ᠵᠢᠷᠭᠠᠯ᠎ᠤᠨ ᠪᠡᠯᠭᠡᠲᠦ ᠴᠡᠴᠡᠭ ᠠᠳᠡ᠎ᠠᠴᠠ ᠲᠡᠯᠭᠡᠷᠡᠯ᠎ᠡ
2020-11-16 16:16:54
ᠵᠣᠬᠢᠶᠠᠭ᠍ᠴᠢ᠄
ᠠᠭᠤᠯᠠ
ᠣᠩᠱᠢᠭ᠍ᠰᠠᠨ ᠣᠳᠠᠭ᠎ᠠ᠄
★★★☆☆

— ᠬᠠᠷᠠᠴᠢᠨ ᠬᠤᠱᠢᠭᠤᠨ᠎ᠤ ᠮᠠ ᠠᠨ ᠱᠠᠨ ᠲᠤᠰᠭᠤᠨ᠎ᠤ ᠪᠦᠬᠦ᠌ ᠲᠠᠯ᠎ᠠ᠎ᠶ᠋ᠢᠨ ᠢᠯᠠᠯᠲᠠ᠎ᠶ᠋ᠢ ᠪᠡᠶᠡᠯᠡᠭᠦᠯᠵᠦ᠍ ᠪᠠᠢᠭ᠎ᠠ ᠲᠤᠬᠠᠢ ᠪᠠᠢᠴᠠᠭᠠᠯᠲᠠ


ᠬᠠᠷᠠᠴᠢᠨ ᠬᠤᠱᠢᠭᠤᠨ᠎ᠤ᠎ᠶ᠋ᠢᠨ ᠱᠠᠨ ᠪᠠᠯᠭᠠᠰᠤᠨ᠎ᠤ ᠲᠦᠪ ᠵᠡᠭᠡᠯᠢ᠎ᠠᠴᠠ ᠮᠤᠷᠳᠠᠵᠤ᠂ ᠬᠦᠳᠡᠭᠡ ᠲᠤᠰᠭᠤᠨ᠎ᠤ ᠴᠠᠷᠳᠠᠮᠠᠯ ᠵᠠᠮ᠎ᠢᠶᠠᠷ ᠮᠠ ᠠᠨ ᠱᠠᠨ ᠲᠤᠰᠭᠤᠨ ᠵᠦᠭ ᠴᠢᠭ᠌ᠯᠡᠪᠡᠯ ᠵᠠᠮ ᠲᠠᠭᠠᠤ ᠬᠦᠬᠡᠮᠳᠦᠭ ᠠᠭᠤᠯᠠ ᠰᠦᠨᠳᠡᠷᠯᠡᠨ᠂ ᠤᠳᠠ ᠤᠯᠢᠶᠠᠰᠤ ᠬᠦᠬᠡᠷᠡᠨ ᠨᠤᠭᠤᠭᠠᠷᠠᠵᠤ᠂ ᠰᠤᠷᠭᠤᠭ ᠴᠡᠴᠡᠭ ᠪᠠᠳᠠᠷᠠᠨ ᠲᠡᠯᠭᠡᠷᠡᠵᠦ᠍᠂ ᠪᠠᠢᠱᠢᠩ ᠰᠠᠭᠤᠴᠠ ᠤᠢ ᠮᠤᠳᠤᠨ ᠲᠤᠮᠳᠠ ᠪᠠᠢᠷᠢᠯᠠᠨ᠂ ᠶᠠᠭ ᠯᠡ 《ᠶᠢᠷᠳᠢᠨᠴᠦ᠎ᠶ᠋ᠢᠨ ᠭᠠᠳᠠᠨᠠᠬᠢ ᠲᠤᠭᠤᠷ᠎ᠤᠨ ᠬᠦᠷᠢᠶᠡᠯᠡᠩ》 ᠎ᠳᠤ ᠤᠷᠤᠬ᠍ᠰᠠᠨ ᠮᠡᠳᠦ ᠰᠠᠨᠠᠬ᠍ᠳᠠᠭᠤᠯᠤᠨ᠎ᠠ᠃

ᠮᠠ ᠠᠨ ᠱᠠᠨ ᠲᠤᠰᠭᠤᠨ᠎ᠤ ᠨᠠᠮ ᠪᠠ ᠤᠯᠠᠨ ᠲᠦᠮᠡᠨ᠎ᠤ ᠦᠢᠯᠡᠴᠢᠯᠡᠭᠡᠨ᠎ᠤ ᠲᠦᠪ᠎ᠠᠴᠠ 50 ᠮᠧᠲᠷ ᠵᠠᠢᠳᠠᠢ ᠪᠠᠢᠭ᠎ᠠ ᠲᠤᠮᠤ ᠫᠠᠢᠰᠠᠨ ᠲᠡᠭᠡᠷᠡᠬᠢ 《ᠶᠡᠷᠦᠩᠬᠡᠢ ᠱᠦᠵᠢ ᠮᠠᠨ᠎ᠤ ᠲᠤᠰᠭᠤᠨ᠎ᠳᠤ ᠠᠢᠯᠴᠢᠯᠠᠵᠤ ᠦᠡᠭ᠌ᠭᠡᠷᠡᠪᠡ》 ᠭᠡᠬᠦ᠌ ᠦᠰᠦᠭ᠎ᠨᠢ ᠤᠯᠠᠨ᠎ᠤ ᠠᠩᠬᠠᠷᠤᠯ᠎ᠢ ᠶᠡᠭᠡ ᠲᠠᠳᠠᠵᠤ᠂ ᠡᠨᠡ᠎ᠨᠢ ᠪᠦᠬᠦ᠌ ᠬᠤᠱᠢᠭᠤᠨ᠎ᠤ ᠠᠷᠠᠳ ᠲᠦᠮᠡᠨ᠎ᠤ ᠢᠷᠠᠭᠤ ᠠᠯᠳᠠᠷ᠂ ᠨᠡᠩ ᠴᠦ᠍ ᠮᠠ ᠠᠨ ᠱᠠᠨ ᠲᠤᠰᠭᠤᠨ᠎ᠤ ᠤᠮᠤᠭ᠍ᠰᠢᠯ ᠪᠤᠯᠵᠠᠢ᠃

2019 ᠤᠨ᠎ᠤ 7 ᠰᠠᠷ᠎ᠠ᠎ᠶ᠋ᠢᠨ 15 ᠎ᠤ ᠡᠳᠦᠷ᠂ ᠶᠡᠷᠦᠩᠬᠡᠢ ᠱᠦᠵᠢ ᠰᠢ᠎ᠶ᠋ᠢᠨ ᠫᠢᠩ ᠮᠠ ᠠᠨ ᠱᠠᠨ ᠲᠤᠰᠭᠤᠨ᠎ᠳᠤ ᠠᠢᠯᠴᠢᠯᠠᠵᠤ ᠪᠠᠢᠴᠠᠭᠠᠨ ᠰᠤᠳᠤᠯᠤᠯᠲᠠ ᠬᠢᠪᠡ᠃ ᠶᠡᠷᠦᠩᠬᠡᠢ ᠱᠦᠵᠢ᠎ᠶ᠋ᠢᠨ ᠨᠠᠢᠳᠠᠯᠭ᠎ᠠ᠎ᠪᠠᠷ ᠮᠠ ᠠᠨ ᠱᠠᠨ ᠲᠤᠰᠭᠤᠨ᠎ᠤ ᠨᠠᠮ᠎ᠤᠨ ᠭᠡᠱᠢᠭᠦᠨ ᠺᠠᠳ᠋ᠷ ᠤᠯᠠᠨ ᠲᠦᠮᠡᠨ ᠬᠠᠨᠴᠤᠢ ᠱᠢᠮᠠᠯᠠᠨ ᠱᠢᠷᠭᠠᠭᠤ ᠠᠵᠢᠯᠯᠠᠵᠤ᠂ ᠬᠦᠳᠡᠭᠡ ᠲᠤᠰᠭᠤᠨ᠎ᠢᠶᠠᠨ ᠬᠦᠭ᠌ᠵᠢᠭᠦᠯᠦᠨ ᠮᠠᠨᠳᠤᠭᠤᠯᠬᠤ᠂ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠱᠢᠪᠳᠤᠯᠬᠤ ᠲᠠᠢᠯᠠᠯᠳᠤᠭᠠᠨ᠂ ᠦᠵᠡᠰᠭᠦᠯᠡᠩᠲᠦ ᠰᠠᠢᠬᠠᠨ ᠬᠦᠳᠡᠭᠡ ᠲᠤᠰᠭᠤᠨ᠎ᠢ ᠪᠦᠳᠦᠭᠡᠨ ᠪᠠᠢᠭᠤᠯᠬᠤ᠎ᠪᠠᠷ ᠠᠵᠠ ᠲᠤᠬᠢᠶᠠᠯ ᠪᠤᠯᠭᠠᠨ᠂ ᠬᠦᠭ᠌ᠵᠢᠯᠳᠡ᠎ᠶ᠋ᠢᠨ ᠰᠠᠭᠤᠷᠢ᠎ᠪᠠᠨ ᠲᠠᠰᠤᠷᠠᠯᠲᠠ ᠦᠭᠡᠢ ᠪᠠᠳᠤᠳᠭᠠᠵᠤ᠂ ᠲᠤᠰᠭᠤᠨ᠎ᠤ ᠲᠦᠷᠢ ᠲᠦᠷᠬᠦ᠌᠎ᠪᠠᠨ ᠰᠠᠢᠵᠢᠷᠠᠭᠤᠯᠤᠨ᠂ ᠠᠵᠤ ᠦᠢᠯᠡᠰ᠎ᠤᠨ ᠪᠦᠳᠦᠴᠡ᠎ᠳᠤ ᠲᠤᠬᠢᠷᠠᠭᠤᠯᠤᠯᠲᠠ ᠬᠢᠵᠦ᠍᠂ ᠠᠭᠤᠯᠠᠨ ᠦᠵᠦᠮ ᠪᠠ ᠬᠦᠳᠡᠭᠡ ᠲᠤᠰᠭᠤᠨ᠎ᠤ ᠵᠢᠭᠤᠯᠴᠢᠯᠠᠯ ᠬᠤᠶᠠᠷ ᠲᠤᠮᠤ ᠭᠤᠤᠯᠯᠠᠬᠤ ᠠᠵᠤ ᠦᠢᠯᠡᠰ᠎ᠢ ᠬᠦᠭ᠌ᠵᠢᠭᠦᠯᠵᠦ᠍᠂ 《ᠠᠮᠢ ᠠᠬᠤᠢ᠎ᠶ᠋ᠢᠨ ᠲᠤᠰᠭᠤᠨ᠎ᠢ ᠪᠠᠢᠭᠤᠯᠵᠤ᠂ ᠠᠵᠤ ᠦᠢᠯᠡᠰ᠎ᠢᠶᠠᠷ ᠲᠤᠰᠭᠤᠨ᠎ᠢᠶᠠᠨ ᠪᠠᠶᠠᠵᠢᠭᠤᠯᠤᠨ᠂ ᠵᠢᠭᠤᠯᠴᠢᠯᠠᠯ᠎ᠢᠶᠠᠷ ᠲᠤᠰᠭᠤᠨ᠎ᠢᠶᠠᠨ ᠬᠦᠴᠦᠷᠬᠡᠭ᠌ᠵᠢᠭᠦᠯᠬᠦ᠌》 ᠴᠢᠨᠡᠭᠡᠯᠢᠭ᠌ᠵᠢᠯ᠎ᠤᠨ ᠵᠠᠮ᠎ᠢᠶᠠᠷ ᠵᠠᠮᠨᠠᠯ᠎ᠠ᠃ 

8 ᠰᠠᠷ᠎ᠠ᠎ᠶ᠋ᠢᠨ 13 ᠎ᠤ ᠦᠷᠯᠦᠭᠡ ᠵᠧᠩ ᠵᠢᠶᠧ ᠠᠮᠢ ᠠᠬᠤᠢ᠎ᠶ᠋ᠢᠨ ᠤᠢ ᠬᠠᠮᠠᠭᠠᠯᠠᠬ᠍ᠴᠢ᠎ᠶ᠋ᠢᠨ ᠳᠡᠮᠳᠡᠭ᠎ᠢᠶᠠᠨ ᠵᠡᠬᠦᠵᠦ᠍᠂ ᠦᠪᠡᠷ᠎ᠤᠨ ᠬᠠᠷᠢᠭᠤᠴᠠᠬ᠍ᠰᠠᠨ 1000 ᠭᠠᠷᠤᠢ ᠮᠦ᠍ ᠤᠢ ᠮᠤᠳᠤ᠎ᠪᠠᠨ ᠳᠤᠭᠤᠷᠢᠨ ᠠᠵᠢᠬ᠍ᠯᠠᠪᠠ᠃ ᠬᠦᠳᠡᠯᠮᠦᠷᠢᠯᠡᠬᠦ᠌ ᠴᠢᠳᠠᠪᠤᠷᠢ᠎ᠲᠠᠢ ᠶᠠᠳᠠᠭᠤ ᠬᠦᠴᠢᠷᠳᠡᠯᠳᠠᠢ ᠡᠷᠦᠬᠡ᠎ᠳᠤ ᠤᠢ ᠬᠠᠮᠠᠭᠠᠯᠠᠬ᠍ᠴᠢ᠎ᠶ᠋ᠢᠨ ᠠᠵᠢᠯ᠎ᠤᠨ ᠪᠠᠢᠷᠢ ᠬᠠᠨᠭ᠌ᠭᠠᠬᠤ ᠲᠦᠷᠦ᠎ᠶ᠋ᠢᠨ ᠪᠤᠳᠤᠯᠭ᠎ᠠ᠎ᠶ᠋ᠢᠨ ᠰᠠᠢᠨ᠎ᠢᠶᠠᠷ ᠵᠢᠯ ᠪᠤᠯᠭᠠᠨ ᠳᠦᠮᠡᠨ ᠳᠦᠬᠦᠷᠢᠭ᠎ᠤᠨ ᠴᠠᠯᠢᠩ᠎ᠲᠠᠢ ᠳᠡᠷᠡ ᠰᠡᠳᠭᠢᠯ ᠬᠠᠨᠤᠮᠵᠢᠳᠠᠢ ᠪᠠᠢᠯ᠎ᠠ᠃

ᠬᠦᠬᠡᠮᠳᠦᠭ ᠨᠤᠭᠤᠭᠠᠨ ᠠᠭᠤᠯᠠ ᠤᠰᠤ ᠪᠤᠯ ᠲᠠᠷᠤᠢ ᠠᠯᠳᠠ ᠮᠦᠡᠭ᠌ᠭᠦᠨ ᠠᠭᠤᠯᠠ ᠮᠦᠨ᠃ ᠱᠢᠯᠢᠳᠡᠭ ᠠᠮᠢ ᠠᠬᠤᠢ᠎ᠶ᠋ᠢᠨ ᠤᠷᠴᠢᠨ ᠲᠤᠭᠤᠷᠢᠨ᠎ᠨᠢ ᠮᠠ ᠠᠨ ᠱᠠᠨ ᠲᠤᠰᠭᠤᠨ᠎ᠤ ᠬᠤᠷᠢᠭ᠎ᠠ ᠱᠤᠭᠤᠮ᠎ᠢ ᠰᠠᠬᠢᠵᠤ᠂ ᠬᠦᠭ᠌ᠵᠢᠯᠲᠡ᠎ᠶ᠋ᠢ ᠠᠬᠢᠭᠤᠯᠬᠤ ᠡᠷᠳᠡᠨᠢ ᠪᠤᠯᠵᠠᠢ᠃ ᠤᠯᠤᠰ ᠪᠠᠢᠭᠤᠯᠤᠭ᠍ᠳᠠᠭ᠍ᠰᠠᠨ᠎ᠠᠴᠠ ᠨᠠᠭᠠᠱᠢᠬᠢ 70 ᠵᠢᠯ᠎ᠤᠨ ᠲᠤᠷᠰᠢ ᠮᠠ ᠠᠨ ᠱᠠᠨ ᠲᠤᠰᠭᠤᠨ᠎ᠤ ᠨᠠᠮ᠎ᠤᠨ ᠡᠭᠦᠷ ᠪᠠ ᠲᠤᠰᠭᠤᠨ᠎ᠤ ᠵᠦᠪᠯᠡᠯ ᠠᠮᠢ ᠠᠬᠤᠢ᠎ᠶ᠋ᠢᠨ ᠲᠤᠰᠭᠤᠨ ᠪᠠᠢᠭᠤᠯᠬᠤ᠎ᠪᠠᠷ ᠵᠤᠷᠢᠯᠲᠠ ᠪᠤᠯᠭᠠᠵᠤ᠂ ᠭᠠᠵᠠᠷ ᠤᠷᠤᠨ᠎ᠤ᠎ᠪᠠᠨ ᠪᠤᠳᠠᠳᠤ ᠪᠠᠢᠳᠠᠯ᠎ᠳᠤ ᠲᠤᠬᠢᠷᠠᠭᠤᠯᠤᠨ᠂ ᠤᠢ᠍ᠢᠵᠢᠭᠤᠯᠬᠤ᠎ᠳᠤ ᠳᠤᠬᠢᠷᠠᠮᠵᠢᠳᠠᠢ ᠭᠠᠵᠠᠷ ᠤᠢ᠍ᠢᠵᠢᠭᠤᠯᠬᠤ ᠬᠦᠭ᠌ᠵᠢᠯᠲᠡ᠎ᠶ᠋ᠢᠨ ᠵᠠᠮ᠎ᠢᠶᠠᠷ ᠵᠠᠮᠨᠠᠵᠦ᠍᠂ ᠬᠠᠭᠠᠰ ᠵᠠᠭᠤᠨ᠎ᠤ ᠬᠠᠳᠠᠭᠤᠵᠢᠯᠲᠠᠢ ᠴᠢᠷᠮᠠᠢᠯᠭ᠎ᠠ᠎ᠪᠠᠷ ᠲᠠᠮᠵᠢᠨ ᠭᠤᠷᠪᠠᠨ ᠤᠮᠠᠷᠠᠳᠤ᠎ᠶ᠋ᠢᠨ ᠬᠠᠮᠠᠭᠠᠯᠠᠯᠲᠠ᠎ᠶ᠋ᠢᠨ ᠤᠢ᠂ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ ᠤᠢ᠂ ᠲᠠᠷᠢᠶᠠᠯᠠᠬᠤ᠎ᠶ᠋ᠢ ᠵᠤᠭ᠍ᠰᠤᠭᠠᠨ ᠤᠢ ᠱᠢᠭᠤᠢ᠎ᠶ᠋ᠢ ᠰᠡᠷᠭᠦᠭᠡᠬᠦ᠂ ᠭᠤᠤᠯᠳᠠᠯᠭ᠎ᠠ᠎ᠲᠠᠢ ᠤᠷᠤᠨ ᠪᠦᠰᠡ᠎ᠶ᠋ᠢ ᠨᠤᠭᠤᠭᠠᠷᠠᠭᠤᠯᠬᠤ ᠵᠡᠷᠭᠡ ᠭᠤᠤᠯᠳᠠᠯᠭ᠎ᠠ᠎ᠲᠠᠢ ᠢᠨᠵᠧᠨᠧᠷᠢᠩ᠎ᠢ ᠬᠦᠴᠦᠳᠡᠢ ᠬᠡᠷᠡᠭ᠌ᠵᠢᠭᠦᠯᠵᠦ᠍᠂ ᠮᠠ ᠠᠨ ᠱᠠᠨ ᠲᠤᠰᠭᠤᠨ᠎ᠤ ᠲᠦᠷᠢ ᠲᠦᠷᠬᠦ᠌᠎ᠶ᠋ᠢ ᠨᠢᠭᠡᠮᠦᠰᠦᠨ ᠦᠭᠡᠷᠡᠴᠢᠯᠡᠪᠡ᠃ 

ᠡᠭᠦᠨ᠎ᠤ ᠬᠠᠮᠳᠤ ᠨᠡᠢᠲᠡ᠎ᠶ᠋ᠢᠨ ᠠᠰᠠᠷᠠᠮᠵᠢ᠎ᠶ᠋ᠢᠨ ᠤᠢ ᠱᠢᠭᠤᠢ᠎ᠶ᠋ᠢ ᠬᠠᠮᠢᠶᠠᠷᠤᠨ ᠬᠠᠮᠠᠭᠠᠯᠠᠬᠤ ᠠᠵᠢᠯ᠎ᠢ ᠰᠠᠢᠳᠤᠷ ᠠᠳᠭᠤᠬᠤ᠎ᠶ᠋ᠢᠨ ᠲᠤᠰᠠᠳᠠ ᠮᠠ ᠠᠨ ᠱᠠᠨ ᠲᠤᠰᠭᠤᠨ 2 ᠶᠠᠳᠠᠭᠤ ᠬᠦᠴᠢᠷᠳᠡᠯᠳᠡᠢ ᠡᠷᠦᠬᠡ᠎ᠶ᠋ᠢᠨ᠎ᠬᠢᠨ᠎ᠢ ᠤᠷᠢᠨ ᠬᠡᠷᠡᠭ᠌ᠯᠡᠵᠦ᠍ ᠠᠮᠢ ᠠᠬᠤᠢ᠎ᠶ᠋ᠢᠨ ᠨᠡᠢᠳᠡ᠎ᠶ᠋ᠢᠨ ᠠᠰᠠᠷᠠᠮᠵᠢ᠎ᠶ᠋ᠢᠨ ᠤᠢ᠎ᠶ᠋ᠢᠨ ᠬᠠᠮᠠᠭᠠᠯᠠᠭ᠍ᠴᠢ ᠪᠤᠯᠭᠠᠭ᠍ᠰᠠᠨ ᠪᠠᠢᠨ᠎ᠠ᠂ ᠪᠠᠰᠠ ᠲᠤᠰᠭᠤᠨ᠎ᠤ 20 ᠭᠠᠷᠤᠢ ᠨᠠᠮ᠎ᠤᠨ ᠭᠡᠱᠢᠭᠦᠨ ᠺᠠᠳ᠋ᠷ᠎ᠢ ᠵᠤᠬᠢᠶᠠᠨ ᠪᠠᠢᠭᠤᠯᠵᠤ᠂ ᠤᠢ ᠱᠢᠭᠤᠢ᠎ᠶ᠋ᠢ ᠬᠠᠮᠠᠭᠠᠯᠠᠬᠤ ᠰᠠᠢᠨ ᠲᠤᠷ᠎ᠠ᠎ᠶ᠋ᠢᠨ ᠠᠩᠭᠢ ᠪᠠᠢᠭᠤᠯᠵᠤ᠂ ᠠᠮᠢ ᠠᠬᠤᠢ᠎ᠶ᠋ᠢᠨ ᠡᠬᠢ ᠪᠠᠶᠠᠯᠢᠭ᠎ᠢ ᠬᠠᠮᠠᠭᠠᠯᠠᠬᠤ ᠬᠦᠴᠦᠯᠡᠴᠡ᠎ᠪᠠᠨ ᠨᠡᠮᠡᠭ᠌ᠳᠡᠭᠦᠯᠦᠨ᠂ ᠠᠮᠢ ᠠᠬᠤᠢ᠎ᠶ᠋ᠢᠨ ᠡᠬᠢ ᠪᠠᠶᠠᠯᠢᠭ᠎ᠢ ᠡᠪᠳᠡᠭ᠌ᠰᠡᠨ ᠬᠠᠤᠯᠢ ᠪᠤᠰᠤ ᠠᠵᠢᠯᠯᠠᠭ᠎ᠠ᠎ᠳᠤ ᠴᠤᠬᠢᠯᠲᠠ ᠦᠭ᠌ᠴᠦ᠂ ᠤᠢ ᠱᠢᠭᠤᠢ᠎ᠶ᠋ᠢᠨ ᠡᠬᠢ ᠪᠠᠶᠠᠯᠢᠭ᠎ᠤᠨ ᠠᠮᠤᠷ ᠲᠦᠪᠱᠢᠨ᠎ᠢ ᠦᠨᠡᠨ ᠬᠦ᠌ ᠪᠠᠳᠤᠯᠠᠪᠠ᠃ ᠠᠷᠪᠠ ᠱᠢᠬᠠᠮ ᠵᠢᠯ᠎ᠤᠨ ᠠᠮᠢ ᠠᠬᠤᠢ᠎ᠶ᠋ᠢᠨ ᠪᠦᠳᠦᠭᠡᠨ ᠪᠠᠢᠭᠤᠯᠤᠯᠲᠠ᠎ᠪᠠᠷ ᠲᠠᠮᠵᠢᠨ ᠮᠠ ᠠᠨ ᠱᠠᠨ ᠲᠤᠰᠭᠤᠨ᠎ᠤ ᠤᠢ ᠱᠢᠭᠤᠢ᠎ᠶ᠋ᠢᠨ ᠪᠦᠷᠬᠦᠴᠡ᠎ᠶ᠋ᠢᠨ ᠨᠤᠷᠮ᠎ᠠ 90.2% ᠬᠦᠷᠴᠦ᠍᠂ ᠠᠵᠤ ᠦᠢᠯᠡᠰ᠎ᠤᠨ ᠬᠦᠭ᠌ᠵᠢᠯᠲᠡ᠎ᠳᠤ ᠪᠠᠳᠤ ᠰᠠᠭᠤᠷᠢ ᠲᠠᠯᠪᠢᠵᠠᠢ᠃

ᠵᠠᠩ ᠬᠦᠸᠧ ᠯᠢ᠎ᠶ᠋ᠢᠨ᠎ᠬᠢᠨ ᠪᠤᠯ ᠶᠡᠷᠦᠩᠬᠡᠢ ᠱᠦᠵᠢ᠎ᠶ᠋ᠢᠨ ᠠᠢᠯᠴᠢᠯᠠᠬ᠍ᠰᠠᠨ ᠬᠢᠳᠠᠳ ᠮᠤᠩᠭᠤᠯ ᠮᠠᠨᠵᠦ᠍ ᠭᠤᠷᠪᠠᠨ ᠦᠨᠳᠦᠰᠦᠳᠡᠨ᠎ᠢᠶᠠᠷ ᠪᠦᠷᠢᠯᠳᠦᠭ᠌ᠰᠡᠨ ᠳᠤᠮᠤ ᠬᠡᠷ ᠪᠦᠯᠢ ᠪᠤᠯᠤᠨ᠎ᠠ᠃ ᠳᠡᠷᠡ ᠳᠠᠷᠢᠮᠠᠯ᠎ᠤᠨ ᠪᠦᠳᠦᠴᠡ᠎ᠳᠡᠭᠡᠨ ᠳᠦᠷᠦᠬᠦᠯᠡᠨ ᠳᠤᠬᠢᠷᠠᠭᠤᠯᠤᠯᠳᠠ ᠬᠢᠵᠦ᠍᠂ ᠤᠭ᠎ᠨᠢ ᠡᠯᠳᠡᠪ ᠠᠮᠤ ᠳᠠᠷᠢᠵᠦ᠍ ᠪᠠᠢᠬ᠍ᠰᠠᠨ ᠭᠠᠵᠠᠷ᠎ᠲᠠᠭᠠᠨ ᠠᠭᠤᠯᠠᠨ ᠦᠵᠦᠮ ᠳᠠᠷᠢᠭᠠᠳ ᠤᠷᠴᠢᠮ᠎ᠤᠨ ᠵᠢᠯ᠎ᠠᠴᠠ ᠠᠱᠢᠬ ᠬᠦᠷᠳᠡᠵᠦ᠍᠂ 2019 ᠤᠨ᠎ᠤ ᠤᠷᠤᠯᠭ᠎ᠠ᠎ᠨᠢ 5 ᠲᠦᠮᠡᠡ ᠲᠦᠬᠦᠷᠢᠭ᠎ᠢ ᠳᠠᠪᠠᠭ᠍ᠰᠠᠨ ᠪᠠᠢᠯ᠎ᠠ᠃ 

ᠮᠠ ᠠᠨ ᠱᠠᠨ ᠲᠤᠰᠭᠤᠨ ᠤᠮᠠᠷᠠᠳᠤ ᠦᠷᠭᠡᠷᠢᠭ᠎ᠤᠨ 40 ᠭᠷᠠᠳᠦ᠋ᠰ᠎ᠤᠨ ᠤᠷᠴᠢᠮ ᠪᠠᠢᠷᠢᠯᠠᠵᠤ᠂ ᠡᠳᠦᠷ ᠰᠦᠨᠢ᠎ᠶ᠋ᠢᠨ ᠲᠤᠯᠠᠭᠠᠨ᠎ᠤ ᠵᠦᠷᠢᠶ᠎ᠡ ᠶᠡᠭᠡ᠂ ᠨᠠᠷᠠᠨ᠎ᠤ ᠲᠤᠰᠤᠯᠲᠠ᠎ᠶ᠋ᠢᠨ ᠴᠠᠭ ᠤᠷᠳᠤ ᠤᠴᠢᠷ᠎ᠠᠴᠠ ᠠᠷᠢᠬᠢ ᠨᠡᠷᠡᠬᠦ᠌᠎ᠳᠤ ᠬᠡᠷᠡᠭ᠌ᠯᠡᠳᠡᠭ ᠠᠭᠤᠯᠠᠨ ᠦᠵᠦᠮ ᠲᠠᠷᠢᠵᠤ ᠤᠷᠭᠤᠭᠤᠯᠬᠤ᠎ᠳᠤ ᠮᠠᠰᠢ ᠲᠤᠬᠢᠷᠠᠮᠵᠢᠳᠠᠢ᠃ ᠬᠡᠳᠦᠨ ᠵᠢᠯ᠎ᠤᠨ ᠴᠢᠷᠮᠠᠢᠯᠭ᠎ᠠ᠎ᠪᠠᠷ ᠲᠠᠮᠵᠢᠨ ᠲᠤᠰᠭᠤᠨ᠎ᠤ ᠠᠭᠤᠯᠠᠨ ᠦᠵᠦᠮ᠎ᠤᠨ ᠲᠠᠯᠠᠪᠠᠢ 2016 ᠤᠨ᠎ᠤ 2000 ᠮᠦ᠍᠎ᠠᠴᠠ ᠤᠳᠤ 3500 ᠮᠦ᠍ ᠪᠤᠯᠳᠠᠯ᠎ᠠ ᠨᠡᠮᠡᠭ᠌ᠳᠡᠪᠡ᠃ ᠤᠳᠤ ᠲᠦᠪᠯᠡᠷᠡᠨ ᠵᠠᠯᠭᠠᠯᠳᠤᠭ᠍ᠰᠠᠨ ᠠᠭᠤᠯᠠᠨ ᠦᠵᠦᠮ᠎ᠤᠨ ᠲᠠᠷᠢᠮᠠᠯ᠎ᠤᠨ ᠰᠠᠭᠤᠷᠢᠨ᠎ᠢ ᠪᠠᠢᠭᠤᠯᠵᠤ᠂ ᠮᠦ᠍ ᠪᠦᠷᠢ᠎ᠶ᠋ᠢᠨ ᠤᠨᠠᠯᠲᠠ᠎ᠨᠢ ᠤᠭ᠎ᠤᠨ 1500 ᠵᠢᠩ᠎ᠠᠴᠠ 2000 ᠵᠢᠩ ᠪᠤᠯᠤᠨ ᠨᠡᠮᠡᠭ᠌ᠳᠡᠵᠦ᠍᠂ ᠵᠢᠯ᠎ᠤᠨ ᠦᠢᠯᠡᠳᠬᠦᠨ᠎ᠤ ᠦᠷᠳᠡᠭ 1000 ᠲᠦᠮᠡᠡ ᠳᠦᠬᠦᠷᠢᠭ ᠱᠢᠬᠠᠮ ᠪᠤᠯᠤᠭ᠍ᠰᠠᠨ ᠪᠦᠭᠡᠳ 33 ᠡᠷᠦᠬᠡ 75 ᠬᠦᠮᠦᠨ ᠠᠭᠤᠯᠠᠨ ᠦᠵᠦᠮ ᠵᠠᠢᠯᠠᠵᠤ ᠲᠠᠷᠢᠭᠠᠳ ᠲᠤᠭ᠍ᠳᠠᠭᠤᠨ᠎ᠢᠶᠠᠷ ᠶᠠᠳᠠᠭᠤ᠎ᠠᠴᠠ ᠠᠩᠭᠢᠵᠢᠷᠠᠭ᠍ᠰᠠᠨ ᠪᠠᠢᠨ᠎ᠠ᠃ ᠮᠠ ᠠᠨ ᠱᠠᠨ ᠲᠤᠰᠭᠤᠨ ᠪᠠᠰᠠ 45 ᠲᠦᠮᠡᠨ ᠲᠦᠭᠦᠷᠢᠭ᠎ᠤᠨ ᠲᠦᠷᠦᠯ ᠵᠦᠢᠯ᠎ᠤᠨ ᠪᠡᠯᠡ ᠮᠦᠡᠭ᠌ᠭᠦ ᠭᠠᠷᠭᠠᠵᠤ᠂ ᠶ᠋ᠢᠨ ᠮᠠ ᠠᠨ ᠦᠵᠦᠮ᠎ᠤᠨ ᠠᠷᠢᠬᠢᠨ᠎ᠤ ᠦᠢᠯᠡᠰ᠎ᠤᠨ ᠬᠢᠵᠠᠭᠠᠷᠳᠤ ᠺᠤᠮᠫᠠᠨᠢ᠎ᠳᠤ ᠪᠡᠯᠡ ᠤᠷᠤᠭᠤᠯᠪᠠ᠂ 49 ᠶᠠᠳᠠᠭᠤ ᠬᠦᠴᠢᠷᠳᠡᠯᠳᠡᠢ ᠡᠷᠦᠬᠡ᠂ 116 ᠶᠠᠳᠠᠭᠤ ᠬᠦᠴᠢᠷᠳᠡᠯᠳᠡᠢ ᠬᠦᠮᠦᠰ ᠺᠤᠮᠫᠠᠨᠢ᠎ᠶ᠋ᠢᠨ ᠬᠤᠪᠢ ᠤᠷᠤᠭᠤᠯᠤᠭ᠍ᠴᠢ ᠪᠤᠯᠵᠤ᠂ ᠵᠢᠯ ᠪᠤᠯᠭᠠᠨ ᠬᠦᠮᠦᠨ ᠳᠤᠮᠳᠠᠴᠢ᠎ᠪᠠᠷ 500 ᠲᠦᠭᠦᠷᠢᠭ᠎ᠤᠨ ᠤᠷᠤᠯᠭ᠎ᠠ ᠨᠡᠮᠡᠭ᠌ᠳᠡᠭ᠌ᠰᠡᠨ ᠪᠠᠢᠨ᠎ᠠ᠃ 《ᠠᠭᠤᠯᠠᠨ ᠦᠵᠦᠮ᠎ᠢ ᠳᠠᠷᠢᠬᠤ᠂ ᠠᠷᠢᠬᠢ ᠨᠡᠷᠡᠬᠦ᠂ ᠵᠢᠭᠤᠯᠴᠢᠯᠠᠯ᠎ᠲᠠᠢ ᠬᠤᠯᠪᠤᠯᠳᠤᠬ᠍ᠰᠠᠨ ᠠᠵᠦ᠍ ᠦᠶᠯᠡᠰ ᠪᠤᠯᠭᠠᠨ ᠬᠦᠭ᠌ᠵᠢᠬᠦᠯᠪᠡᠯ ᠳᠤᠰᠭᠤᠨ᠎ᠤ ᠠᠷᠠᠳ᠎ᠤᠨ ᠤᠷᠤᠯᠭ᠎ᠠ ᠤᠯᠠᠮ ᠳᠦᠷᠬᠡᠨ ᠨᠡᠮᠡᠭ᠌ᠳᠡᠬᠦ᠌ ᠪᠤᠯᠤᠨ᠎ᠠ》 ᠬᠡᠵᠦ᠍ ᠮᠠ ᠠᠨ ᠱᠠᠨ ᠳᠤᠰᠭᠤᠨ᠎ᠤ ᠨᠠᠮ᠎ᠤᠨ ᠡᠬᠦᠷ᠎ᠤᠨ ᠱᠦᠵᠢ ᠵᠠᠩ ᠭᠦᠸᠧ ᡁᠢ ᠶᠠᠷᠢᠵᠦ᠍ ᠪᠠᠢᠯ᠎ᠠ᠃ 

ᠤᠳᠤᠬᠠᠨ᠎ᠳᠤ ᠲᠤᠰᠭᠤᠨ᠎ᠤ ᠲᠠᠷᠢᠶᠠᠴᠢᠨ ᠠᠢᠯ᠎ᠤᠨ ᠬᠦᠷᠢᠶᠡᠯᠡᠩ ᠵᠢᠯ᠎ᠳᠤ 10 ᠲᠦᠮᠡ ᠭᠠᠷᠤᠢ ᠵᠢᠭᠤᠯᠴᠢᠯᠠᠭ᠍ᠴᠢᠳ᠎ᠢ ᠬᠦᠯᠢᠶᠡᠨ ᠠᠪᠴᠤ᠌᠂ ᠵᠢᠯ᠎ᠤᠨ ᠤᠷᠤᠯᠭ᠎ᠠ᠎ᠨᠢ ᠪᠠᠷᠤᠭ 260 ᠲᠦᠮᠡᠨ ᠲᠦᠭᠦᠷᠢᠭ᠎ᠲᠤ ᠬᠦᠷᠴᠦ᠍᠂ ᠬᠦᠷᠢᠶᠡᠯᠡᠩ ᠡᠷᠬᠢᠯᠡᠭ᠌ᠰᠡᠨ ᠳᠠᠷᠢᠶᠠᠴᠢᠨ ᠡᠷᠦᠬᠡ᠎ᠶ᠋ᠢᠨ ᠵᠢᠯ᠎ᠤᠨ ᠳᠤᠮᠳᠠᠴᠢ ᠤᠷᠤᠯᠭ᠎ᠠ 15 ᠲᠦᠮᠡᠨ ᠲᠦᠬᠦᠷᠢᠭ᠎ᠲᠤ ᠬᠦᠷᠴᠦ᠍ ᠪᠤᠢ᠃ ᠠᠭᠤᠯᠠᠨ ᠦᠵᠦᠮ᠎ᠤᠨ ᠠᠵᠤ ᠦᠢᠯᠡᠰ ᠪᠤᠯᠤᠨ ᠬᠦᠳᠡᠭᠡ ᠲᠤᠰᠭᠤᠨ᠎ᠤ ᠵᠢᠭᠤᠯᠴᠢᠯᠠᠯ᠎ᠤᠨ ᠦᠢᠯᠡᠰ᠎ᠤᠨ ᠲᠦᠷᠭᠡᠨ ᠬᠦᠭ᠌ᠵᠢᠯᠲᠡ᠎ᠨᠢ ᠮᠠ ᠠᠨ ᠱᠠᠨ ᠲᠤᠰᠭᠤᠨ᠎ᠤ ᠠᠰᠤᠷᠤ ᠶᠡᠭᠡ ᠲᠤᠳᠤᠭᠠᠳᠤ ᠬᠦᠳᠡᠯᠭᠡᠬᠦ᠌ ᠬᠦᠴᠦᠨ ᠪᠤᠯᠵᠤ᠂ ᠲᠤᠰᠭᠤᠨ᠎ᠤ ᠠᠷᠠᠳ᠎ᠤᠨ ᠤᠷᠤᠯᠭ᠎ᠠ᠎ᠶ᠋ᠢ ᠨᠡᠮᠡᠭ᠌ᠳᠡᠭᠦᠯᠦᠭ᠌ᠰᠡᠨ᠎ᠢᠶᠠᠷ ᠪᠠᠷᠠᠬᠤ ᠦᠭᠡᠢ ᠤᠶᠤᠨ ᠰᠠᠨᠠᠭᠠᠨ᠎ᠤ ᠲᠦᠷᠰᠦ ᠪᠠᠢᠳᠠᠯ᠎ᠢ᠎ᠨᠢ ᠴᠦ᠍ ᠤᠯᠠᠮ ᠢᠳᠡᠪᠬᠢᠳᠡᠢ ᠪᠤᠯᠭᠠᠪᠠ᠃

ᠬᠦᠳᠡᠭᠡ ᠲᠤᠰᠭᠤᠨ᠎ᠤ ᠬᠡᠪ ᠵᠠᠩᠱᠢᠯ᠎ᠢ ᠦᠭᠡᠷᠡᠴᠢᠯᠡᠵᠦ᠍ ᠪᠤᠯᠪᠠᠰᠤᠨ ᠱᠢᠨ᠎ᠡ ᠬᠡᠪ ᠰᠤᠷᠳᠠᠯ᠎ᠢ ᠪᠠᠳᠠᠷᠠᠭᠤᠯᠬᠤ ᠪᠤᠯ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠱᠢᠪᠳᠤᠯᠬᠤ ᠲᠠᠢᠯᠠᠯᠳᠤᠭᠠᠨ᠎ᠤ ᠵᠠᠩᠭᠢᠯᠠᠭ᠎ᠠ᠎ᠶ᠋ᠢᠨ ᠨᠢᠭᠡ ᠡᠯᠧᠮᠧᠨ᠋ᠲ ᠮᠦᠨ᠃ ᠮᠠ ᠠᠨ ᠱᠠᠨ ᠲᠤᠰᠭᠤᠨ ᠨᠢᠭᠡ ᠯᠡ ᠵᠢᠯ᠎ᠤᠨ ᠴᠠᠭ ᠵᠠᠷᠤᠴᠠᠭᠤᠯᠵᠤ ᠬᠠᠭᠤᠴᠢᠨ ᠲᠦᠷᠰᠦ ᠪᠠᠢᠳᠠᠯ᠎ᠢᠶᠠᠨ ᠨᠢᠭᠡᠮᠦᠰᠦᠨ ᠦᠭᠡᠷᠡᠴᠢᠯᠡᠵᠦ᠍᠂ ᠱᠢᠨ᠎ᠡ ᠲᠦᠷᠢ ᠲᠦᠷᠬᠦ᠌᠎ᠶ᠋ᠢ ᠱᠤᠭᠤᠭ᠍ᠰᠠᠨ ᠪᠠᠢᠯ᠎ᠠ᠃

ᠠᠭᠤᠯᠠᠨ ᠦᠵᠦᠮ ᠪᠤᠯᠤᠨ ᠬᠦᠳᠡᠭᠡ ᠲᠤᠰᠭᠤᠨ᠎ᠤ ᠵᠢᠭᠤᠯᠴᠢᠯᠠᠯ ᠬᠤᠶᠠᠷ ᠲᠤᠮᠤ ᠭᠤᠤᠯᠯᠠᠬᠤ ᠠᠵᠦ᠍ ᠦᠢᠯᠡᠰ᠎ᠨᠢ ᠮᠠ ᠠᠨ ᠱᠠᠨ ᠲᠤᠰᠭᠤᠨ᠎ᠤ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠱᠢᠪᠳᠤᠯᠬᠤ ᠲᠠᠢᠯᠠᠯᠳᠤᠭᠠᠨ᠎ᠤ ᠭᠤᠤᠯ ᠲᠠᠯᠠᠪᠤᠷ ᠪᠤᠯᠵᠠᠢ᠃ ᠮᠠ ᠠᠨ ᠱᠠᠨ ᠲᠤᠰᠭᠤᠨ ᠪᠠᠰᠠ ᠡᠷᠡᠭᠦᠯ ᠴᠢᠬᠢᠷᠠᠭ᠂ ᠰᠤᠷᠭᠠᠨ ᠬᠦᠮᠦᠵᠢᠯ᠂ ᠠᠮᠢ ᠠᠬᠤᠢ᠂ ᠠᠵᠢᠯ ᠤᠯᠭᠤᠯᠲᠠ᠂ ᠤᠷᠤᠨ ᠰᠠᠭᠤᠴᠠ᠎ᠶ᠋ᠢᠨ ᠪᠠᠳᠤᠯᠠᠭ᠎ᠠ ᠵᠡᠷᠭᠡ ᠶᠠᠳᠠᠭᠤ᠎ᠶ᠋ᠢ ᠲᠡᠳᠭᠦᠬᠦ᠌ ᠠᠷᠭ᠎ᠠ ᠬᠡᠮᠵᠢᠶ᠎ᠡ᠎ᠶ᠋ᠢ ᠶᠡᠷᠦᠩᠬᠡᠢᠯᠡᠨ ᠬᠡᠷᠡᠭ᠌ᠯᠡᠵᠦ᠍᠂ 《ᠬᠠᠷᠠᠯᠳᠠ᠎ᠪᠠᠷ ᠤᠳᠤᠷᠢᠳᠤᠮᠵᠢ ᠪᠤᠯᠭᠠᠨ᠂ ᠡᠷᠦᠬᠡ ᠪᠤᠯᠭᠠᠨ᠎ᠲᠠᠢ ᠵᠦᠪᠯᠡᠵᠦ᠍᠂ ᠤᠯᠠᠨ ᠠᠷᠭ᠎ᠠ ᠬᠡᠮᠵᠢᠶ᠎ᠡ᠎ᠶ᠋ᠢ ᠵᠡᠷᠭᠡ᠎ᠪᠠᠷ ᠴᠢᠬᠤᠯᠠᠴᠢᠯᠠᠵᠤ ᠬᠡᠷᠡᠭ᠌ᠵᠢᠭᠦᠯᠬᠦ᠌》 ᠶᠠᠳᠠᠭᠤ᠎ᠠᠴᠠ ᠠᠩᠭᠢᠵᠢᠷᠠᠭᠤᠯᠬᠤ ᠰᠡᠳᠭᠢᠴᠡ᠎ᠪᠠᠷ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠱᠢᠪᠳᠤᠯᠬᠤ ᠪᠤᠯᠤᠨ ᠬᠦᠳᠡᠭᠡ ᠲᠤᠰᠭᠤᠨ᠎ᠢ ᠬᠦᠭ᠌ᠵᠢᠭᠦᠯᠦᠨ ᠮᠠᠨᠳᠤᠭᠤᠯᠬᠤ᠎ᠶ᠋ᠢ ᠪᠦᠳᠦᠮᠵᠢᠳᠡᠢ ᠵᠤᠯᠭᠠᠯᠴᠠᠭᠤᠯᠪᠠ᠃ ᠪᠦᠬᠦ᠌ ᠲᠤᠰᠭᠤᠨ᠎ᠳᠤ ᠤᠳᠤ ᠲᠠᠩᠰᠠᠯᠠᠵᠤ ᠺᠠᠷᠲᠯᠠᠭ᠍ᠰᠠᠨ 60 ᠶᠠᠳᠠᠭᠤ ᠬᠦᠴᠢᠷᠳᠡᠯᠳᠡᠢ ᠡᠷᠦᠬᠡ᠂ 130 ᠶᠠᠳᠠᠭᠤ ᠬᠦᠴᠢᠷᠳᠡᠯᠳᠡᠢ ᠬᠦᠮᠦᠨ ᠪᠠᠢᠵᠤ᠂ 2016 ᠤᠨ᠎ᠳᠤ 24 ᠡᠷᠦᠬᠡ 51 ᠬᠦᠮᠦᠨ᠂ 2017 ᠤᠨ᠎ᠳᠤ 17 ᠡᠷᠦᠬᠡ 43 ᠬᠦᠮᠦᠨ᠂ 2018 ᠤᠨ᠎ᠳᠤ 14 ᠡᠷᠦᠬᠡ 28 ᠬᠦᠮᠦᠨ᠂ 2019 ᠤᠨ᠎ᠳᠤ 4 ᠡᠷᠦᠬᠡ 7 ᠬᠦᠮᠦᠨ ᠲᠤᠰ ᠲᠤᠰ ᠶᠠᠳᠠᠭᠤ᠎ᠠᠴᠠ ᠠᠩᠭᠢᠵᠢᠷᠠᠵᠤ᠂ ᠱᠢᠨ᠎ᠡ᠎ᠪᠠᠷ ᠲᠤᠳᠤᠯᠠᠭ᠍ᠰᠠᠨ ᠶᠠᠳᠠᠭᠤ ᠬᠦᠴᠢᠷᠳᠡᠯᠳᠡᠢ 1 ᠡᠷᠦᠬᠡ 2 ᠬᠦᠮᠦᠨ ᠡᠨᠡ ᠵᠢᠯ ᠶᠠᠳᠠᠭᠤ᠎ᠠᠴᠠ ᠠᠩᠭᠢᠵᠢᠷᠠᠬᠤ ᠪᠤᠯᠤᠨ᠎ᠠ᠃

ᠱᠦᠢᠨᠢ ᠵᠠᠮ᠎ᠢ ᠮᠠ ᠠᠨ ᠱᠠᠨ ᠲᠤᠰᠭᠤᠨ᠎ᠤ ᠡᠷᠦᠬᠡ ᠪᠤᠯᠭᠠᠨ᠎ᠤ ᠡᠭᠦᠳᠡᠨ᠎ᠳᠤ ᠬᠦᠷᠳᠡᠯ᠎ᠡ ᠵᠠᠰᠠᠵᠤ᠂ ᠤᠰᠤ ᠴᠠᠬᠢᠯᠭᠠᠨ᠂ ᠴᠢᠮᠡᠭᠡ ᠬᠤᠯᠪᠤᠭᠠᠨ᠎ᠤ ᠲᠦᠬᠦᠭᠡᠷᠦᠮᠵᠢ ᠴᠦᠮ ᠢᠵᠢ ᠪᠦᠷᠢᠳᠦᠭ᠌ᠰᠡᠨ ᠪᠠᠢᠨ᠎ᠠ᠃ ᠠᠮᠢ ᠠᠬᠤᠢ ᠬᠢᠬᠡᠳ ᠰᠠᠭᠤᠷᠢ ᠨᠦᠬᠦᠴᠡᠯ᠎ᠨᠢ ᠰᠠᠢᠵᠢᠷᠠᠬ᠍ᠰᠠᠨ ᠰᠠᠢᠬᠠᠨ ᠤᠷᠴᠢᠨ ᠲᠤᠭᠤᠷᠢᠨ᠎ᠨᠢ ᠤᠯᠠᠨ ᠵᠢᠭᠤᠯᠴᠢᠯᠠᠭ᠍ᠰᠠᠳ᠎ᠢ ᠲᠠᠳᠠᠬ᠍ᠰᠠᠨ᠎ᠢᠶᠠᠷ ᠪᠠᠷᠠᠬᠤ ᠦᠬᠡᠢ᠂ ᠭᠠᠳᠠᠭ᠍ᠰᠢ ᠭᠠᠷᠴᠤ᠌ ᠬᠦᠯᠦᠰᠦᠨ ᠠᠵᠢᠯ ᠬᠢᠵᠦ᠍ ᠪᠠᠢᠭ᠎ᠠ ᠮᠠᠰᠢ ᠤᠯᠠᠨ ᠵᠠᠯᠠᠭᠤᠴᠤᠳ ᠨᠤᠳᠤᠭ ᠪᠤᠴᠠᠨ ᠲᠠᠷᠢᠵᠤ ᠲᠡᠵᠢᠭᠡᠬᠦ᠂ ᠡᠯᠧᠺᠲᠷᠤᠨ ᠬᠤᠳᠠᠯᠳᠤᠭ᠎ᠠ᠂ ᠬᠦᠳᠡᠭᠡ ᠲᠤᠰᠭᠤᠨ᠎ᠤ ᠵᠢᠭᠤᠯᠴᠢᠯᠠᠯ ᠵᠡᠷᠬᠡ᠎ᠶ᠋ᠢ ᠡᠷᠬᠢᠯᠡᠨ᠂ ᠮᠠ ᠠᠨ ᠱᠠᠨ ᠲᠤᠰᠭᠤᠨ ᠤᠯᠠᠮ ᠬᠦᠷ ᠬᠦᠭ᠌ᠵᠢᠶᠡᠨᠳᠡᠢ ᠪᠤᠯᠪᠠ᠃ ᠪᠦᠷᠢᠳᠭᠡᠯ᠎ᠢ ᠦᠨᠳᠦᠰᠦᠯᠡᠪᠡᠯ᠂ 2019 ᠤᠨ᠎ᠳᠤ ᠪᠦᠬᠦ᠌ ᠲᠤᠰᠭᠤᠨ᠎ᠤ ᠲᠠᠷᠢᠶᠠᠴᠢᠳ᠎ᠤᠨ ᠬᠦᠮᠦᠨ ᠲᠤᠮᠳᠠᠴᠢ᠎ᠶ᠋ᠢᠨ ᠡᠵᠡᠮᠳᠡᠵᠦ᠍ ᠪᠤᠯᠬᠤ ᠤᠷᠤᠯᠭ᠎ᠠ 14654 ᠲᠦᠭᠦᠷᠢᠭ᠎ᠲᠤ ᠬᠦᠷᠴᠦ᠍᠂ ᠲᠠᠩᠰᠠᠯᠠᠵᠤ ᠺᠠᠷᠲᠯᠠᠭ᠍ᠰᠠᠨ ᠶᠠᠳᠠᠭᠤ ᠬᠦᠴᠢᠷᠳᠡᠯᠳᠡᠢ ᠡᠷᠦᠬᠡ᠎ᠶ᠋ᠢᠨ ᠬᠦᠮᠦᠨ ᠲᠤᠮᠳᠠᠴᠢ᠎ᠶ᠋ᠢᠨ ᠤᠷᠤᠯᠭ᠎ᠠ 11671 ᠲᠦᠭᠦᠷᠢᠭ᠎ᠲᠤ ᠬᠦᠷᠦᠭ᠌ᠰᠡᠨ ᠪᠠᠢᠨ᠎ᠠ᠃

ᠠᠭᠤᠯᠠ ᠤᠰᠤ ᠬᠦᠬᠡᠷᠡᠨ ᠨᠤᠭᠤᠭᠠᠷᠠᠵᠤ᠂ ᠠᠷᠠᠳ᠎ᠤᠨ ᠠᠮᠢᠳᠤᠷᠠᠯ ᠦᠭᠡᠳᠡᠯᠡᠨ ᠴᠢᠨᠡᠭᠡᠯᠢᠭ᠌ᠵᠢᠵᠦ᠍᠂ ᠵᠢᠷᠭᠠᠯ᠎ᠤᠨ ᠪᠡᠯᠭᠡᠲᠦ ᠴᠡᠴᠡᠭ ᠠᠳᠡ᠎ᠠᠴᠠ ᠲᠡᠯᠭᠡᠷᠡᠨ᠂ ᠮᠠ ᠠᠨ ᠱᠠᠨ ᠲᠤᠰᠭᠤᠨ᠎ᠤ ᠠᠷᠠᠳ ᠲᠦᠮᠡᠨ ᠦᠪᠡᠷ᠎ᠤᠨ ᠨᠤᠳᠤᠭ᠎ᠲᠠᠭᠠᠨ ᠱᠢᠨ᠎ᠡ ᠬᠦᠳᠡᠭᠡ ᠲᠤᠰᠭᠤᠨ᠎ᠢ ᠪᠦᠳᠦᠭᠡᠨ ᠪᠠᠢᠭᠤᠯᠬᠤ ᠱᠢᠨ᠎ᠡ ᠨᠢᠭᠡᠨ ᠬᠠᠭᠤᠳᠠᠰᠤ᠎ᠶ᠋ᠢ ᠪᠢᠴᠢᠭ᠌ᠯᠡᠭ᠌ᠰᠡᠭᠡᠷ᠃ 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠶᠥᠩ ᠬᠤᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号