11 ᠰᠠᠷ᠎ᠠ᠎ᠶ᠋ᠢᠨ 10 ᠤ ᠡᠳᠤᠷ ᠳᠤᠮᠳᠠᠳᠤ ᠤᠯᠤᠰ᠎ᠤᠨ ᠪᠦᠵᠢᠭ᠌ᠴᠢᠳᠤᠨ ᠨᠡᠢᠬᠡᠮᠯᠢᠭ᠂ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠳᠡᠰ᠂ ᠦᠪᠦᠷ ᠮᠤᠩᠭᠤᠯ᠎ᠤᠨ ᠤᠳᠭ᠎ᠠ ᠤᠷᠠᠯᠢᠭ᠎ᠤᠨ᠎ᠬᠢᠨ᠎ᠤ ᠬᠤᠯᠪᠤᠭ᠎ᠠ ᠭᠤᠤᠯᠯᠠᠨ ᠡᠷᠬᠢᠯᠡᠵᠤ᠂ ᠳᠤᠮᠳᠠᠳᠤ ᠤᠯᠤᠰ᠎ᠤᠨ ᠪᠦᠵᠢᠭ᠌ᠴᠢᠳᠤᠨ ᠨᠡᠢᠬᠡᠮᠯᠢᠭ᠎ᠤᠨ ᠤᠨᠤᠯ ᠱᠢᠭᠦᠮᠵᠢ᠎ᠶ᠋ᠢᠨ ᠺᠤᠮᠢᠰ᠂ ᠦᠪᠦᠷ ᠮᠤᠩᠭᠤᠯ᠎ᠤᠨ ᠪᠦᠵᠢᠭ᠌ᠴᠢᠳᠤᠨ ᠨᠡᠢᠬᠡᠮᠯᠢᠭ᠂ ᠦᠪᠦᠷ ᠮᠤᠩᠭᠤᠯ᠎ᠤᠨ ᠦᠨᠳᠦᠰᠦᠲᠡᠨ᠎ᠤ ᠤᠷᠠᠯᠢᠭ ᠵᠦᠴᠦᠭᠡ᠎ᠶ᠋ᠢᠨ ᠬᠦᠷᠢᠶᠡᠯᠡᠩ ᠳᠠᠭᠠᠭᠠᠴᠢᠯᠠᠨ ᠡᠷᠬᠢᠯᠡᠭ᠌ᠰᠡᠨ 《ᠬᠤᠨ ᠭᠠᠯᠠᠭᠤ᠎ᠶ᠋ᠢᠨ ᠦᠨᠳᠦᠷ᠎ᠲᠤ ᠳᠡᠭᠦᠯᠢᠬᠦ᠌ ᠵᠤᠷᠢᠭ ᠰᠠᠨᠠᠭ᠎ᠠ ᠦᠨᠢᠳᠡ ᠮᠦᠩᠬᠡᠷᠡᠨ᠎ᠡ》 ᠬᠡᠮᠡᠬᠦ᠌ ᠵᠢᠶᠠ ᠽᠦᠸᠧ ᠭᠤᠸᠠᠩ ᠠᠪᠤᠭᠠᠢ᠎ᠶ᠋ᠢᠨ ᠪᠦᠵᠢᠭ ᠤᠷᠠᠯᠢᠭ᠎ᠤᠨ ᠦᠨᠳᠦᠷ ᠲᠦᠪᠱᠢᠨ᠎ᠤ ᠶᠠᠷᠢᠶᠠᠨ᠎ᠤ ᠳᠠᠪᠴᠠᠩ ᠬᠦᠬᠡᠬᠤᠳᠠ᠎ᠳᠤ ᠶᠠᠪᠤᠭ᠍ᠳᠠᠪᠠ᠃
ᠶᠠᠷᠢᠶᠠᠨ᠎ᠤ ᠳᠠᠪᠴᠠᠩ᠎ᠳᠤ ᠵᠢᠶᠠ ᠽᠦᠸᠧ ᠭᠤᠸᠠᠩ ᠠᠪᠤᠭᠠᠢ᠎ᠶ᠋ᠢᠨ ᠵᠤᠬᠢᠶᠠᠨ ᠪᠦᠳᠦᠭᠡᠯᠭᠡ᠎ᠶ᠋ᠢᠨ ᠦᠵᠡᠯ ᠰᠠᠨᠠᠭ᠎ᠠ᠎ᠶ᠋ᠢ ᠡᠷᠳᠡᠮ ᠱᠢᠨᠵᠢᠯᠡᠭᠡᠨ᠎ᠤ ᠤᠯᠠᠨ ᠬᠠᠷᠠᠭᠠᠰᠤ᠎ᠠᠴᠠ ᠱᠦᠬᠦᠨ ᠬᠤᠷᠢᠶᠠᠩᠭᠤᠢ᠍ᠢᠯᠠᠵᠤ ᠰᠤᠳᠤᠯᠤᠨ ᠶᠠᠷᠢᠯᠴᠠᠪᠠ᠃ ᠬᠤᠷᠠᠯ᠎ᠳᠤ ᠳᠤᠮᠳᠠᠳᠤ ᠤᠯᠤᠰ᠎ᠤᠨ ᠪᠦᠵᠢᠭ᠌ᠴᠢᠳᠤᠨ ᠨᠡᠢᠬᠡᠮᠯᠢᠭ᠎ᠤᠨ ᠤᠳᠤᠷᠢᠳᠤᠯᠭ᠎ᠠ᠂ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠳᠡᠰ ᠵᠢᠴᠢ ᠤᠳᠭ᠎ᠠ ᠤᠷᠠᠯᠢᠭ᠎ᠤᠨ᠎ᠬᠢᠨ ᠬᠤᠯᠪᠤᠭᠠᠨ᠎ᠤ ᠤᠳᠤᠷᠢᠳᠤᠯᠭ᠎ᠠ᠂ ᠤᠯᠤᠰ᠎ᠤᠨ ᠳᠤᠳᠤᠭᠠᠳᠤ᠎ᠶ᠋ᠢᠨ ᠴᠦᠭᠡᠨ ᠳᠤᠭᠠᠳᠤ ᠦᠨᠳᠦᠰᠦᠲᠡᠨ᠎ᠤ ᠪᠦᠵᠢᠭ ᠤᠷᠠᠯᠢᠭ᠎ᠤᠨ ᠰᠤᠳᠤᠯᠭᠠᠨ᠎ᠤ ᠡᠷᠳᠡᠮᠳᠡᠨ ᠮᠡᠷᠭᠡᠵᠢᠯᠳᠡᠳ ᠬᠢᠬᠡᠳ ᠮᠠᠨ᠎ᠤ ᠤᠯᠤᠰ᠎ᠤᠨ ᠪᠦᠵᠢᠭ ᠤᠷᠠᠯᠢᠭ᠎ᠤᠨ ᠨᠡᠷᠡᠳᠦ ᠤᠨᠤᠯᠴᠢ᠂ ᠪᠦᠵᠢᠭ᠎ᠤᠨ ᠰᠤᠷᠭᠠᠨ ᠬᠦᠮᠦᠵᠢᠯᠳᠡᠨ᠂ ᠠᠯᠳᠠᠷᠳᠤ ᠤᠷᠠᠯᠢᠭ᠍ᠴᠢᠨ ᠵᠢᠶᠠ ᠽᠦᠸᠧ ᠭᠤᠸᠠᠩ᠎ᠤᠨ ᠬᠡᠷ᠎ᠤᠨ ᠬᠦᠮᠦᠰ ᠵᠡᠷᠭᠡ ᠤᠷᠤᠯᠴᠠᠵᠤ᠂ ᠰᠡᠴᠡᠨᠳᠠᠷᠢᠬᠢ᠂ ᠵᠤᠤ ᠯᠢᠨ ᠫᠢᠩ ᠵᠡᠷᠭᠡ 6 ᠪᠦᠵᠢᠭ᠎ᠤᠨ ᠡᠷᠳᠡᠮᠳᠡᠨ᠎ᠠᠴᠠ 《ᠮᠠᠨ᠎ᠤ ᠵᠢᠶᠠ ᠽᠦᠸᠧ ᠭᠤᠸᠠᠩ ᠬᠠᠷᠢᠭᠠᠳ ᠢᠷᠡᠯ᠎ᠡ》᠂ 《ᠵᠢᠶᠠ ᠽᠦᠸᠧ ᠭᠤᠸᠠᠩ᠎ᠤᠨ ᠵᠤᠬᠢᠶᠠᠨ ᠪᠦᠳᠦᠭᠡᠯᠭᠡ᠎ᠶ᠋ᠢᠨ ᠦᠵᠡᠯ ᠰᠠᠨᠠᠭ᠎ᠠ ᠪᠢᠳᠡᠨ᠎ᠢ ᠵᠢᠯᠤᠭᠤᠳᠤᠨ ᠤᠷᠤᠭ᠍ᠰᠢᠯᠠᠨ᠎ᠠ》 ᠵᠡᠷᠭᠡ ᠭᠤᠤᠯ ᠰᠡᠳᠦᠪᠳᠤ ᠶᠠᠷᠢᠶ᠎ᠠ ᠢᠯᠡᠳᠭᠡᠯ ᠬᠢᠪᠡ᠃ ᠶᠠᠷᠢᠶᠠᠨ᠎ᠤ ᠳᠠᠪᠴᠠᠩ᠎ᠳᠤ ᠪᠠᠰᠠ 《ᠪᠦᠵᠢᠭ᠎ᠢᠶᠠᠨ ᠪᠦᠵᠢᠭ᠌ᠯᠡᠨ ᠡᠭᠦᠯᠡᠨ᠎ᠳᠤ ᠠᠭᠤᠯᠵᠠᠶ᠎ᠠ》 ᠭᠡᠬᠦ᠌ ᠱᠢᠭᠤᠳ ᠨᠡᠪᠳᠡᠷᠡᠭᠦᠯᠭᠡ ᠬᠢᠵᠤ᠂ ᠳᠤᠮᠳᠠᠳᠤ ᠤᠯᠤᠰ᠎ᠤᠨ ᠪᠦᠵᠢᠭ᠌ᠴᠢᠳᠤᠨ ᠨᠡᠢᠬᠡᠮᠯᠢᠭ᠎ᠤᠨ ᠳᠡᠷᠢᠭᠦᠯᠡᠭ᠌ᠴᠢ ᠹᠧᠩ ᠱᠤᠸᠠᠩ ᠪᠠᠢ᠂ ᠠᠯᠳᠠᠳᠤ ᠪᠦᠵᠢᠭ᠌ᠴᠢᠨ ᠰᠡᠴᠡᠨᠳᠠᠷᠢᠬᠢ ᠨᠠᠷ ᠱᠢᠭᠤᠳ ᠨᠡᠪᠳᠡᠷᠡᠭᠦᠯᠭᠡ᠎ᠪᠠᠷ ᠵᠢᠶᠠ ᠽᠦᠸᠧ ᠭᠤᠸᠠᠩ ᠠᠪᠤᠭᠠᠢ᠎ᠶ᠋ᠢᠨ ᠤᠳᠭ᠎ᠠ ᠤᠷᠠᠯᠢᠭ᠎ᠤᠨ ᠭᠠᠪᠢᠶ᠎ᠠ ᠵᠢᠳᠭᠦᠯ᠎ᠢ ᠡᠷᠬᠢᠴᠡᠭᠦᠯᠤᠨ᠂ ᠵᠢᠭᠠᠨ ᠰᠤᠷᠭᠠᠯᠳᠠ᠂ ᠵᠤᠬᠢᠶᠠᠨ ᠪᠦᠳᠦᠭᠡᠯᠭᠡ ᠵᠢᠴᠢ ᠤᠨᠤᠯ᠎ᠤᠨ ᠳᠠᠯ᠎ᠠ᠎ᠠᠴᠠ ᠳᠡᠭᠦᠨ᠎ᠤ ᠦᠪᠦᠷ ᠮᠤᠩᠭᠤᠯ᠎ᠤᠨ ᠪᠦᠵᠢᠭ ᠤᠷᠠᠯᠢᠭ᠎ᠤᠨ ᠵᠤᠬᠢᠶᠠᠨ ᠪᠦᠳᠦᠭᠡᠯᠭᠡ᠎ᠳᠤ ᠦᠵᠡᠭᠦᠯᠦᠭ᠌ᠰᠡᠨ ᠠᠴᠢ ᠭᠠᠪᠢᠶ᠎ᠠ᠎ᠶ᠋ᠢ ᠦᠨᠳᠦᠷ ᠦᠨᠡᠯᠡᠬᠦ᠌᠎ᠶ᠋ᠢᠨ ᠬᠠᠮᠳᠤ ᠤᠳᠤᠬᠠᠨ᠎ᠳᠤ ᠤᠷᠤᠱᠢᠵᠤ ᠪᠠᠢᠭ᠎ᠠ ᠠᠰᠠᠭᠤᠳᠠᠯ᠎ᠢ ᠵᠠᠳᠠᠯᠤᠨ ᠱᠢᠨᠵᠢᠯᠡᠪᠡ᠃
ᠵᠢᠶᠠ ᠽᠦᠸᠧ ᠭᠤᠸᠠᠩ ᠠᠪᠤᠭᠠᠢ ᠪᠤᠯ ᠳᠤᠮᠳᠠᠳᠤ ᠤᠯᠤᠰ᠎ᠤᠨ ᠱᠢᠨ᠎ᠡ ᠪᠦᠵᠢᠭ ᠤᠷᠠᠯᠢᠭ᠎ᠤᠨ ᠰᠠᠭᠤᠷᠢᠯᠠᠭ᠍ᠴᠢᠶ᠋ᠢᠨ ᠨᠢᠭᠡ ᠶᠤᠮ᠂ 1947 ᠤᠨ᠎ᠠᠴᠠ ᠡᠬᠢᠯᠡᠨ ᠦᠪᠦᠷ ᠮᠤᠩᠭᠤᠯ ᠤᠷᠤᠨ᠎ᠳᠤ ᠬᠦᠨᠵᠡᠭᠡᠢᠷᠡᠨ ᠮᠤᠩᠭᠤᠯ᠂ ᠳᠠᠭᠤᠷ᠂ ᠤᠷᠴᠤᠨ᠂ ᠡᠸᠡᠩᠬᠢ ᠵᠡᠷᠭᠡ ᠦᠨᠳᠦᠰᠦᠲᠡᠨ᠎ᠤ ᠠᠷᠠᠳ ᠲᠦᠮᠡᠨ᠎ᠤ ᠦᠢᠯᠡᠳᠪᠦᠷᠢᠯᠡᠯ ᠠᠮᠢᠳᠤᠷᠠᠯ᠎ᠠᠴᠠ ᠤᠬᠢ ᠱᠢᠮ᠎ᠡ ᠬᠦᠷᠳᠡᠵᠤ᠂ 《ᠤᠷᠳᠤᠰ ᠪᠦᠵᠢᠭ》᠂ 《ᠮᠤᠷᠢᠨ ᠪᠦᠵᠢᠭ》᠂ 《ᠬᠤᠨᠳᠠᠭᠠᠨ ᠪᠦᠵᠢᠭ》᠂ 《ᠰᠤᠯᠤᠩᠭ᠎ᠠ》 ᠵᠡᠷᠭᠡ 200 ᠭᠠᠷᠤᠢ ᠪᠦᠳᠦᠭᠡᠯ᠎ᠢ ᠵᠤᠬᠢᠶᠠᠨ ᠪᠦᠳᠦᠭᠡᠭ᠌ᠰᠡᠨ ᠪᠠᠢᠨ᠎ᠠ᠃