᠢᠬ᠍ᠳᠠᠬ᠍ᠰᠡᠨ ᠨᠢᠭᠡ᠎ᠶ᠋ᠢ᠎ᠪᠠᠨ ᠤᠨᠢᠨ ᠲᠡᠭᠡᠷ᠎ᠠ᠎ᠨᠢ ᠲᠡᠳᠭᠦᠬᠦ᠌᠎ᠪᠠᠷ 《ᠬᠠᠮᠲᠤ᠎ᠶ᠋ᠢᠨ ᠠᠵᠤ ᠠᠬᠤᠶ + ᠶᠠᠳᠠᠭᠤ ᠬᠦᠴᠢᠷᠳᠡᠯᠲᠡᠶ ᠡᠷᠦᠬᠡ》 ᠬᠡᠬᠦ᠌ ᠵᠠᠬ᠍ᠪᠤᠷ᠎ᠢ ᠪᠤᠢ ᠪᠤᠯᠭᠠᠨ ᠪᠠᠯᠭᠠᠰᠤᠨ᠎ᠤ᠎ᠪᠠᠨ ᠶᠠᠳᠠᠭᠤ ᠬᠦᠴᠢᠷᠳᠡᠯᠳᠡᠢ 26 ᠡᠷᠦᠬᠡ᠎ᠶ᠋ᠢᠨ 70 ᠭᠠᠷᠤᠢ ᠬᠦᠮᠦᠨ᠎ᠢ 2 ᠵᠢᠯ ᠲᠠᠷᠠᠭᠠᠯᠠᠨ ᠬᠦᠮᠦᠨ ᠪᠦᠷᠢ᠎ᠳᠤ 1000 ᠲᠦᠭᠦᠷᠢᠭ᠎ᠢᠶᠠᠷ ᠲᠤᠰᠠᠯᠠᠨ ᠲᠡᠮᠵᠢᠵᠦ᠍ ᠪᠠᠢᠨ᠎ᠠ᠃ ᠵᠡᠬᠦᠨ ᠦᠵᠦᠮᠦᠴᠢᠨ ᠬᠤᠱᠢᠭᠤᠨ᠎ᠤ ᠶᠡᠳᠠᠭᠤ᠎ᠶ᠋ᠢ ᠲᠡᠳᠬᠦᠬᠦ᠌ ᠨᠡᠬᠡᠬᠡᠯᠳᠡ᠎ᠶ᠋ᠢᠨ ᠠᠯᠪᠠᠨ ᠭᠡᠷ᠎ᠠᠴᠠ 1᠄ 5 ᠎ᠶ᠋ᠢᠨ ᠬᠤᠪᠢᠴᠠᠭ᠎ᠠ᠎ᠪᠠᠷ 20 ᠲᠦᠮᠡᠨ ᠲᠦᠭᠦᠷᠢᠭ᠎ᠢ ᠬᠦᠳᠡᠭᠡ ᠲᠤᠰᠭᠤᠨ᠎ᠤ ᠢᠳᠡᠭᠡᠮᠵᠢ᠎ᠶ᠋ᠢᠨ ᠬᠤᠷᠱᠢᠶ᠎ᠠ᠎ᠳᠤ ᠬᠦᠷᠦᠩᠭᠡᠵᠢᠬᠦᠯᠤᠨ 100 ᠲᠦᠮᠠᠨ ᠲᠦᠭᠦᠷᠢᠭ᠎ᠤᠨ ᠵᠢᠭᠡᠯᠡᠯᠭᠡ ᠠᠪᠴᠦ᠍ ᠬᠠᠷᠠᠭᠠᠳᠦ ᠭᠠᠴᠠᠭᠠᠨ᠎ᠳᠤ ᠤᠯᠭᠤᠬᠤ᠎ᠶ᠋ᠢᠨ ᠬᠠᠮᠳᠤ 70 ᠱᠢᠮᠧᠨ᠋ᠳᠡᠷ ᠦᠨᠢᠶ᠎ᠠ ᠬᠤᠳᠠᠯᠳᠤᠨ ᠠᠪᠤᠭᠤᠯᠵᠦ᠍᠂ ᠲᠤᠰᠤᠬ᠍ᠰᠡᠨ ᠲᠤᠭᠤᠯ᠎ᠤᠨ᠎ᠢᠶᠠᠨ ᠠᠱᠢᠭ ᠤᠷᠤᠯᠭ᠎ᠠ᠎ᠪᠠᠷ ᠶᠠᠳᠠᠭᠤ᠎ᠶ᠋ᠢ ᠲᠡᠳᠬᠦᠨ᠂ 3 ᠵᠢᠯ᠎ᠤᠨ ᠲᠠᠷᠠᠭ᠎ᠠ ᠵᠢᠬᠡᠯᠡᠯᠭᠡ᠎ᠪᠠᠨ ᠪᠤᠴᠠᠭᠠᠬ᠍ᠰᠡᠨ᠎ᠤ ᠲᠠᠷᠠᠭᠠᠬᠢ ᠮᠠᠯ ᠬᠦᠷᠦᠩᠭᠡ᠎ᠶ᠋ᠢ ᠭᠠᠴᠠᠭᠠᠨ᠎ᠤ ᠬᠠᠮᠳᠦ᠎ᠶ᠋ᠢᠨ ᠠᠵᠦ᠍ ᠠᠬᠤᠢ᠎ᠶ᠋ᠢᠨ ᠰᠠᠭᠤᠷᠢ ᠬᠦᠴᠦᠨ ᠪᠤᠯᠭᠠᠬᠤ᠎ᠪᠠᠷ ᠲᠤᠬ᠍ᠳᠠᠯ᠎ᠠ᠃

《ᠲᠤᠬ᠍ᠳᠠᠭᠠᠯ ᠶᠤᠰᠤᠭᠠᠷ ᠨᠢᠬᠡᠨᠳᠠ 2 ᠵᠢᠯ᠎ᠤᠨ ᠠᠮᠠᠯᠠᠯᠳᠠ᠎ᠪᠠᠨ ᠬᠦᠢᠴᠡᠳᠭᠡᠵᠦ᠍ ᠪᠠᠢᠨ᠎ᠠ᠂ ᠲᠠᠷᠠᠭ᠎ᠠ ᠵᠢᠯ ᠲᠤᠭᠤᠯ᠎ᠢᠶᠠᠨ ᠬᠤᠳᠠᠯᠳᠤᠪᠠᠯ ᠪᠠᠩᠬᠢ᠎ᠶ᠋ᠢᠨ ᠵᠢᠬᠡᠯᠡᠯᠭᠡ ᠪᠤᠯᠤᠨ ᠶᠠᠳᠠᠭᠤ᠎ᠶ᠋ᠢ ᠲᠡᠳᠬᠦᠬᠦ᠌ ᠲᠦᠷᠦᠯ ᠵᠦᠢᠯ᠎ᠤᠨ ᠮᠦᠡᠭ᠌ᠭᠦ᠎ᠶ᠋ᠢ ᠪᠦᠬᠦᠨ᠎ᠢ ᠲᠦᠯᠦᠴᠢᠬᠡᠬᠦ᠌ ᠮᠦᠷᠳᠡᠭᠡᠨ 70 ᠭᠠᠷᠤᠢ ᠦᠨᠢᠶ᠎ᠠ ᠭᠠᠴᠠᠭᠠᠨ᠎ᠤ ᠬᠠᠮᠳᠦ᠎ᠶ᠋ᠢᠨ ᠬᠦᠷᠦᠩᠭᠡ ᠪᠤᠯᠵᠦ᠍ ᠦᠯᠡᠳᠡᠨ᠎ᠠ》 ᠬᠡᠵᠦ᠍ ᠬᠠᠷᠠᠭᠠᠳᠤ ᠭᠠᠴᠠᠭᠠᠨ᠎ᠤ ᠨᠠᠮ᠎ᠤᠨ ᠡᠬᠦᠷ᠎ᠤᠨ ᠱᠦᠵᠢ᠂ ᠭᠠᠴᠠᠭᠠᠨ ᠲᠠᠷᠤᠭ᠎ᠠ ᠮᠦᠡᠭ᠌ᠭᠡᠪᠡᠳᠦ ᠢᠳᠡᠭᠡᠯ ᠲᠡᠬᠦᠯᠳᠡᠷ ᠶᠠᠷᠢᠨ᠎ᠠ᠃ ᠡᠬᠦᠨ᠎ᠢᠶᠠᠷ ᠦᠯᠦ᠍ ᠪᠠᠷᠠᠨ ᠬᠠᠷᠠᠭᠠᠳᠦ ᠭᠠᠴᠠᠭ᠎ᠠ 13.3 ᠲᠦᠮᠠᠨ ᠮᠦ᠍ ᠬᠠᠮᠳᠦ᠎ᠶ᠋ᠢᠨ ᠨᠤᠳᠤᠭ ᠪᠡᠯᠴᠢᠭᠡᠷ᠎ᠢᠶᠠᠨ ᠲᠤᠰᠭᠠᠢ ᠬᠤᠷᠱᠢᠶ᠎ᠠ᠎ᠳᠤ ᠦᠭ᠌ᠴᠦ ᠨᠢᠬᠡᠳᠤᠯᠳᠠᠢ ᠡᠵᠡᠩᠨᠡᠬᠦᠯᠵᠤ᠂ 5.3 ᠲᠦᠮᠠᠨ ᠮᠦ᠍᠎ᠶ᠋ᠢ᠎ᠨᠢ ᠮᠠᠯᠴᠢᠳ᠎ᠲᠠᠭᠠᠨ ᠲᠠᠭᠠᠭᠠᠴᠢᠯᠡᠭᠤᠯᠤᠨ ᠠᠱᠢᠬ᠍ᠯᠠᠭᠤᠯᠵᠦ᠍ ᠪᠠᠢᠭ᠎ᠠ ᠪᠦᠭᠡᠳ 8 ᠲᠦᠮᠡᠨ ᠮᠦ᠍ ᠪᠡᠯᠴᠢᠭᠡᠷ᠎ᠢᠶᠠᠨ ᠮᠦ᠍ ᠪᠦᠷᠢ᠎ᠶ᠋ᠢ 12 ᠲᠦᠬᠦᠷᠢᠭ᠎ᠢᠶᠠᠷ ᠠᠵᠦ᠍ ᠠᠬᠤᠢ᠍ᠢᠯᠠᠯ᠎ᠳᠤ ᠲᠦᠷᠢᠶᠡᠰᠤᠯᠡᠨ ᠦᠭ᠌ᠴᠦ᠂ ᠵᠢᠯ ᠪᠤᠯᠭᠠᠨ 96 ᠲᠦᠮᠡᠨ ᠲᠦᠭᠦᠷᠢᠭ᠎ᠤᠨ ᠤᠷᠤᠯᠭ᠎ᠠ ᠤᠯᠵᠦ᠍᠂ ᠲᠡᠬᠦᠨ᠎ᠤ᠎ᠪᠠᠨ 20% ᠎ᠶ᠋ᠢ᠎ᠨᠢ ᠬᠠᠮᠲᠤ᠎ᠶ᠋ᠢᠨ ᠠᠵᠤ ᠠᠬᠤᠢ᠎ᠶ᠋ᠢᠨ ᠬᠤᠷᠠᠮᠳᠦᠯ ᠪᠤᠯᠭᠠᠨ᠂ 80% ᠎ᠶ᠋ᠢ᠎ᠨᠢ ᠪᠦᠬᠦ᠌ ᠭᠠᠴᠠᠭᠠᠨ᠎ᠤ᠎ᠪᠠᠨ 734 ᠬᠥᠮᠦᠨ᠎ᠳᠤ ᠲᠡᠭ᠌ᠰᠢᠯᠡᠨ ᠬᠤᠪᠢᠶᠠᠵᠦ᠍᠂ ᠬᠠᠮᠳᠤ᠎ᠶ᠋ᠢᠨ ᠠᠵᠦ᠍ ᠠᠬᠤᠢ᠎ᠶ᠋ᠢᠨ ᠠᠱᠢᠬ ᠤᠷᠤᠯᠭ᠎ᠠ᠎ᠶ᠋ᠢ ᠬᠦᠮᠦᠨ ᠪᠦᠬᠦᠨ᠎ᠳᠤ ᠲᠡᠭ᠌ᠰᠢ ᠡᠳ᠋ᠯᠡᠭᠦᠯᠵᠦ᠍ ᠪᠠᠢᠨ᠎ᠠ᠃

ᠵᠠᠬ᠍ᠪᠤᠷ ᠬᠤᠶᠠᠷ᠄ ᠨᠠᠮ᠎ᠤᠨ ᠡᠭᠦᠷ + ᠵᠠᠬ᠎ᠠ ᠲᠡᠯᠭᠡᠭᠦᠷ + ᠮᠠᠯᠵᠢᠬᠤ ᠡᠷᠦᠬᠡ

ᠮᠦᠡᠭ᠌ᠭᠡᠪᠡᠳᠦ ᠪᠤᠯ ᠶᠡᠭᠡ ᠰᠤᠷᠭᠠᠭᠤᠯᠢ᠎ᠪᠠᠨ ᠲᠡᠬᠦᠰᠤᠭᠡᠳ ᠡᠭᠡ ᠨᠤᠳᠤᠭ᠎ᠲᠠᠭᠠᠨ ᠪᠤᠴᠠᠵᠤ ᠮᠠᠯᠴᠢᠨ ᠵᠠᠶᠠᠭ᠎ᠠ᠎ᠪᠠᠨ ᠡᠳ᠋ᠯᠡᠬᠦ᠌᠎ᠶ᠋ᠢᠨ ᠲᠠᠭᠠᠤ ᠭᠠᠴᠠᠭᠠᠨ᠎ᠤ ᠠᠵᠢᠯ᠎ᠳᠤ ᠤᠷᠤᠯᠴᠠᠵᠤ᠂ ᠤᠯᠠᠨ ᠲᠦᠮᠠᠨ᠎ᠤ᠎ᠪᠠᠨ ᠢᠳᠡᠭᠡᠯ ᠨᠠᠢᠳᠠᠪᠦᠷᠢ᠎ᠪᠠᠷ ᠨᠢᠭᠡᠨ ᠮᠦᠷᠦᠨ ᠲᠡᠭᠡᠷ᠎ᠠ ᠬᠤᠤᠰ ᠲᠤᠱᠢᠶᠡᠯ ᠬᠦᠯᠢᠶᠡᠭ᠌ᠰᠡᠨ ᠬᠦᠮᠦᠨ᠎ᠤ ᠨᠢᠭᠡ ᠶᠤᠮ᠃ ᠮᠦᠡᠭ᠌ᠭᠡᠪᠡᠳᠦ᠎ᠶ᠋ᠢᠨ ᠲᠠᠭᠠᠭᠤᠯᠭ᠎ᠠ᠎ᠪᠠᠷ ᠬᠠᠷᠠᠭᠠᠳᠦ ᠭᠠᠴᠠᠭ᠎ᠠ 2016 ᠤᠨ᠎ᠳᠤ ᠡᠵᠢ᠎ᠶ᠋ᠢᠨ ᠭᠤᠪᠢ ᠠᠮᠢᠳᠦ ᠮᠠᠯ᠎ᠤᠨ ᠠᠷᠠᠯᠵᠢᠶᠠᠨ᠎ᠤ ᠵᠠᠬ᠎ᠠ ᠲᠡᠯᠬᠡᠬᠦᠷ᠎ᠢ ᠪᠠᠢᠭᠤᠯᠵᠤ᠂ 《ᠨᠠᠮ᠎ᠤᠨ ᠡᠭᠦᠷ + ᠵᠠᠬ᠎ᠠ ᠳᠡᠯᠭᠡᠭᠦᠷ + ᠮᠠᠯᠵᠢᠬᠤ ᠡᠷᠦᠬᠡ》 ᠎ᠶ᠋ᠢᠨ ᠡᠵᠡᠩᠨᠡᠯᠲᠡ ᠬᠠᠮᠢᠶᠠᠷᠤᠯᠲᠠ᠎ᠶ᠋ᠢᠨ ᠵᠠᠭ᠍ᠪᠤᠷ᠎ᠢ ᠪᠤᠢ ᠪᠤᠯᠭᠠᠵᠠᠢ᠃

ᠰᠠᠨᠠᠵᠦ᠍ ᠶᠠᠪᠤᠪᠠᠯ ᠪᠦᠳᠦᠨ᠎ᠠ᠂ ᠰᠠᠵᠢᠯᠠᠵᠦ᠍ ᠶᠠᠪᠤᠪᠠᠯ ᠬᠦᠷᠦᠨ᠎ᠠ ᠬᠡᠳᠡᠭ᠎ᠢᠶᠠᠷ ᠡᠵᠢ᠎ᠶ᠋ᠢᠨ ᠭᠤᠪᠢ ᠠᠮᠢᠳᠦ ᠮᠠᠯ᠎ᠤᠨ ᠠᠷᠠᠯᠵᠢᠶᠠᠨ᠎ᠤ ᠵᠠᠬ᠎ᠠ ᠲᠡᠯᠬᠡᠬᠦᠷ ᠪᠠᠢᠭᠤᠯᠤᠬ᠍ᠳᠠᠬ᠍ᠰᠡᠨ᠎ᠨᠢ ᠮᠠᠯᠴᠢᠳ᠎ᠤᠨ ᠦᠡᠭ᠌ᠭᠡᠷᠡᠭ᠌ᠰᠡᠨ᠎ᠤ ᠲᠡᠷᠡ ᠬᠦ᠌ ᠮᠠᠯ᠎ᠢᠶᠠᠨ ᠬᠤᠳᠠᠯᠳᠤᠬᠤ᠎ᠳᠤ ᠵᠠᠬ᠎ᠠ ᠲᠡᠯᠭᠡᠭᠦᠷ ᠡᠷᠢᠭᠡᠳ ᠤᠯᠬᠤ ᠦᠭᠡᠢ᠂ ᠠᠷᠭ᠎ᠠ ᠪᠤᠰᠤ ᠶᠠᠪᠤᠭᠤᠯ ᠮᠠᠢᠮᠠᠢᠴᠢᠨ᠎ᠳᠤ ᠲᠤᠤᠷ᠎ᠠ ᠦᠨ᠎ᠡ᠎ᠪᠠᠷ ᠮᠠᠯ᠎ᠢᠶᠠᠨ ᠦᠭ᠌ᠳᠡᠭ ᠰᠠᠨᠠᠭᠠᠴᠢᠯᠠᠭᠠᠳᠤ ᠪᠤᠰᠤ ᠪᠠᠢᠳᠠᠯ᠎ᠢ ᠪᠦᠷᠢᠮᠦᠰᠦᠨ ᠬᠤᠪᠢᠷᠠᠭᠤᠯᠪᠠ᠃ ᠤᠳᠦ ᠲᠤᠰ ᠠᠷᠠᠯᠵᠢᠶᠠᠨ᠎ᠤ ᠵᠠᠬ᠎ᠠ ᠳᠡᠯᠭᠡᠭᠦᠷ ᠨᠠᠢᠳᠠ 338 ᠤᠳᠠᠭ᠎ᠠ ᠠᠷᠠᠯᠵᠢᠶ᠎ᠠ ᠬᠢᠵᠦ᠍᠂ 3.9 ᠲᠦᠮᠡᠡ ᠪᠤᠳᠠ ᠮᠠᠯ ᠪᠠ 10.3 ᠲᠦᠮᠡᠨ ᠪᠣᠭ ᠮᠠᠯ ᠠᠷᠠᠯᠵᠢᠶᠠᠯᠠᠨ᠂ ᠠᠷᠠᠯᠵᠢᠶᠠᠨ᠎ᠤ ᠦᠷᠳᠡᠭ᠎ᠨᠢ 4.15 ᠳ᠋ᠦᠩᠱᠢᠭᠤᠷ ᠲᠥᠭᠦᠷᠢᠭ᠎ᠲᠤ ᠬᠦᠷᠦᠭ᠌ᠰᠡᠨ ᠠᠵᠢ᠃

ᠡᠭᠦᠨ᠎ᠤ ᠮᠠᠯᠴᠢᠳ᠎ᠲᠤ ᠦᠵᠡᠭᠦᠯᠦᠭ᠌ᠰᠡᠨ ᠠᠴᠢ ᠲᠤᠰᠠ᠎ᠶ᠋ᠢ ᠲᠤᠳᠤᠷᠠᠭᠤᠯᠵᠤ ᠬᠡᠯᠡᠪᠡᠯ᠂ ᠮᠠᠯᠴᠢᠳ ᠪᠣᠳᠠ ᠮᠠᠯ ᠨᠢᠭᠡ ᠪᠦᠷᠢ᠎ᠠᠴᠠ ᠲᠤᠮᠳᠡᠴᠢ᠎ᠪᠠᠷ ᠢᠯᠡᠬᠦᠤ 500 — 1000 ᠲᠥᠭᠦᠷᠢᠭ᠎ᠤᠨ ᠤᠷᠤᠯᠭ᠎ᠠ ᠤᠯᠵᠤ᠂ ᠪᠣᠭ ᠮᠠᠯ ᠨᠢᠬᠡ ᠪᠦᠷᠢ᠎ᠠᠴᠠ ᠳᠤᠮᠳᠠᠴᠢ᠎ᠪᠠᠷ ᠢᠯᠡᠬᠦᠤ 50 ᠲᠥᠭᠦᠷᠢᠭ᠎ᠤᠨ ᠤᠷᠤᠯᠭ᠎ᠠ ᠤᠯᠵᠠᠢ; ᠲᠦᠷᠪᠡᠨ ᠤᠯᠠᠷᠢᠯ᠎ᠤᠨ ᠠᠯᠢ ᠴᠠᠬ᠎ᠲᠤ ᠴᠤ᠌ ᠮᠠᠯ᠎ᠢᠶᠠᠨ ᠬᠤᠳᠠᠯᠳᠤᠵᠦ᠍ ᠪᠤᠯᠬᠤ ᠪᠤᠯᠤᠮᠵᠢ᠎ᠲᠠᠢ ᠪᠤᠯᠤᠬ᠍ᠰᠠᠨ ᠪᠤᠯᠬᠤᠷ ᠮᠠᠯᠴᠢᠳ ᠵᠢᠯ ᠴᠠᠭᠠᠨ ᠰᠠᠷ᠎ᠠ ᠤᠢ᠍ᠢᠷᠠᠳᠤᠬ᠍ᠰᠠᠭᠠᠷ ᠭᠠᠷ᠎ᠲᠤᠨᠢ ᠵᠤᠭᠤᠰ ᠮᠦᠡᠭ᠌ᠭᠦ ᠲᠠᠳᠠᠭᠤᠳᠠᠵᠦ᠍᠂ ᠵᠠᠷᠢᠮ᠎ᠨᠢ ᠭᠠᠴᠢᠬ᠍ᠳᠠᠬᠤ᠎ᠳᠠᠭᠠᠨ ᠦᠨᠳᠦᠷ ᠬᠦᠤ᠎ᠲᠠᠢ ᠵᠢᠭᠡᠯᠡᠯᠭᠡ ᠴᠤ᠌ ᠠᠪᠳᠠᠬ ᠪᠠᠢᠳᠠᠯ ᠨᠡᠢᠳᠡᠮ᠎ᠳᠡᠭᠡᠨ ᠬᠠᠷᠠᠬ᠍ᠳᠠᠬᠤ ᠦᠭᠡᠢ ᠪᠤᠯᠵᠠᠢ; ᠭᠠᠴᠠᠭᠠᠨ᠎ᠤ ᠮᠠᠯᠴᠢᠳ ᠲᠡᠷᠭᠡᠳᠡᠬᠢ ᠵᠠᠬ᠎ᠠ ᠲᠡᠯᠭᠡᠭᠦᠷ᠎ᠲᠡᠭᠡᠨ ᠮᠠᠯ᠎ᠢᠶᠠᠨ ᠬᠤᠳᠠᠯᠳᠤᠵᠤ ᠴᠢᠳᠠᠳᠠᠬ ᠪᠤᠯᠤᠬ᠍ᠰᠠᠨ᠎ᠠᠴᠠ ᠲᠦᠰᠦᠭᠡᠯᠡᠵᠦ᠍ ᠪᠤᠳᠤᠪᠠᠯ ᠡᠨᠡ᠎ᠨᠢ ᠤᠳᠤᠬᠠᠨ ᠪᠤᠯᠳᠠᠯ᠎ᠠ ᠮᠠᠯᠴᠢᠳ᠎ᠲᠠᠭᠠᠨ ᠨᠠᠢᠳᠠ 5260 ᠲᠦᠮᠡᠨ ᠲᠥᠭᠦᠷᠢᠭ᠎ᠤᠨ ᠢᠯᠡᠭᠦᠴᠡ ᠵᠠᠷᠤᠯᠭ᠎ᠠ᠎ᠶ᠋ᠢ ᠠᠷᠪᠢᠯᠠᠨ ᠦᠭ᠌ᠬᠦᠭ᠌ᠰᠡᠨ ᠪᠠᠢᠨ᠎ᠠ᠃

ᠵᠠᠬ᠍ᠪᠤᠷ ᠭᠤᠷᠪᠠ᠄ ᠠᠵᠤ ᠠᠬᠤᠢ᠍ᠢᠯᠠᠯ᠎ᠤᠨ ᠪᠡᠯᠡ ᠤᠷᠤᠭᠤᠯᠤᠯᠳᠠ + ᠬᠠᠮᠳᠤ᠎ᠶ᠋ᠢᠨ ᠨᠤᠳᠤᠬ᠎ᠤᠨ ᠬᠤᠪᠢ ᠤᠷᠤᠭᠤᠯᠤᠯᠳᠠ

ᠦᠪᠯᠠᠨ᠎ᠠ ᠬᠡᠳᠡᠭ ᠤᠯᠠᠮᠵᠢᠯᠠᠯᠭ᠎ᠠ᠂ ᠱᠢᠨᠡᠴᠢᠯᠡᠨ᠎ᠠ ᠬᠡᠳᠡᠭ ᠤᠷᠤᠯᠳᠤᠯᠭ᠎ᠠ᠂ ᠪᠦᠳᠦᠭᠡᠨ᠎ᠡ ᠭᠡᠳᠡᠭ ᠴᠢᠷᠮᠠᠢᠯᠭ᠎ᠠ᠂ ᠡᠨᠡ ᠭᠤᠷᠪᠠᠨ ᠡᠷᠴᠢ ᠲᠡᠩᠨᠡᠭ᠌ᠰᠡᠨ ᠬᠤᠢᠰᠢ ᠪᠦᠳᠦᠬᠦ᠌ ᠦᠭᠡᠢ ᠤᠴᠢᠷ ᠬᠡᠵᠦ᠍ ᠪᠠᠰᠠ ᠪᠠᠢᠳᠠᠬ ᠪᠢᠯᠡ ᠤᠤ⁈

ᠬᠠᠷᠠᠭᠠᠲᠤ ᠭᠠᠴᠠᠭ᠎ᠠ᠎ᠶ᠋ᠢᠨ᠎ᠬᠢᠨ 8 ᠲᠦᠮᠡᠨ ᠮᠦ᠍ ᠬᠠᠮᠲᠤ᠎ᠶ᠋ᠢᠨ ᠨᠤᠳᠤᠭ ᠳᠡᠭᠡᠷ᠎ᠡ᠎ᠪᠠᠨ 2000 ᠭᠠᠷᠤᠢ ᠴᠡᠪᠡᠷ ᠡᠭᠦᠯᠳᠡᠷ᠎ᠤᠨ ᠠᠩᠬᠢᠰ ᠦᠬᠡᠷ ᠦᠷᠡᠵᠢᠭᠦᠯᠦᠨ ᠪᠤᠢᠵᠢᠭᠤᠯᠬᠤ ᠬᠦᠴᠤᠨ᠎ᠲᠠᠢ ᠠᠵᠦ᠍ ᠠᠬᠤᠢ᠍ᠢᠯᠠᠯ ᠪᠤᠯᠬᠤ ᠦᠪᠤᠷ ᠮᠤᠩᠭᠤᠯ᠎ᠤᠨ ᠠᠩᠬᠢᠰ ᠦᠭᠡᠷ᠎ᠤᠨ ᠮᠠᠯᠵᠢᠯ᠎ᠤᠨ ᠲᠡᠯᠡᠪᠡᠢ᠎ᠶ᠋ᠢ ᠤᠷᠢᠨ ᠠᠪᠴᠢᠷᠡᠵᠤ ᠨᠤᠳᠤᠭ᠍ᠰᠢᠭᠤᠯᠤᠯ᠎ᠠ᠃ ᠬᠡᠬᠦ᠌᠎ᠳᠡᠭᠡᠨ ᠠᠵᠦ᠍ ᠠᠬᠤᠢ᠍ᠢᠯᠠᠯ᠎ᠠᠴᠠ ᠲᠦᠷᠦᠬᠦᠦ 3 ᠵᠢᠯ᠎ᠳᠤ ᠵᠢᠯ ᠪᠤᠯᠭᠠᠨ 96 ᠲᠦᠮᠠᠨ ᠲᠦᠬᠦᠷᠢᠭ᠎ᠤᠨ ᠲᠦᠷᠢᠶᠡᠰᠤᠨ ᠮᠦᠡᠭ᠌ᠭᠦ ᠲᠤᠱᠢᠶᠡᠵᠦ᠍᠂ ᠲᠦᠷᠪᠡᠳᠤᠬᠡᠷ ᠵᠢᠯ᠎ᠠᠴᠠ ᠡᠬᠢᠯᠡᠨ ᠦᠡᠭ᠌ᠭᠡᠷᠡᠭ᠌ᠰᠡᠨ ᠵᠢᠯ᠎ᠤᠨ᠎ᠢᠶᠠᠨ ᠲᠦᠷᠢᠶᠡᠰᠤᠨ ᠮᠦᠡᠭ᠌ᠭᠦ᠎ᠠᠴᠠ 10% ᠎ᠪᠠᠷ ᠦᠰᠭᠡᠨ ᠲᠤᠱᠢᠶᠡᠬᠤ ᠮᠦᠷᠳᠡᠭᠡᠨ ᠮᠠᠯᠴᠢᠳ᠎ᠢ ᠬᠠᠪᠰᠤᠷᠤᠨ ᠭᠠᠳᠠᠭᠠᠳᠦ᠎ᠠᠴᠠ ᠴᠡᠪᠡᠷ ᠡᠬᠦᠯᠳᠡᠷ᠎ᠤᠨ ᠦᠭᠡᠷ ᠤᠷᠤᠭᠤᠯᠬᠤ ᠪᠠ ᠬᠡᠬᠡᠯ᠎ᠲᠠᠢ ᠠᠩᠬᠢᠰ ᠦᠨᠢᠶ᠎ᠠ᠎ᠶ᠋ᠢ ᠨᠠᠢᠳᠠᠨ ᠲᠡᠵᠢᠭᠡᠯᠬᠡᠵᠦ᠍ ᠤᠷᠤᠯᠭ᠎ᠠ᠎ᠶ᠋ᠢ᠎ᠨᠢ ᠨᠡᠮᠡᠭ᠌ᠳᠡᠬᠦᠯᠬᠦ᠌᠎ᠪᠠᠷ ᠲᠤᠭ᠍ᠳᠠᠵᠤ᠂ ᠡᠨᠡ ᠬᠦ᠌ ᠠᠵᠢᠯ᠎ᠢᠶᠠᠨ ᠨᠢᠭᠡᠨᠳᠡ ᠭᠠᠷᠳᠠᠨ ᠬᠢᠵᠦ᠍ ᠡᠬᠢᠯᠡᠪᠡ᠃

ᠡᠨᠡ ᠲᠤᠬᠠᠢ ᠮᠦᠡᠭ᠌ᠬᠡᠪᠠᠳᠤ ᠱᠦᠵᠢ᠄ 《ᠡᠨᠡ ᠬᠦ᠌ 8 ᠲᠦᠮᠡᠨ ᠮᠦ᠍᠎ᠶ᠋ᠢᠨ ᠬᠠᠮᠳᠤ᠎ᠶ᠋ᠢᠨ ᠨᠤᠳᠤᠭ᠎ᠢ ᠶᠠᠭᠠᠬᠢᠵᠦ᠍ ᠡᠵᠡᠩᠨᠡᠬᠦ᠂ ᠮᠠᠯᠴᠢᠳ᠎ᠲᠠᠭᠠᠨ ᠶᠠᠭᠠᠬᠢᠵᠦ᠍ ᠠᠱᠢᠬ ᠬᠦᠷᠳᠡᠭᠡᠬᠦ᠌ ᠲᠤᠬᠠᠢ ᠪᠢᠳᠡ ᠤᠯᠠᠨᠳᠠ ᠪᠤᠳᠤᠯᠬᠢᠯᠠᠵᠦ᠍ ᠦᠡᠭ᠌ᠭᠡᠷᠡᠵᠠᠢ᠃ ᠮᠠᠯᠴᠢᠳ᠎ᠲᠠᠭᠠᠨ ᠲᠠᠭᠠᠭᠠᠴᠢᠯᠠᠭᠤᠯᠤᠭᠠᠳ ᠦᠭ᠌ᠴᠢᠬᠡᠶ᠎ᠡ ᠭᠡᠬᠦᠯᠡᠷ ᠡᠷᠴᠢᠮᠵᠢᠭᠦᠯᠦᠨ ᠡᠵᠡᠩᠨᠡᠬᠦ᠌ ᠲᠤᠷᠱᠢᠯᠭ᠎ᠠ᠎ᠪᠠᠷ ᠬᠠᠷᠠᠬᠠᠨ ᠮᠡᠭᠦᠰ ᠪᠠᠢᠵᠤ᠂ ᠦᠷ᠎ᠡ ᠠᠱᠢᠬ ᠬᠢᠷᠢ ᠵᠡᠷᠭᠡ ᠪᠤᠯᠬᠤ᠎ᠶ᠋ᠢ ᠮᠡᠳᠡᠬᠦ᠌ ᠦᠬᠡᠢ ᠶᠤᠮ᠃ ᠡᠢᠮᠤ ᠪᠤᠯᠬᠤᠷ ᠲᠤᠷᠱᠢᠯᠭ᠎ᠠ᠎ᠲᠠᠢ᠂ ᠮᠡᠷᠭᠡᠵᠢᠯ᠎ᠲᠠᠢ᠂ ᠠᠵᠤ ᠠᠬᠤᠢ᠎ᠶ᠋ᠢᠨ ᠰᠠᠭᠤᠷᠢ ᠬᠦᠴᠦᠨ᠎ᠲᠠᠢ ᠠᠵᠤ ᠠᠬᠤᠢ᠍ᠢᠯᠠᠯ᠎ᠲᠠᠢ ᠬᠤᠯᠪᠤᠭᠠᠯᠠᠬ᠍ᠰᠠᠨ᠎ᠨᠢ ᠬᠠᠮᠤᠬ᠎ᠤᠨ ᠵᠦᠪ ᠰᠤᠩᠭᠤᠯᠳᠠ ᠪᠤᠯᠤᠯ᠎ᠡ ᠭᠡᠵᠦ᠍ ᠪᠤᠳᠤᠵᠦ᠍ ᠪᠠᠢᠨ᠎ᠠ᠃ ᠮᠠᠯᠴᠢᠳ ᠬᠠᠮᠳᠦ᠎ᠶ᠋ᠢᠨ ᠨᠤᠳᠤᠭ ᠪᠡᠯᠴᠢᠭᠡᠷ᠎ᠤᠨ ᠲᠦᠷᠢᠶᠡᠰᠤᠨ ᠮᠦᠡᠭ᠌ᠭᠦ᠎ᠠᠴᠠ ᠬᠠᠮᠳᠤ᠎ᠳᠠᠭᠠᠨ ᠠᠱᠢᠭ ᠬᠦᠷᠳᠡᠬᠦ᠌ ᠮᠦᠷᠳᠡᠭᠡᠨ ᠠᠵᠤ ᠠᠬᠤᠢ᠍ᠢᠯᠠᠯ᠎ᠠᠴᠠ ᠮᠠᠯ ᠡᠮᠨᠡᠯᠭᠡ᠎ᠶ᠋ᠢᠨ ᠲᠤᠰᠭᠠᠢ ᠮᠡᠷᠭᠡᠵᠢᠯ᠎ᠤᠨ ᠵᠦᠪᠯᠡᠯᠭᠡ ᠪᠠ ᠤᠢ᠍ᠢᠯᠡᠴᠢᠯᠡᠭᠡ ᠵᠡᠷᠭᠡ ᠬᠦᠷᠳᠡᠮᠵᠢ ᠤᠯᠵᠦ᠍ ᠪᠤᠯᠤᠨ᠎ᠠ᠂ ᠪᠠᠰᠠ ᠠᠵᠤ ᠠᠬᠤᠢ᠍ᠢᠯᠠᠯ᠎ᠳᠤ ᠠᠵᠢᠯ ᠬᠢᠵᠤ ᠤᠷᠤᠯᠭ᠎ᠠ᠎ᠪᠠᠨ ᠨᠡᠮᠡᠭ᠌ᠳᠡᠭᠦᠯᠵᠦ᠍ ᠪᠤᠯᠤᠨ᠎ᠠ》 ᠭᠡᠵᠦ᠍ ᠤᠷᠮᠠᠲᠠᠢ ᠶᠠᠷᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号