ᠡᠬᠡ ᠤᠯᠤᠰ᠎ᠤᠨ ᠮᠠᠨᠢ ᠤᠮᠠᠷᠠᠳᠤ ᠬᠢᠯᠢ᠂ ᠦᠵᠦᠬᠦᠷ ᠬᠢᠵᠠᠭᠠᠷ᠎ᠨᠢ ᠬᠠᠷᠠᠬ᠍ᠳᠠᠬᠤ ᠦᠬᠡᠢ ᠦᠷᠬᠡᠨ ᠭᠤᠪᠢ᠃ ᠠᠯᠠᠱᠠ ᠠᠢᠮᠠᠬ᠎ᠤᠨ ᠠᠯᠠᠱᠠ ᠪᠠᠷᠠᠭᠤᠨ ᠬᠤᠱᠢᠭᠤᠨ᠎ᠤ ᠲᠠᠩᠰᠤᠬ᠍ᠪᠤᠯᠠᠬ ᠪᠠᠯᠭᠠᠰᠤ᠎ᠶ᠋ᠢᠨ ᠡᠩᠬᠡᠷᠡᠤᠰᠤ ᠭᠠᠴᠠᠭ᠎ᠠ᠎ᠶ᠋ᠢᠨ ᠮᠠᠯᠴᠢᠨ ᠨᠢᠮ᠎ᠠ ᠨᠠᠷᠬᠢᠮ᠎ᠠ ᠵᠠᠯᠠᠭᠤ ᠨᠠᠰᠤᠨ᠎ᠠᠴᠠ᠎ᠪᠠᠨ ᠴᠡᠯ ᠪᠤᠭᠤᠷᠤᠯ ᠪᠤᠯᠳᠠᠯ᠎ᠠ ᠬᠢᠯᠢ ᠨᠣᠳᠤᠭ᠎ᠢᠶᠠᠨ ᠰᠠᠬᠢᠨ ᠬᠠᠮᠠᠭᠠᠯᠠᠵᠣ᠂ ᠦᠳᠡᠯᠬᠦ᠌᠎ᠶ᠋ᠢᠨ ᠦᠵᠦᠬᠦᠷ ᠬᠦᠦ ᠬᠠᠳᠠᠪᠦ᠋ᠬᠡ᠎ᠳᠡᠭᠡᠨ ᠬᠢᠯᠢ ᠰᠠᠬᠢᠬᠤ ᠠᠷᠢᠭᠤᠨ ᠲᠠᠷᠬᠠᠨ ᠡᠬᠦᠷᠬᠡ᠎ᠪᠠᠨ ᠲᠤᠱᠢᠶᠠᠵᠤ᠂ ᠬᠤᠶᠠᠷ ᠦᠶ᠎ᠡ᠎ᠪᠠᠷ᠎ᠢᠶᠠᠨ ᠬᠢᠯᠢ ᠨᠣᠳᠤᠭ᠎ᠢᠶᠠᠨ ᠰᠠᠬᠢᠵᠤ ᠮᠠᠨᠠᠬ᠍ᠰᠠᠨ ᠬᠦᠮᠦᠨ᠎ᠤ ᠰᠡᠳᠭᠢᠯ᠎ᠢ ᠬᠦᠳᠡᠯᠬᠡᠮ᠎ᠡ ᠦᠯᠢᠬᠡᠷ ᠦᠢᠯᠡ᠎ᠨᠢ ᠬᠤᠯᠠ ᠤᠢ᠍ᠢᠷ᠎ᠠ᠎ᠶ᠋ᠢᠨ ᠬᠦᠮᠦᠰ᠎ᠤᠨ ᠬᠦᠨᠳᠦᠳᠭᠡᠯ ᠰᠠᠢᠱᠢᠶᠠᠯ᠎ᠢ ᠤᠯᠵᠤ᠂ ᠦᠯᠢᠬᠡᠷ ᠵᠢᠱ᠌ᠢᠶᠡᠴᠢ ᠦᠢᠯᠡ ᠶᠠᠪᠤᠳᠠᠯ᠎ᠨᠢ ᠦᠷᠬᠡᠨ ᠲᠡᠨᠢᠬᠡᠷ ᠭᠤᠪᠢ᠎ᠠᠴᠠ ᠡᠬᠡ ᠤᠯᠤᠰ᠎ᠤᠨ ᠦᠨᠴᠦᠭ ᠪᠤᠯᠤᠩ ᠬᠦᠷᠳᠡᠯ᠎ᠡ ᠣᠯᠠᠮᠵᠢᠯᠠᠭ᠍ᠳᠠᠨ ᠲᠠᠭᠤᠷᠢᠰᠤᠨ᠎ᠠ᠃

ᠨᠢᠬᠡ ᠨᠠᠰᠤᠨ᠎ᠤ ᠰᠠᠬᠢᠨ ᠪᠠᠷᠢᠮᠳᠠᠯᠠᠯ — ᠤᠷᠴᠢᠯᠠᠩ᠎ᠳᠤ ᠭᠠᠭ᠍ᠴᠠᠬᠠᠨ ᠤᠯᠳᠠᠬᠤ ᠵᠠᠯᠠᠭᠤ ᠨᠠᠰᠤ᠎ᠪᠠᠨ ᠠᠯᠳᠠᠨ ᠬᠢᠯᠢ᠎ᠪᠠᠨ ᠰᠠᠬᠢᠬᠤ ᠦᠢᠯᠡᠰ᠎ᠲᠤ ᠡᠷᠬᠦᠵᠦ᠍ ᠡᠵᠡᠬᠦᠢ ᠵᠡᠯᠢᠬᠦᠳ ᠬᠢᠯᠢ ᠨᠤᠳᠤᠬᠢ ᠡᠳᠦᠷᠵᠢᠨ ᠰᠦᠨᠢᠵᠢᠨ ᠰᠠᠬᠢᠵᠤ ᠬᠠᠮᠠᠭᠠᠯᠠᠨ᠎ᠠ
12 ᠰᠠᠷ᠎ᠠ᠎ᠶ᠋ᠢᠨ 17 ᠤ ᠡᠳᠦᠷ ᠪᠢᠳᠡ ᠨᠢᠮ᠎ᠠ ᠨᠠᠰᠣᠳᠠᠨ᠎ᠢ ᠰᠤᠷᠪᠤᠯᠵᠢᠯᠠᠬᠤ ᠲᠠᠭᠠᠭᠠᠯᠭᠠᠪᠤᠷᠢ ᠠᠪᠴᠤ᠌᠂ ᠡᠵᠡᠨ᠎ᠡ ᠬᠤᠱᠢᠭᠤᠨ᠎ᠤ ᠲᠦᠪ ᠲᠠᠯᠠᠢᠬᠦ᠋ᠪ ᠪᠠᠯᠭᠠᠰᠤᠨ᠎ᠠᠴᠠ ᠮᠤᠷᠳᠠᠵᠤ᠂ 200 ᠭᠠᠷᠤᠢ ᠺᠢᠯᠦᠮᠧᠲᠷ ᠲᠠᠪᠬᠢᠭᠤᠯᠤᠨ ᠠᠯᠠᠱᠠ ᠪᠠᠷᠠᠭᠤᠨ ᠬᠤᠱᠢᠭᠤᠨ᠎ᠤ ᠲᠠᠩᠰᠤᠬ᠍ᠪᠤᠯᠠᠬ ᠪᠠᠯᠭᠠᠰᠤᠨ᠎ᠤ ᠤᠢ᠍ᠢᠷᠠᠯᠴᠠᠭᠠᠬᠢ 《448》 ᠬᠡᠬᠦ᠌ ᠲᠤᠮᠤ ᠠᠴᠢᠶᠠᠨ᠎ᠤ ᠮᠠᠱᠢᠨ᠎ᠤ ᠵᠢᠯᠤᠭᠤᠴᠢᠳ᠎ᠤᠨ ᠠᠮᠠᠷᠠᠵᠤ ᠦᠳᠡᠯᠡᠬᠦ᠌ ᠦᠷᠳᠡᠭᠡ᠎ᠪᠠᠷ ᠦᠩᠬᠡᠷᠡᠵᠦ᠍ ᠲᠠᠬᠢᠨ ᠴᠢᠨᠠᠬ᠍ᠰᠢ ᠳᠠᠪᠬᠢᠯ᠎ᠠ᠃ ᠰᠤᠷᠪᠤᠯᠵᠢᠯᠠᠬ᠍ᠴᠢ ᠲᠡᠷᠬᠡᠨ᠎ᠤ ᠴᠤᠩᠬᠤ᠎ᠪᠠᠷ ᠲᠦᠷᠪᠡᠨ ᠵᠦᠭ᠎ᠢ ᠪᠠᠷᠠᠯᠠᠪᠠᠯ᠂ ᠦᠷᠬᠡᠨ ᠶᠡᠭᠡ ᠭᠤᠪᠢ ᠬᠢᠵᠠᠭᠠᠷ ᠦᠬᠡᠢ ᠨᠡᠯᠦ᠋ᠢᠨ ᠴᠡᠯᠡᠢᠵᠦ᠍᠂ ᠡᠯᠡᠰᠦᠨ ᠴᠤᠬᠢᠶ᠎ᠠ ᠬᠤᠢᠨ᠎ᠠ ᠬᠤᠢᠨ᠎ᠠ᠎ᠪᠠᠨ ᠵᠠᠯᠭᠠᠯᠳᠤᠨ ᠬᠠᠷᠠᠬ᠍ᠳᠠᠵᠤ᠂ ᠭᠠᠭ᠍ᠴᠠ ᠬᠦ᠌ ᠮᠠᠱᠢᠨ᠎ᠤ ᠴᠢᠮᠡᠭᠡ᠎ᠠᠴᠠ ᠪᠤᠰᠤᠳ ᠡᠷᠬᠢᠨ ᠲᠤᠭᠤᠷᠢᠨ ᠶᠠᠮᠠᠷ ᠴᠤ᠌ ᠴᠢᠮᠡᠭᠡ ᠠᠨᠢᠷ ᠦᠬᠡᠢ᠃ ᠬᠡᠨᠡᠳᠳᠡ ᠲᠡᠷᠬᠡᠨ᠎ᠤ ᠡᠮᠦᠨᠡᠬᠦᠷ ᠲᠤᠮᠤ ᠬᠠᠷ᠎ᠠ ᠬᠡᠷᠢᠶ᠎ᠠ ᠨᠢᠰᠦᠨ ᠦᠩᠬᠡᠷᠡᠵᠦ᠍᠂ ᠠᠳᠠ ᠠᠮᠢᠳᠠᠨ ᠵᠢᠭᠦᠷᠳᠡᠨ ᠪᠠᠢᠬᠤ᠎ᠶ᠋ᠢ ᠬᠦᠮᠦᠰ᠎ᠲᠤ ᠰᠠᠨᠠᠭᠤᠯᠣᠨᠡ᠃ ᠰᠠᠭᠤᠬ᠍ᠰᠠᠨ ᠮᠠᠱᠢᠨ ᠭᠤᠪᠢ᠎ᠶ᠋ᠢᠨ ᠵᠠᠮ᠎ᠢᠶᠠᠷ ᠲᠡᠮᠳᠦᠴᠢᠨ ᠶᠠᠪᠤᠬ᠍ᠰᠠᠭᠠᠷ ᠪᠠᠢᠳᠠᠯ᠎ᠠ᠂ ᠬᠠᠷᠠᠭᠠᠨ᠎ᠤ ᠦᠵᠦᠬᠦᠷ᠎ᠲᠤ ᠬᠡᠳᠦᠨ ᠮᠤᠳᠤ ᠬᠠᠷᠠᠬ᠍ᠳᠠᠵᠤ᠂ ᠲᠠᠬᠢᠭᠠᠳ ᠭᠠᠳᠠᠨ᠎ᠠ᠎ᠪᠠᠨ ᠵᠠᠬ᠎ᠤᠨ ᠲᠦᠯᠡᠭᠡ᠎ᠶ᠋ᠢ ᠲᠡᠷᠢ ᠲᠡᠭ᠌ᠰᠢᠬᠡᠨ ᠤᠪᠤᠭᠠᠯᠠᠬ᠍ᠰᠠᠨ ᠠᠢᠯ ᠬᠤᠳᠠ᠎ᠶ᠋ᠢᠨ ᠪᠠᠷ᠎ᠠ ᠦᠵᠡᠭ᠌ᠳᠡᠵᠦ᠍᠂ ᠤᠳᠠᠯ ᠦᠬᠡᠢ ᠬᠠᠶᠠᠭᠠᠨ᠎ᠳᠤᠨᠢ ᠲᠤᠯᠵᠤ ᠤᠴᠢᠯ᠎ᠠ᠃ ᠠᠳᠡᠬᠢ ᠪᠤᠯ ᠮᠠᠨ᠎ᠤ ᠵᠤᠷᠢᠵᠤ ᠶᠠᠪᠤᠬ᠍ᠰᠠᠨ ᠮᠠᠯᠴᠢᠨ ᠨᠢᠮ᠎ᠠ᠎ᠶ᠋ᠢᠨ᠎ᠬᠢ᠃ ᠪᠢᠳᠡ ᠭᠤᠤᠯ᠎ᠳᠠᠭᠠᠨ ᠲᠦᠷᠪᠡᠨ ᠲᠠᠰᠤᠯᠭ᠎ᠠ ᠪᠠᠢᠱᠢᠩ᠎ᠲᠠᠢ ᠬᠦᠷᠢᠶᠡᠨ ᠡᠬᠦᠳᠡ᠎ᠪᠠᠷ ᠲᠤᠳᠤᠬ᠍ᠰᠢᠯᠠᠪᠠᠯ᠂ ᠬᠡᠷ᠎ᠠᠴᠠ ᠴᠡᠯ ᠪᠤᠭᠤᠷᠤᠯ ᠪᠤᠯᠤᠬ᠍ᠰᠠᠨ ᠨᠢᠮ᠎ᠠ ᠨᠠᠰᠣᠳᠠᠨ ᠮᠠᠢᠵᠢᠬᠢᠨᠠᠨ ᠠᠯᠬᠤᠬ᠍ᠰᠠᠭᠠᠷ ᠭᠠᠷᠴᠤ᠌ ᠢᠷᠡᠪᠡ᠃ ᠮᠡᠨᠳᠦ ᠤᠰᠤ᠎ᠪᠠᠨ ᠮᠡᠳᠡᠯᠴᠡᠵᠦ᠍ ᠨᠢᠮ᠎ᠠ ᠮᠠᠨᠢ ᠬᠡᠷ᠎ᠲᠡᠭᠡᠨ ᠤᠷᠢᠵᠤ ᠤᠷᠤᠭᠤᠯᠤᠭᠠᠳ᠂ ᠭᠤᠪᠢ᠎ᠶ᠋ᠢᠨ ᠮᠠᠯᠴᠢᠳ᠎ᠤᠨ ᠵᠤᠴᠢᠨᠰᠠᠬ ᠵᠠᠩ᠎ᠢᠶᠠᠷ ᠬᠠᠷ᠎ᠠ ᠴᠠᠢ ᠠᠶᠠᠭᠠᠯᠠᠵᠤ᠂ ᠲᠠᠪᠠᠬ ᠲᠦᠬᠦᠷᠡᠩ ᠪᠤᠤᠪᠤ᠎ᠪᠠᠨ ᠱᠢᠷᠡᠭᠡᠨ ᠲᠡᠭᠡᠷ᠎ᠡ ᠦᠷᠦᠯᠠ᠃ ᠪᠢᠳᠡ ᠨᠢᠮ᠎ᠡ ᠨᠠᠰᠣᠳᠠᠨ᠎ᠲᠠᠢ ᠬᠤᠯᠠ ᠤᠢ᠍ᠢᠷ᠎ᠡ᠎ᠶ᠋ᠢᠨ ᠵᠤᠭᠤᠬ ᠲᠡᠯᠭᠡᠬᠦ᠌ ᠵᠠᠭᠤᠷ᠎ᠠ ᠵᠤᠭᠤᠬ᠎ᠤᠨ ᠦᠵᠦᠬᠦᠷ ᠦᠪᠡᠷ᠎ᠤᠨ ᠡᠷᠬᠡ ᠦᠬᠡᠢ ᠲᠡᠬᠦᠨ᠎ᠤ ᠡᠬᠢᠯᠡᠨ ᠬᠢᠯᠢ ᠰᠠᠬᠢᠬ᠍ᠰᠡᠨ ᠲᠡᠭᠡᠷ᠎ᠡ ᠵᠠᠭᠤᠨ᠎ᠤ ᠲᠠᠯᠠᠭᠠᠳ ᠤᠨ᠎ᠤ ᠲᠡᠷᠳᠡᠭᠡ ᠬᠦᠷᠦᠯ᠎ᠡ᠃
ᠨᠢᠮ᠎ᠠ ᠲᠠᠩᠰᠤᠬ᠍ᠪᠤᠯᠠᠬ ᠪᠠᠯᠭᠠᠰᠤᠨ᠎ᠤ ᠬᠤᠢᠳᠤ ᠪᠡᠶ᠎ᠡ᠎ᠶ᠋ᠢᠨ ᠡᠯᠡᠰᠦᠨ᠎ᠳᠠᠬᠢ ᠤᠷᠬᠢᠯ ᠬᠡᠮᠡᠬᠦ᠌ ᠭᠠᠵᠠᠷ ᠲᠦᠷᠦᠵᠡᠢ᠃ ᠲᠡᠭᠡᠷ᠎ᠡ ᠵᠠᠭᠤᠨ᠎ᠤ ᠲᠠᠯᠠᠭᠠᠳ ᠤᠨ᠎ᠤ ᠦᠶ᠎ᠡ᠎ᠳᠤ᠂ ᠡᠬᠡ ᠤᠯᠤᠰ᠎ᠤᠨ ᠬᠢᠯᠢ᠎ᠶ᠋ᠢᠨ ᠬᠠᠮᠠᠭᠠᠯᠠᠯᠳᠠ᠎ᠶ᠋ᠢᠨ ᠠᠮᠤᠷ ᠲᠦᠪᠱᠢᠨ᠎ᠤ ᠲᠤᠯᠠᠳᠠ ᠠᠯᠠᠱᠠ ᠪᠠᠷᠠᠭᠤᠨ ᠬᠤᠱᠢᠭᠤᠨ᠎ᠤ᠎ᠬᠢᠨ ᠡᠯ᠎ᠡ ᠭᠠᠴᠠᠭᠠᠨ᠎ᠠᠴᠠ ᠱᠢᠯᠢᠳᠡᠭ ᠬᠡᠷ ᠪᠦᠯᠢ᠎ᠶ᠋ᠢᠨ᠎ᠬᠢᠨ᠎ᠢ ᠰᠤᠩᠭᠤᠨ ᠬᠢᠯᠢ ᠳᠠᠭᠠᠣ ᠤᠷᠤᠨ᠎ᠳᠤ ᠳᠣᠮᠢᠯᠠᠨ ᠬᠢᠯᠢ ᠰᠠᠬᠢᠭᠤᠯᠬᠤ᠎ᠪᠠᠷ ᠪᠤᠯᠪᠠ᠃ ᠲᠦᠷᠦᠬᠦᠤ ᠪᠦᠯᠦᠭ ᠬᠢᠯᠢ ᠰᠠᠬᠢᠭᠤᠯᠬᠤ ᠬᠡᠷ ᠪᠦᠯᠢ᠎ᠶ᠋ᠢᠨ᠎ᠬᠢᠨ᠎ᠤ ᠨᠡᠷᠡᠰ᠎ᠲᠤ ᠨᠢᠮ᠎ᠠ᠎ᠶ᠋ᠢᠨ ᠨᠡᠷ᠎ᠡ ᠪᠠᠭ᠍ᠳᠠᠯᠴᠠᠵᠠᠢ᠃ 1971 ᠤᠨ᠎ᠤ ᠲᠤᠮᠳᠠᠴᠢ᠎ᠪᠠᠷ᠂ ᠤᠤᠯ᠎ᠤᠨ ᠰᠦᠮᠪᠦᠷ ᠰᠤᠮᠤᠨ᠎ᠤ ᠵᠡᠪᠰᠡᠭ᠌᠎ᠳᠦ ᠬᠦᠴᠦᠨ᠎ᠤ ᠬᠡᠯᠳᠡᠰ᠎ᠤᠨ ᠲᠠᠷᠤᠭ᠎ᠠ ᠦᠪᠡᠷ᠎ᠤᠨ ᠪᠡᠶ᠎ᠡ᠎ᠪᠠᠷ᠎ᠢᠶᠠᠨ ᠬᠡᠷ᠎ᠲᠤ᠎ᠨᠢ ᠬᠦᠷᠴᠦ᠍ ᠨᠢᠮ᠎ᠠ᠎ᠳᠤ ᠬᠡᠷ᠎ᠢᠶᠠᠨ ᠬᠢᠯᠢ ᠳᠠᠭᠠᠣ ᠭᠠᠵᠠᠷ᠎ᠲᠤ ᠨᠡᠬᠦᠯᠬᠡᠵᠦ᠍ ᠬᠢᠯᠢ ᠰᠠᠬᠢᠬᠤ ᠲᠤᠬᠠᠢ ᠮᠡᠳᠡᠭ᠌ᠳᠡᠪᠡ᠃ ᠨᠢᠮ᠎ᠠ ᠦᠴᠦᠭᠡᠨ ᠴᠤ᠌ ᠡᠷᠡᠬᠡᠯᠵᠡᠯ ᠦᠬᠡᠢ᠎ᠪᠠᠷ ᠡᠨᠡ ᠬᠦ᠌ ᠢᠷᠠᠭᠤ ᠠᠯᠳᠠᠷᠳᠠᠢ ᠪᠦᠬᠡᠳ ᠪᠡᠷᠬᠡ ᠬᠠᠳᠠᠭᠤᠵᠢᠯᠳᠠᠢ ᠡᠬᠦᠷᠬᠡ᠎ᠶ᠋ᠢ ᠲᠠᠭᠠᠭᠠᠵᠤ ᠠᠪᠴᠠᠢ᠃
ᠲᠤᠬᠠᠢ᠎ᠶ᠋ᠢᠨ ᠦᠶ᠎ᠡ᠎ᠳᠤ ᠬᠢᠯᠢ ᠳᠠᠭᠠᠣ ᠤᠷᠤᠨ᠎ᠳᠤ ᠬᠢᠯᠢ᠎ᠶ᠋ᠢᠨ ᠬᠠᠮᠠᠭᠠᠯᠠᠯᠳᠠ᠎ᠶ᠋ᠢᠨ ᠴᠡᠷᠢᠭ ᠠᠩᠬᠢ᠎ᠠᠴᠠ ᠦᠬᠡᠷ᠎ᠡ ᠶᠠᠮᠠᠷ ᠴᠤ᠌ ᠠᠢᠯ ᠬᠤᠳᠠ ᠪᠠᠢᠬ᠍ᠰᠠᠨ ᠦᠬᠡᠢ᠃ ᠲᠡᠨᠳᠡᠬᠢ ᠬᠦᠪᠡᠭᠡ ᠵᠠᠬ᠎ᠠ᠎ᠨᠢ ᠬᠠᠷᠠᠬ᠍ᠳᠠᠬᠤ ᠦᠬᠡᠢ ᠶᠡᠭᠡ ᠭᠤᠪᠢ᠎ᠳᠤ ᠪᠠᠢᠭᠠᠯᠢ᠎ᠶ᠋ᠢᠨ ᠤᠷᠴᠢᠨ ᠨᠦᠬᠦᠴᠡᠯ ᠳᠣᠩ ᠮᠠᠭᠤ᠂ ᠵᠤᠨ᠎ᠳᠠᠭᠠᠨ ᠱᠢᠳᠠᠮᠠ ᠬᠠᠯᠠᠭᠤᠨ᠂ ᠡᠪᠦᠯ᠎ᠳᠡᠭᠡᠨ ᠬᠠᠪᠢᠷᠭ᠎ᠠ ᠨᠡᠪᠳᠡᠯᠦᠮᠡ ᠬᠦᠢᠳᠡᠨ᠂ ᠤᠰᠤ ᠶᠡᠭᠡ ᠲᠤᠳᠠᠬ᠍ᠳᠠᠨᠠ᠃ ᠬᠢᠯᠢ᠎ᠶ᠋ᠢᠨ ᠬᠠᠮᠠᠭᠠᠯᠠᠯᠳᠠ᠎ᠶ᠋ᠢᠨ ᠴᠡᠷᠢᠭ ᠠᠩᠬᠢ᠎ᠶ᠋ᠢᠨ ᠮᠠᠰᠢ ᠤᠯᠠᠨ ᠱᠢᠨ᠎ᠠ ᠴᠡᠷᠢᠭ ᠬᠦᠷᠳᠡᠯ᠎ᠡ ᠠᠩᠬ᠎ᠠ ᠬᠦᠮᠦᠨ᠎ᠤ ᠪᠠᠷ᠎ᠠ ᠦᠬᠡᠢ᠂ ᠲᠤᠯᠪᠤ ᠲᠡᠳᠦᠢ ᠨᠤᠭᠤᠭᠠᠨ ᠦᠩᠬᠡ ᠦᠬᠡᠢ ᠶᠡᠭᠡ ᠭᠤᠪᠢ᠎ᠳᠤ ᠢᠷᠡᠬᠦ᠌᠎ᠳᠡᠭᠡᠨ ᠰᠡᠮᠡᠬᠡᠷ ᠨᠢᠯᠪᠤᠰᠤ ᠤᠨᠠᠭᠠᠳᠠᠬ ᠪᠠᠢᠵᠠᠢ᠃
ᠲᠤᠬᠠᠢ᠎ᠶ᠋ᠢᠨ ᠵᠢᠯ 25 ᠨᠠᠰᠤᠳᠠᠢ ᠨᠢᠮ᠎ᠠ ᠡᠵᠢ ᠲᠡᠬᠦᠦ᠎ᠪᠠᠨ ᠲᠠᠭᠠᠭᠤᠯᠵᠤ᠂ 3 ᠨᠠᠰᠤᠳᠠᠢ ᠬᠦᠦ ᠬᠠᠳᠠᠪᠦ᠋ᠬᠡ᠎ᠪᠠᠨ ᠡᠬᠦᠷᠴᠦ᠍᠂ ᠨᠤᠳᠤᠬᠠᠴᠠᠪᠠᠨ ᠰᠠᠯᠵᠤ ᠠᠯᠠᠱᠠ ᠪᠠᠷᠠᠭᠤᠨ ᠬᠤᠱᠢᠭᠤᠨ᠎ᠤ ᠲᠠᠩᠰᠤᠬ᠍ᠪᠤᠯᠠᠬ ᠪᠠᠯᠭᠠᠰᠤᠨ᠎ᠤ ᠡᠩᠬᠡᠷᠡᠤᠰᠤ ᠭᠠᠴᠠᠭᠠᠨ᠎ᠳᠤ ᠨᠡᠬᠦᠵᠤ ᠢᠷᠡᠯ᠎ᠡ᠃ ᠠᠩᠬ᠎ᠠ ᠢᠷᠡᠬᠦ᠌᠎ᠳᠤ ᠬᠠᠷᠠᠭᠠᠨ᠎ᠤ ᠦᠵᠦᠬᠦᠷ᠎ᠲᠤ ᠲᠤᠷᠦ᠋ᠢᠬᠤ ᠶᠠᠭᠤᠮᠠᠨ᠎ᠤ ᠪᠠᠷ᠎ᠠ ᠦᠬᠡᠢ ᠡᠵᠡᠬᠦᠢ ᠭᠤᠪᠢ ᠪᠠᠢᠯ᠎ᠠ᠃ ᠨᠢᠮ᠎ᠠ ᠬᠠᠮᠳᠤ ᠢᠷᠡᠭ᠌ᠰᠡᠨ ᠪᠤᠰᠤᠳ 2 ᠬᠢᠯᠢ ᠰᠠᠬᠢᠬ᠍ᠴᠢ ᠡᠷᠦᠬᠡ᠎ᠲᠠᠢ ᠬᠠᠮᠳᠤ ᠮᠤᠩᠭᠤᠯ ᠭᠡᠷ᠎ᠢᠶᠠᠨ ᠪᠣᠰᠭᠠᠵᠣ᠂ ᠲᠤᠯᠭ᠎ᠠ᠎ᠶ᠋ᠢᠨ ᠭᠠᠯ᠎ᠢᠶᠠᠨ ᠨᠤᠴᠤᠭᠠᠵᠤ᠂ ᠠᠮᠢᠳᠤᠷᠠᠯ᠎ᠢᠶᠠᠨ ᠲᠦᠪᠬᠢᠨᠡᠬᠦᠯᠪᠡ᠃ 1971 ᠤᠨ᠎ᠤ ᠨᠠᠮᠤᠷ᠂ ᠨᠢᠮ᠎ᠠ ᠪᠤᠰᠤᠳ 2 ᠬᠢᠯᠢ ᠰᠠᠬᠢᠬ᠍ᠴᠢ ᠡᠷᠦᠬᠡ᠎ᠶ᠋ᠢᠨ ᠮᠠᠯᠴᠢᠳ᠎ᠲᠠᠢ ᠲᠦᠷᠪᠡᠬᠦᠯᠡ ᠴᠡᠷᠢᠭ᠎ᠤᠨ ᠪᠤᠯᠪᠠᠰᠤᠷᠠᠯ᠎ᠳᠤ ᠤᠷᠤᠯᠴᠠᠯ᠎ᠠ᠃ ᠲᠡᠬᠡᠬᠦ᠌ᠳᠤ᠂ ᠨᠦᠬᠦᠬᠡ 2 ᠡᠷᠦᠬᠡ᠎ᠶ᠋ᠢᠨ ᠪᠦᠰᠡᠬᠦ᠋ᠢᠴᠦᠦᠯᠨᠢ ᠬᠦᠯ ᠬᠦᠨᠳᠦ ᠪᠠᠢᠬ᠍ᠰᠠᠨ ᠲᠤᠯᠠ ᠴᠦᠮ ᠡᠷᠡᠭ᠌ᠳᠡᠢ᠎ᠨᠢ ᠪᠤᠯᠪᠠᠰᠤᠷᠠᠯ᠎ᠳᠤ ᠤᠷᠤᠯᠴᠠᠵᠤ᠂ ᠭᠠᠭ᠍ᠴᠠ ᠨᠢᠮ᠎ᠠ ᠯᠡ ᠡᠮᠡᠭ᠌ᠳᠡᠢ ᠪᠠᠢᠵᠤ᠂ ᠡᠷᠡᠭ᠌ᠳᠡᠢᠴᠦᠳᠠᠴᠠ ᠬᠤᠴᠤᠷᠬᠤ ᠦᠬᠡᠢ ᠡᠷᠡᠮᠡᠬᠡᠢᠯᠡᠯᠡ᠃ ᠲᠡᠳᠡᠨᠦᠰ ᠪᠤᠯᠪᠠᠰᠤᠷᠠᠯ ᠬᠢᠬᠦ᠌᠎ᠶ᠋ᠢᠨ᠎ᠢᠶᠠᠨ ᠵᠠᠪᠰᠠᠷ ᠠᠭᠤᠯᠠᠨ ᠤᠷᠤᠢ ᠲᠡᠭᠡᠷ᠎ᠡ ᠬᠠᠷᠠᠭᠤᠯ᠎ᠤᠨ ᠭᠠᠵᠠᠷ ᠭᠠᠷᠭᠠᠪᠠ᠃ ᠨᠦᠬᠦᠴᠡᠯ ᠲᠦᠢᠯ᠎ᠤᠨ ᠪᠠᠷᠤᠬ᠍ᠳᠠᠢ ᠪᠠᠢᠬ᠍ᠰᠠᠨ ᠲᠤᠯᠠ ᠨᠢᠮ᠎ᠠ ᠬᠠᠮᠳᠤ ᠢᠷᠡᠭ᠌ᠰᠡᠨ ᠮᠠᠯᠴᠢᠳ᠎ᠲᠠᠢ ᠬᠠᠮᠳᠤ ᠠᠭᠤᠯᠠᠨ ᠤᠷᠤᠢ ᠲᠡᠭᠡᠷᠡᠬᠢ ᠬᠠᠷᠠᠭᠤᠯ᠎ᠤᠨ ᠭᠠᠵᠠᠷ᠎ᠢ ᠭᠠᠷᠭᠠᠬᠤ᠎ᠳᠤ ᠬᠡᠷᠡᠭ᠌ᠯᠡᠬᠦ᠌ ᠴᠢᠯᠠᠭᠤ᠎ᠶ᠋ᠢ ᠴᠦᠮ ᠡᠬᠦᠷᠴᠤ᠌ ᠭᠠᠷᠭᠠᠬ᠍ᠰᠠᠨ ᠪᠠᠢᠯ᠎ᠠ᠃ ᠭᠤᠪᠢ ᠨᠤᠳᠤᠬ᠎ᠲᠤ ᠤᠭᠤᠷ ᠲᠤᠤᠭᠠᠷᠭᠠᠵᠤ ᠠᠵᠤ ᠲᠦᠷᠦᠬᠦ᠌᠎ᠳᠤ ᠬᠠᠮᠤᠬ᠎ᠤᠨ ᠬᠦᠴᠢᠷᠳᠡᠢ᠎ᠨᠢ ᠬᠡᠪᠡᠯ ᠤᠰᠤ ᠬᠤᠪᠤᠷ ᠪᠠᠢᠵᠤ᠂ ᠲᠡᠳᠡᠨᠦᠰ ᠡᠪᠦᠯ᠎ᠤᠨ ᠭᠤᠷᠪᠠ ᠶᠢᠰᠦ᠎ᠶ᠋ᠢᠨ ᠬᠦᠢᠳᠡᠨ᠎ᠳᠤ ᠡᠬᠢᠯᠡᠨ ᠬᠤᠳᠳᠤᠬ ᠮᠠᠯᠳᠠᠵᠤ᠂ ᠭᠠᠵᠠᠷ ᠬᠦᠯᠳᠡᠭ᠌ᠰᠡᠨ ᠪᠤᠯᠬᠤᠷ ᠢᠮᠠᠬᠤ ᠲᠤᠬᠤᠢ ᠱᠢᠷᠤᠢ ᠮᠠᠯᠳᠠᠬᠤ᠎ᠳᠤ ᠴᠤ᠌ ᠪᠡᠷᠬᠡᠳᠡᠨ᠎ᠡ᠃ ᠨᠢᠮ᠎ᠠ ᠨᠠᠷ ᠠᠷᠭ᠎ᠠ ᠦᠬᠡᠢ ᠤᠷᠤᠢ᠎ᠨᠢ ᠭᠠᠯ ᠲᠦᠯᠡᠵᠦ᠍ ᠵᠢᠭᠠᠬᠠᠨ ᠬᠡᠰᠭᠡᠭᠡᠳ ᠡᠳᠦᠷ᠎ᠨᠢ ᠦᠷᠬᠦᠯᠵᠢᠯᠡᠨ ᠮᠠᠯᠳᠠᠵᠣ᠂ ᠨᠡᠯᠢᠶᠡᠳ ᠬᠡᠳᠦᠨ ᠡᠳᠦᠷ ᠮᠠᠯᠳᠠᠭᠠᠳ ᠲᠦᠩᠬᠡᠵᠢ ᠤᠰᠤ ᠭᠠᠷᠴᠠᠢ᠃
ᠠᠩᠬ᠎ᠠ ᠢᠷᠡᠭ᠌ᠰᠡᠨ 2 ᠵᠢᠯ᠎ᠤᠨ ᠪᠤᠯᠪᠠᠰᠤᠷᠠᠯ ᠬᠠᠷᠠᠭᠤᠯ᠎ᠤᠨ ᠡᠬᠦᠷᠬᠡ ᠮᠠᠰᠢ ᠬᠦᠨᠳᠦ ᠪᠠᠢᠯ᠎ᠠ᠃
ᠨᠢᠮ᠎ᠡ ᠪᠤᠰᠤᠳ ᠮᠠᠯᠴᠢᠳ᠎ᠲᠠᠢ ᠬᠠᠮᠳᠤ ᠡᠳᠦᠷ᠎ᠨᠢ ᠪᠤᠯᠪᠠᠰᠤᠷᠠᠯ ᠬᠢᠵᠦ᠍᠂ ᠰᠦᠨᠢ᠎ᠨᠢ ᠬᠠᠷᠠᠭᠤᠯ ᠵᠤᠬ᠍ᠰᠤᠨᠠ᠃ 1971 ᠤᠨ᠎ᠤ ᠡᠪᠦᠯ ᠤᠨᠴᠠᠭᠠᠢ ᠬᠦᠢᠳᠡᠨ ᠡᠪᠦᠯ ᠪᠠᠢᠵᠤ᠂ ᠰᠠᠯᠬᠢ ᠱᠢᠭᠤᠷᠭ᠎ᠠ ᠴᠤ᠌ ᠮᠠᠰᠢ ᠶᠡᠭᠡ ᠪᠠᠢᠯ᠎ᠠ᠃ ᠬᠡᠪᠡᠴᠦ᠍ ᠰᠦᠨᠢ ᠬᠠᠷᠠᠭᠤᠯ ᠵᠤᠬ᠍ᠰᠤᠬᠤ᠎ᠳᠠᠭᠠᠨ ᠭᠡᠷᠡᠯ ᠭᠠᠷᠭᠠᠵᠤ ᠪᠤᠯᠬᠤ ᠦᠬᠡᠢ ᠬᠠᠳᠠᠭᠤ ᠲᠤᠬ᠍ᠳᠠᠭᠠᠯ᠎ᠲᠠᠢ ᠪᠠᠢᠬ᠍ᠰᠠᠨ ᠲᠤᠯᠠ ᠤᠷᠤᠢ ᠭᠠᠯ ᠨᠤᠴᠤᠭᠠᠵᠤ ᠲᠤᠯᠠᠭᠠᠴᠠᠵᠤ ᠪᠤᠯᠬᠤ ᠦᠬᠡᠢ᠃ ᠡᠪᠦᠯ᠎ᠤᠨ ᠰᠦᠨᠢ ᠤᠷᠳᠤ ᠪᠦᠬᠡᠳ ᠬᠦᠢᠳᠡᠨ ᠪᠠᠢᠪᠠ᠂ ᠲᠤᠬᠠᠢ᠎ᠶ᠋ᠢᠨ ᠦᠶ᠎ᠡ᠎ᠳᠤ ᠠᠳᠠᠬ᠎ᠨᠢ ᠪᠡᠬᠡᠯᠡᠢ ᠴᠤ᠌ ᠤᠯᠳᠠᠳᠠᠬ ᠦᠬᠡᠢ ᠪᠤᠯᠬᠤᠷ ᠠᠭᠤᠯᠠᠨ ᠤᠷᠤᠢ ᠲᠡᠭᠡᠷ᠎ᠠ ᠬᠠᠷᠠᠭᠤᠯ ᠵᠤᠬ᠍ᠰᠤᠬᠤ ᠦᠶ᠎ᠠ᠎ᠳᠤ ᠭᠠᠷ᠎ᠨᠢ ᠪᠡᠬᠡᠷᠡᠵᠦ᠍ ᠬᠦᠬᠡᠷᠡᠵᠦ᠍ ᠪᠠᠢᠬ᠍ᠰᠠᠨ ᠴᠤ᠌ ᠮᠦᠨ ᠯᠡ ᠫᠤᠤ᠎ᠪᠠᠨ ᠴᠢᠩᠭᠠᠬᠠᠨ ᠠᠳᠭᠤᠵᠤ ᠵᠤᠬ᠍ᠰᠤᠨᠠ᠃ ᠤᠷᠤᠢ ᠤᠨᠳᠠᠬᠤ᠎ᠳᠠᠭᠠᠨ ᠴᠠᠬ ᠢᠮᠠᠬ᠍ᠳᠠ ᠪᠡᠯᠡᠳᠭᠡᠯ᠎ᠲᠠᠢ ᠪᠠᠢᠵᠤ᠂ ᠬᠤᠪᠴᠠᠰᠤ᠎ᠪᠠᠨ ᠲᠠᠢᠯᠵᠤ ᠤᠨᠳᠠᠳᠠᠬ ᠦᠬᠡᠢ᠂ ᠨᠢᠮ᠎ᠠ ᠠᠩᠬ᠎ᠠ ᠢᠷᠡᠭ᠌ᠰᠡᠨ 2 ᠡᠪᠦᠯ ᠪᠦᠳᠦᠨ ᠨᠦᠢᠷ᠎ᠲᠠᠢ ᠬᠤᠨᠤᠵᠤ ᠪᠠᠢᠬ᠍ᠰᠠᠨ ᠦᠬᠡᠢ ᠭᠡᠨ᠎ᠡ᠃
1972 ᠤᠨ᠎ᠳᠤ ᠨᠢᠮ᠎ᠠ᠎ᠶ᠋ᠢᠨ ᠲᠡᠬᠦᠦ᠎ᠨᠢ ᠠᠯᠠᠱᠠ ᠵᠡᠬᠦᠨ ᠬᠤᠱᠢᠭᠤᠨ᠎ᠳᠤ ᠤᠴᠢᠵᠤ ᠠᠵᠢᠯᠯᠠᠪᠠ᠃ ᠬᠢᠯᠢ ᠴᠠᠬ᠍ᠳᠠᠬᠤ᠂ ᠮᠠᠯ ᠮᠠᠯᠯᠠᠬᠤ᠂ ᠨᠢᠯᠬ᠎ᠠ ᠪᠠᠯᠴᠢᠷ ᠬᠦᠦ ᠬᠠᠳᠠᠪᠦ᠋ᠬᠡ᠎ᠪᠠᠨ ᠲᠤᠳᠤᠮᠳᠠᠬᠤ ᠪᠤᠯᠤᠨ ᠪᠡᠶ᠎ᠡ ᠮᠠᠭᠤᠳᠠᠢ ᠡᠵᠢ᠎ᠪᠠᠨ ᠠᠰᠠᠷᠠᠵᠤ ᠬᠠᠷᠠᠭᠠᠯᠵᠠᠬᠤ ᠬᠦᠨᠳᠦ ᠡᠬᠦᠷᠬᠡ ᠪᠦᠷ ᠯᠡ ᠬᠤᠷᠢᠨ ᠬᠡᠳᠦᠳᠡᠢ ᠪᠠᠢᠬ᠍ᠰᠠᠨ ᠨᠢᠮ᠎ᠠ᠎ᠶ᠋ᠢᠨ ᠮᠦᠷᠦᠨ ᠲᠡᠭᠡᠷ᠎ᠠ ᠪᠠᠭᠤᠪᠠ᠃ ᠨᠢᠬᠡᠨ ᠤᠳᠠᠭ᠎ᠠ ᠨᠢᠮ᠎ᠠ ᠲᠡᠮᠡᠭᠡ ᠤᠨᠤᠵᠤ ᠪᠠᠢᠭᠠᠳ ᠤᠢ᠍ᠢᠴᠢᠵᠤ ᠬᠠᠪᠢᠷᠭᠠᠨ ᠶᠠᠰᠤ᠎ᠨᠢ ᠬᠤᠭᠤᠷᠠᠬ᠍ᠰᠠᠨ᠎ᠠᠴᠠ ᠪᠤᠯᠵᠤ᠂ ᠲᠡᠭ᠌ᠷᠢ ᠮᠠᠭᠤᠬᠠᠢᠷᠠᠪᠠᠯ ᠱᠠᠷᠬᠢᠷᠠᠵᠤ ᠡᠪᠡᠳᠦᠬᠡᠳ ᠪᠦᠳᠦᠨ ᠰᠦᠨᠢ ᠤᠨᠳᠠᠵᠤ ᠤᠷᠤᠬᠤ ᠦᠬᠡᠢ ᠠᠷᠬᠠᠬ ᠦᠯᠡᠳᠡᠪᠡ᠃
1972 ᠤᠨ᠎ᠠᠴᠠ ᠬᠤᠢᠰᠢ᠂ ᠬᠠᠷᠠᠭᠤᠯ ᠵᠤᠬ᠍ᠰᠤᠬᠤ ᠡᠬᠦᠷᠬᠡ ᠮᠡᠳᠡᠭ᠌ᠳᠡᠮ᠎ᠡ ᠬᠦᠩᠬᠡᠷᠡᠵᠦ᠍᠂ ᠵᠦᠪᠬᠡᠨ ᠤᠨᠴᠠᠭᠠᠢ ᠴᠠᠬ ᠦᠶ᠎ᠠ᠎ᠳᠤ ᠬᠡᠳᠦᠨ ᠡᠳᠦᠷ᠎ᠤᠨ ᠬᠠᠷᠠᠭᠤᠯ ᠵᠤᠬ᠍ᠰᠤᠬᠤ ᠡᠬᠦᠷᠬᠡ᠎ᠲᠠᠢ ᠯᠠ ᠪᠣᠯᠵᠠᠢ᠃ ᠬᠡᠪᠡᠴᠦ᠍ ᠨᠢᠮ᠎ᠠ ᠮᠠᠯ ᠲᠡᠮᠡᠭᠡ ᠬᠠᠷᠢᠭᠤᠯᠬᠤᠶ᠋ᠢᠨᠢᠶᠠᠨ ᠵᠠᠪᠰᠠᠷ ᠬᠢᠯᠢ᠎ᠪᠠᠨ ᠰᠠᠬᠢᠵᠤ ᠮᠠᠨᠠᠵᠤ ᠯᠡ ᠶᠠᠪᠤᠨ᠎ᠠ᠃
ᠪᠡᠷᠬᠡ ᠬᠠᠳᠠᠭᠤᠵᠢᠯᠳᠠᠢ ᠤᠷᠴᠢᠨ᠎ᠳᠤ ᠨᠢᠮ᠎ᠠ᠎ᠲᠠᠢ ᠬᠠᠮᠳᠤ ᠢᠷᠡᠭ᠌ᠰᠡᠨ 2 ᠡᠷᠤᠬ ᠡᠨᠢ ᠴᠦᠮ ᠬᠤᠢᠨ᠎ᠠ ᠡᠮᠦᠨ᠎ᠡ ᠨᠤᠳᠤᠬ᠎ᠲᠠᠭᠠᠨ ᠪᠤᠴᠠᠵᠠᠭᠠᠪᠠ᠃ ᠡᠩᠬᠡᠷᠡᠤᠰᠤ ᠭᠠᠴᠠᠭᠠᠨ᠎ᠤ ᠨᠤᠳᠤᠬ᠎ᠲᠤ ᠨᠢᠮ᠎ᠠ ᠡᠵᠢ᠂ ᠬᠦᠦ ᠬᠠᠳᠠᠪᠦ᠋ᠬᠡ᠎ᠲᠠᠢ᠎ᠪᠠᠨ ᠭᠤᠷᠪᠠᠭᠤᠯᠠ ᠦᠯᠡᠳᠡᠵᠦ᠍᠂ ᠪᠦᠬᠦ᠌ ᠬᠡᠷ᠎ᠤᠨ ᠠᠵᠢᠯ ᠶᠠᠪᠤᠳᠠᠯ᠎ᠢ ᠬᠢᠬᠦ᠌᠎ᠠᠴᠠ ᠭᠠᠳᠠᠨ᠎ᠠ ᠪᠠᠰᠠ ᠬᠢᠯᠢ ᠴᠠᠬ᠍ᠳᠠᠬᠤ ᠡᠬᠦᠷᠬᠡ᠎ᠶ᠋ᠢ ᠡᠬᠦᠷᠬᠡᠯᠡᠵᠤ᠂ ᠰᠡᠵᠢᠭ᠌ᠯᠡᠯᠳᠡᠢ ᠬᠦᠮᠦᠰ᠎ᠤᠨ ᠬᠢᠯᠢ᠎ᠠᠴᠠ ᠭᠠᠷᠬᠤ᠎ᠶ᠋ᠢ ᠬᠤᠷᠢᠬ᠍ᠯᠠᠬᠤ᠎ᠶ᠋ᠢᠨ ᠲᠤᠯᠠᠳᠠ ᠨᠢᠮ᠎ᠠ ᠦᠷᠬᠦᠯᠵᠢ ᠰᠤᠨᠤᠷ ᠰᠡᠷᠡᠮᠵᠢᠳᠡᠢ ᠪᠠᠢᠳᠠᠬ᠃ 1979 ᠤᠨ᠎ᠳᠤ ᠨᠢᠮ᠎ᠠ᠎ᠶ᠋ᠢᠨ ᠡᠵᠢ᠎ᠶ᠋ᠢᠨ ᠬᠢᠨᠢ ᠡᠪᠡᠳᠴᠢᠨ᠎ᠨᠢ ᠬᠦᠨᠳᠦᠷᠡᠵᠦ᠍ ᠬᠤᠷᠸ᠎ᠠ᠎ᠶ᠋ᠢᠨ ᠮᠦᠩᠬᠡ ᠪᠣᠰᠣ᠎ᠶ᠋ᠢ ᠦᠵᠡᠯ᠎ᠡ᠃ ᠨᠢᠮ᠎ᠠ ᠪᠤᠢᠳᠠ ᠵᠡᠯᠢᠬᠦᠳ ᠬᠢᠯᠢ ᠨᠤᠳᠤᠬ ᠲᠡᠭᠡᠷ᠎ᠡ ᠬᠦᠦ ᠬᠠᠳᠠᠪᠦ᠋ᠬᠡ᠎ᠲᠠᠢ᠎ᠪᠠᠨ ᠬᠤᠶᠠᠭᠤᠯᠬᠠᠨ ᠬᠤᠴᠤᠷᠤᠬ᠍ᠰᠠᠨ ᠴᠤ᠌ ᠬᠢᠯᠢ ᠰᠠᠬᠢᠬᠤ ᠡᠬᠦᠷᠬᠡ᠎ᠪᠠᠨ ᠪᠠᠳᠤ ᠴᠡᠭᠡᠵᠢᠯᠡᠵᠦ᠍ ᠬᠢᠴᠢᠶᠡᠩᠬᠦ᠋ᠢᠯᠡᠨ ᠬᠦᠢᠴᠡᠳᠭᠡᠭ᠌ᠰᠡᠭᠡᠷ᠂ ᠨᠢᠬᠡ ᠮᠡᠳᠡᠬᠦ᠌᠎ᠳᠤ ᠬᠠᠭᠠᠰ ᠵᠠᠭᠤᠨ᠎ᠢ ᠠᠷᠤ᠎ᠳᠠᠭᠠᠨ ᠤᠷᠬᠢᠵᠤ᠂ ᠭᠠᠭ᠍ᠴᠠᠬᠠᠨ ᠤᠯᠳᠠᠬᠤ ᠵᠠᠯᠠᠭᠤ ᠨᠠᠰᠤ᠎ᠪᠠᠨ ᠬᠢᠯᠢ ᠨᠤᠳᠤᠬ᠎ᠢᠶᠠᠨ ᠰᠠᠬᠢᠨ ᠬᠠᠮᠠᠭᠠᠯᠠᠬᠤ ᠳᠠᠷᠬᠠᠨ ᠦᠢᠯᠡᠰ᠎ᠲᠤ ᠵᠣᠷᠢᠭᠤᠯᠣᠭ᠍ᠰᠠᠨ ᠪᠠᠢᠯ᠎ᠠ᠃
ᠬᠠᠭᠠᠰ ᠵᠠᠭᠤᠨ᠎ᠤ ᠬᠠᠳᠠᠭᠤ ᠲᠠᠩᠭᠠᠷᠢᠬ! ᠨᠠᠰᠤᠨ ᠲᠤᠷᠱᠢᠳᠠ ᠬᠢᠯᠢ ᠨᠣᠳᠤᠭ᠎ᠢᠶᠠᠨ ᠰᠠᠬᠢᠬᠤ ᠬᠡᠰᠡᠨ ᠨᠠᠮ᠎ᠤᠨ ᠬᠡᠱᠢᠬᠦᠨ᠎ᠤ ᠠᠮᠠᠯᠠᠯᠳᠠ᠎ᠪᠠᠨ ᠪᠡᠶᠡᠯᠡᠬᠦᠯᠵᠦ᠍᠂ ᠬᠤᠶᠠᠷ ᠦᠶ᠎ᠡ᠎ᠪᠠᠷ᠎ᠢᠶᠠᠨ ᠲᠠᠷᠬᠠᠨ ᠬᠢᠯᠢ᠎ᠪᠠᠨ ᠰᠠᠬᠢᠨ ᠮᠠᠨᠠᠨ᠎ᠠ
ᠴᠠᠢᠪᠤᠷ ᠨᠡᠬᠡᠮᠡᠯ ᠮᠠᠯᠠᠭᠠᠢ᠎ᠲᠠᠢ᠂ ᠬᠦᠬᠡ ᠬᠤᠸᠠᠷ᠎ᠲᠠᠢ ᠬᠦᠪᠦᠩ ᠬᠦᠷᠮ᠎ᠡ ᠡᠮᠦᠰᠦᠭ᠌ᠰᠡᠨ ᠨᠢᠮ᠎ᠠ ᠨᠠᠰᠣᠳᠠᠨ᠎ᠤ ᠡᠩᠬᠡᠷᠲᠡᠭᠡᠨ ᠵᠡᠬᠦᠭ᠌ᠰᠡᠨ ᠨᠠᠮ᠎ᠤᠨ ᠰᠦᠯᠳᠡ ᠤᠨᠴᠠ᠎ᠶ᠋ᠢᠨ ᠲᠤᠳᠤᠬᠠᠨ ᠬᠠᠷᠠᠬ᠍ᠳᠠᠵᠤ᠂ ᠡᠩᠬᠡᠷ ᠲᠡᠪᠡᠯᠢᠨᠢ ᠴᠢᠮᠡᠵᠦ᠍ ᠬᠡᠷᠡᠯ ᠲᠠᠳᠠᠨ᠎ᠠ᠃
ᠨᠦᠬᠦᠬᠡ 2 ᠡᠷᠦᠬᠡ᠎ᠨᠢ ᠬᠤᠢᠨ᠎ᠠ ᠬᠤᠢᠨ᠎ᠠ᠎ᠠᠴᠠ᠎ᠪᠠᠨ ᠬᠢᠯᠢ ᠨᠤᠳᠤᠬ᠎ᠠᠴᠠ ᠰᠠᠯᠵᠤ ᠨᠤᠳᠤᠬ᠎ᠲᠠᠭᠠᠨ ᠪᠤᠴᠠᠬᠤ᠎ᠳᠤ ᠨᠢᠮ᠎ᠠ ᠦᠷᠬᠦᠯᠵᠢᠯᠡᠨ ᠬᠢᠯᠢ ᠰᠠᠬᠢᠬᠤ ᠵᠤᠷᠢᠬ᠎ᠢᠶᠠᠨ ᠡᠷᠴᠢᠯᠡᠬᠦ᠌᠎ᠶ᠋ᠢᠨ ᠲᠤᠯᠠᠳᠠ ᠨᠠᠮ᠎ᠳᠤ ᠤᠷᠤᠬᠤ᠎ᠪᠠᠷ ᠡᠷᠡᠮᠡᠯᠵᠡᠯᠡᠵᠦ᠍᠂ 1975 ᠤᠨ᠎ᠳᠤ ᠳᠣᠮᠳᠠᠳᠣ ᠣᠯᠣᠰ᠎ᠤᠨ ᠡᠪ ᠬᠠᠮᠳᠣ ᠨᠠᠮ᠎ᠳᠤ ᠡᠯᠰᠡᠭ᠌ᠳᠡᠵᠦ᠍᠂ ᠤᠳᠤ ᠨᠢᠭᠡᠨᠳᠡ 45 ᠵᠢᠯ᠎ᠤᠨ ᠨᠢᠭᠤᠷ᠎ᠢ ᠦᠵᠡᠵᠦ᠍ ᠪᠣᠢ᠃
ᠨᠢᠮ᠎ᠠ ᠨᠠᠮ᠎ᠤᠨ ᠬᠡᠱᠢᠬᠦᠨ ᠪᠤᠯᠤᠬ᠍ᠰᠠᠨ᠎ᠤ ᠬᠤᠪᠢ᠎ᠳᠤ᠂ ᠬᠢᠯᠢ ᠰᠠᠬᠢᠬᠤ ᠡᠬᠦᠷᠬᠡ᠎ᠪᠠᠨ ᠨᠡᠩ ᠢᠯᠡᠬᠦᠦ ᠬᠢᠴᠢᠶᠡᠩᠬᠦ᠋ᠢᠯᠡᠨ ᠪᠡᠶᠡᠯᠡᠬᠦᠯᠵᠦ᠍᠂ ᠮᠠᠯ ᠠᠬᠤᠢ᠎ᠶ᠋ᠢᠨ ᠠᠵᠢᠯ ᠬᠡᠴᠢᠨᠡᠬᠡᠨ ᠶᠠᠭᠠᠷᠠᠤ ᠪᠠᠢᠬ᠍ᠰᠠᠨ ᠴᠤ᠌ ᠬᠢᠯᠢ᠎ᠶ᠋ᠢᠨ ᠱᠤᠭᠤᠮ᠎ᠢᠶᠠᠨ ᠮᠠᠷᠳᠠᠯ ᠦᠬᠡᠢ ᠳᠣᠭᠤᠷᠢᠨ ᠴᠠᠬ᠍ᠳᠠᠨᠠ᠃
ᠪᠢᠳᠡ ᠨᠢᠮ᠎ᠠ᠎ᠶ᠋ᠢᠨ ᠬᠢᠯᠢ᠎ᠶ᠋ᠢᠨ ᠱᠤᠭᠤᠮ᠎ᠢ ᠲᠤᠭᠤᠷᠢᠨ ᠴᠠᠭ᠍ᠳᠠᠵᠣ ᠪᠠᠢᠬ᠍ᠰᠠᠨ ᠪᠠᠢᠳᠠᠯ᠎ᠢ ᠪᠡᠶᠡᠴᠢᠯᠡᠨ ᠤᠢ᠍ᠢᠯᠠᠭᠠᠬᠤ᠎ᠪᠠᠷ᠂ ᠨᠢᠮ᠎ᠠ ᠪᠤᠯᠤᠨ ᠬᠠᠳᠠᠪᠦ᠋ᠬᠡ᠎ᠶ᠋ᠢᠨ ᠵᠠᠮᠴᠢᠯᠠᠭ᠎ᠠ᠎ᠪᠠᠷ ᠲᠡᠷᠡᠬᠦ᠌ 49 ᠵᠢᠯ᠎ᠤᠨ ᠲᠤᠷᠱᠢᠬᠢ ᠬᠢᠯᠢ ᠴᠠᠬ᠍ᠳᠠᠬ᠍ᠰᠠᠨ ᠵᠠᠮ᠎ᠢᠶᠠᠷ᠎ᠨᠢ ᠲᠠᠬᠢᠨ ᠶᠠᠪᠤᠯ᠎ᠠ᠃ ᠬᠠᠷᠠᠬᠤ ᠨᠢᠳᠦᠨ᠎ᠤ ᠦᠵᠦᠬᠦᠷ᠎ᠲᠤ ᠲᠤᠮᠤ ᠲᠤᠮᠤ ᠡᠯᠡᠰᠦᠨ ᠴᠤᠬᠢᠶ᠎ᠠ ᠬᠠᠷᠠᠬ᠍ᠳᠠᠵᠤ᠂ ᠨᠡᠯᠦᠬᠡᠷ ᠶᠡᠭᠡ ᠭᠤᠪᠢ ᠲᠡᠭ᠌ᠷᠢ᠎ᠶ᠋ᠢᠨ ᠬᠠᠶᠠᠭ᠎ᠠ᠎ᠲᠠᠢ ᠵᠠᠯᠭᠠᠯᠳᠤᠨ ᠦᠷᠬᠦᠯᠵᠢᠯᠡᠨ᠎ᠡ᠃ ᠮᠠᠨ᠎ᠤ ᠰᠠᠭᠤᠬ᠍ᠰᠠᠨ ᠮᠠᠱᠢᠨ ᠦᠬᠡᠳᠡ ᠤᠷᠤᠭᠤ ᠲᠤᠩᠭᠤᠴᠢᠭᠤᠯᠵᠤ ᠶᠠᠪᠤᠬ᠍ᠰᠠᠭᠠᠷ ᠦᠨᠳᠦᠷ ᠲᠡᠮᠦᠷ ᠲᠤᠤᠷ ᠲᠠᠳᠠᠬ᠍ᠰᠠᠨ ᠬᠢᠯᠢ᠎ᠶ᠋ᠢᠨ ᠱᠤᠭᠤᠮ᠎ᠤᠨ ᠬᠠᠵᠠᠭᠤ᠎ᠳᠤ ᠬᠦᠷᠴᠦ᠍ ᠤᠴᠢᠯ᠎ᠠ᠃ 《ᠲᠤᠬᠠᠢ᠎ᠶ᠋ᠢᠨ ᠦᠶ᠎ᠠ᠎ᠳᠤ᠂ ᠬᠢᠯᠢ᠎ᠶ᠋ᠢᠨ ᠱᠤᠭᠤᠮ᠎ᠤᠨ ᠬᠡᠷᠡᠰᠭᠡ᠎ᠶ᠋ᠢ ᠪᠤᠰᠭᠠᠭᠠᠳᠤᠢ ᠪᠠᠢᠬ᠍ᠰᠠᠨ ᠪᠤᠯᠬᠤᠷ ᠲᠡᠮᠡᠭᠡ᠎ᠪᠠᠨ ᠬᠢᠯᠢ᠎ᠠᠴᠠ ᠭᠠᠷᠬᠤ᠎ᠠᠴᠠ ᠠᠶᠤᠵᠤ᠂ ᠠᠳᠡ ᠲᠡᠮᠡᠭᠡ᠎ᠪᠠᠨ ᠬᠠᠷᠢᠭᠤᠯᠬᠤ᠎ᠶ᠋ᠢᠨ ᠵᠠᠪᠰᠠᠷ ᠬᠢᠯᠢ᠎ᠪᠠᠨ ᠴᠠᠬ᠍ᠳᠠᠳᠠᠬ ᠪᠠᠢᠭ᠍ᠰᠠᠨ》 ᠬᠡᠵᠦ᠍ ᠨᠢᠮ᠎ᠠ ᠨᠠᠰᠣᠳᠠᠨ ᠲᠤᠬᠠᠢ᠎ᠶ᠋ᠢᠨ ᠦᠶ᠎ᠡ᠎ᠶ᠋ᠢᠨ ᠪᠠᠢᠳᠠᠯ᠎ᠢᠶᠠᠨ ᠡᠷᠭᠢᠴᠡᠭᠦᠯᠦᠨ᠎ᠡ᠃ ᠨᠢᠮ᠎ᠠ ᠨᠠᠰᠣᠳᠠᠨ ᠲᠡᠷᠡ ᠦᠶ᠎ᠡ᠎ᠳᠤ ᠲᠡᠮᠡᠭᠡ ᠤᠨᠤᠵᠤ ᠬᠡᠷ᠎ᠠᠴᠠ᠎ᠪᠠᠨ ᠬᠢᠯᠢ᠎ᠶ᠋ᠢᠨ ᠱᠤᠭᠤᠮ ᠬᠦᠷᠳᠡᠯ᠎ᠡ ᠪᠦᠳᠦᠨ ᠡᠳᠦᠷ᠎ᠤᠨ ᠴᠠᠬ ᠵᠠᠷᠤᠴᠠᠭᠤᠯᠳᠠᠬ ᠪᠠᠢᠵᠠᠢ᠃ ᠬᠠᠷᠢᠨ ᠤᠢ᠍ᠢᠷ᠎ᠠ᠎ᠶ᠋ᠢᠨ ᠬᠡᠳᠦᠨ ᠵᠢᠯ ᠠᠮᠢᠳᠤᠷᠠᠯ ᠰᠠᠢᠵᠢᠷᠠᠬ᠍ᠰᠠᠨ ᠪᠤᠯᠬᠤᠷ ᠮᠠᠱᠢᠨ ᠲᠡᠷᠬᠡ ᠬᠤᠳᠠᠯᠳᠤᠨ ᠠᠪᠴᠤ᠌᠂ ᠬᠢᠯᠢ ᠴᠠᠬ᠍ᠳᠠᠬᠤ᠎ᠳᠤ ᠨᠡᠯᠢᠶᠡᠳ ᠳᠦᠭᠦᠮ ᠪᠤᠯᠵᠠᠢ᠃ ᠨᠢᠮ᠎ᠠ ᠨᠠᠰᠣᠳᠠᠨ ᠬᠢᠯᠢ᠎ᠶ᠋ᠢᠨ ᠱᠤᠭᠤᠮ ᠲᠠᠭᠠᠤ ᠲᠠᠳᠠᠬ᠍ᠰᠠᠨ ᠲᠤᠤᠷ᠎ᠢ ᠲᠠᠭᠠᠵᠤ ᠠᠯᠬᠤᠵᠤ ᠶᠠᠪᠤᠬᠤ᠎ᠳᠠᠭᠠᠨ ᠤᠤᠯ᠎ᠤᠨ ᠬᠢᠯᠢ ᠴᠠᠬ᠍ᠳᠠᠵᠤ ᠪᠠᠢᠬ᠍ᠰᠠᠨ ᠦᠯᠢᠬᠡᠷ ᠤᠴᠠᠷᠠᠯ᠎ᠢᠶᠠᠨ ᠮᠠᠨᠤᠰ᠎ᠲᠤ ᠬᠠᠭᠤᠴᠢᠯᠠᠨ᠎ᠠ᠃
ᠬᠢᠯᠢ ᠲᠡᠭᠡᠷ᠎ᠡ ᠠᠮᠢᠳᠤᠷᠠᠵᠤ᠂ ᠬᠢᠯᠢ ᠴᠠᠬ᠍ᠳᠠᠬᠤ ᠲᠡᠢᠮᠦ᠍ ᠬᠢᠯᠪᠠᠷᠬᠠᠨ ᠶᠠᠪᠤᠳᠠᠯ ᠪᠢᠰᠢ᠃ ᠬᠢᠯᠢ ᠳᠠᠭᠠᠣ᠎ᠶ᠋ᠢᠨ ᠶᠡᠭᠡ ᠭᠤᠪᠢ ᠲᠦᠷᠪᠡᠨ ᠤᠯᠠᠷᠢᠯ᠎ᠳᠤ ᠨᠢᠬᠡᠯᠡ ᠦᠩᠬᠡ᠎ᠪᠠᠷ ᠦᠷᠬᠦᠯᠵᠢᠯᠡᠵᠦ᠍᠂ ᠭᠤᠪᠢ ᠨᠣᠳᠤᠭ᠎ᠲᠤ ᠪᠠᠢᠩᠭᠤ ᠬᠠᠷᠠᠬ᠍ᠳᠠᠳᠠᠬ ᠵᠠᠬ ᠴᠤ᠌ ᠲᠡᠮᠡᠢ ᠤᠷᠭᠤᠳᠠᠬ ᠦᠬᠡᠢ ᠪᠤᠯᠬᠤᠷ ᠲᠤᠯᠠᠭᠠᠴᠠᠵᠤ ᠬᠤᠭᠤᠯᠠ ᠪᠤᠳᠠᠭ᠎ᠠ᠎ᠪᠠᠨ ᠪᠤᠯᠭᠤᠭᠠᠬᠤ ᠨᠡᠬᠦᠷᠡᠰᠦ᠎ᠪᠠᠨ 300 ᠭᠠᠷᠤᠢ ᠺᠢᠯᠦᠮᠧᠳ᠋ᠷ᠎ᠤᠨ ᠴᠠᠭᠠᠨᠠᠬᠢ ᠡᠵᠡᠨ᠎ᠡ ᠬᠤᠱᠢᠭᠤ ᠪᠤᠶᠤ ᠠᠯᠠᠱᠠ ᠵᠡᠬᠦᠨ ᠬᠤᠱᠢᠭᠤᠨ᠎ᠠᠴᠠ ᠵᠦᠬᠡᠬᠡᠪᠦᠷᠢᠯᠡᠵᠦ᠍ ᠠᠪᠴᠢᠷᠠᠨ᠎ᠠ᠃ ᠤᠨᠴᠠᠭᠠᠢᠯᠠᠨ ᠭᠤᠪᠢ᠎ᠳᠤ ᠤᠰᠤ ᠲᠤᠩ ᠬᠤᠪᠤᠷ ᠪᠠᠢᠵᠤ᠂ ᠨᠢᠮ᠎ᠠ ᠨᠠᠰᠣᠳᠠᠨ 17 ᠺᠢᠯᠦᠮᠧᠳ᠋ᠷ᠎ᠤᠨ ᠴᠠᠭᠠᠨᠠᠬᠢ ᠬᠤᠳᠳᠤᠬ᠎ᠠᠴᠠ ᠤᠰᠤ ᠲᠡᠭᠡᠭᠡᠵᠦ᠍ ᠢᠳᠡᠳᠡᠭ᠂ ᠰᠠᠭᠤᠷᠢᠱᠢᠯ᠎ᠨᠢ ᠪᠤᠢᠳᠠ ᠪᠦᠭ᠌ᠯᠡᠬᠦᠦ ᠪᠤᠯᠬᠤᠷ ᠷᠠᠳᠢᠣ᠋᠎ᠨᠢ ᠭᠠᠳᠠᠨᠠᠬᠢ ᠶᠢᠷᠳᠢᠨᠴᠦ᠎ᠶ᠋ᠢ ᠤᠢ᠍ᠢᠯᠠᠭᠠᠵᠤ ᠮᠡᠳᠡᠬᠦ᠌ ᠴᠤᠷᠢ᠎ᠶ᠋ᠢᠨ ᠭᠠᠭ᠍ᠴᠠ ᠪᠠᠭᠠᠵᠢ ᠬᠡᠷᠡᠭ᠌ᠯᠡᠬᠦᠷ ᠪᠤᠯᠵᠣ ᠪᠠᠢᠵᠠᠢ᠃
ᠬᠢᠯᠢ᠎ᠶ᠋ᠢᠨ ᠱᠤᠭᠤᠮ ᠲᠠᠭᠠᠣ ᠭᠤᠪᠢ ᠨᠣᠳᠤᠭ ᠵᠤᠨ᠎ᠳᠠᠭᠠᠨ ᠱᠢᠳᠠᠮᠠ ᠬᠠᠯᠠᠭᠤᠨ᠂ ᠡᠪᠦᠯ᠎ᠳᠡᠭᠡᠨ ᠲᠠᠰᠭᠢᠮ᠎ᠠ ᠬᠦᠢᠳᠡᠨ᠂ ᠪᠤᠷᠤᠭ᠎ᠠ ᠬᠤᠷ᠎ᠠ ᠳᠣᠩ ᠴᠦᠬᠡᠨ᠂ ᠬᠠᠷᠢᠨ ᠭᠤᠪᠢ᠎ᠶ᠋ᠢᠨ ᠰᠠᠯᠬᠢ ᠮᠠᠰᠢ ᠡᠷᠴᠢ ᠬᠦᠴᠦᠳᠡᠢ᠎ᠶ᠋ᠢ ᠶᠠᠭᠠᠬᠢᠨ᠎ᠠ᠃ ᠨᠢᠬᠡᠨ ᠤᠳᠠᠭ᠎ᠠ ᠨᠢᠮ᠎ᠠ ᠬᠦᠦ ᠬᠠᠳᠠᠪᠦ᠋ᠬᠡ᠎ᠲᠠᠢ᠎ᠪᠠᠨ ᠬᠢᠯᠢ ᠴᠠᠬ᠍ᠳᠠᠵᠤ ᠪᠠᠢᠬᠤ᠎ᠳᠠᠭᠠᠨ ᠬᠡᠨᠡᠳᠳᠡ ᠡᠯᠡᠰᠦᠨ ᠱᠢᠭᠤᠷᠭ᠎ᠠ᠎ᠲᠠᠢ ᠲᠤᠬᠢᠶᠠᠯᠳᠤᠵᠤ᠂ ᠲᠡᠭ᠌ᠷᠢ ᠬᠠᠷᠠᠩᠭᠤᠢ᠍ᠢᠯᠠᠵᠤ᠂ ᠬᠤᠮᠠᠬ ᠱᠢᠷᠤᠢ ᠬᠡᠢᠰᠴᠦ᠍ ᠬᠠᠢᠷ ᠴᠢᠯᠠᠭᠤ ᠲᠡᠭ᠌ᠳᠡᠭ᠌ᠰᠡᠨ ᠶᠡᠭᠡ ᠱᠢᠭᠤᠷᠭᠠᠨ᠎ᠳᠤ ᠨᠢᠮ᠎ᠠ ᠬᠦᠦ ᠬᠠᠳᠠᠪᠦ᠋ᠬᠡ᠎ᠪᠠᠨ ᠠᠯᠳᠠᠵᠣ᠂ ᠬᠡᠳᠦᠢ ᠡᠷᠢᠭ᠌ᠰᠡᠨ ᠴᠤ᠌ ᠬᠠᠢᠵᠤ ᠤᠯᠤᠬ᠍ᠰᠠᠨ ᠦᠬᠡᠢ᠃ ᠭᠤᠷᠪᠠᠨ ᠴᠠᠬ᠎ᠤᠨ ᠲᠠᠷᠠᠭ᠎ᠠ᠂ ᠰᠠᠯᠬᠢ ᠵᠤᠬ᠍ᠰᠤᠬᠤ᠎ᠪᠠᠷ ᠨᠢᠮ᠎ᠠ ᠡᠯᠡᠰᠦᠨ ᠲᠡᠭᠡᠷ᠎ᠡ ᠬᠡᠪᠳᠡᠬᠡᠳ ᠲᠠᠬ᠍ᠵᠢᠨ ᠴᠡᠴᠡᠷᠡᠵᠦ᠍ ᠪᠠᠢᠬ᠍ᠰᠠᠨ ᠬᠦᠦ᠎ᠪᠠᠨ ᠤᠯᠵᠤ ᠠᠪᠣᠭ᠍ᠰᠠᠨ ᠭᠡᠳᠡᠭ᠃
ᠬᠢᠯᠢ ᠬᠢᠵᠠᠭᠠᠷ ᠨᠤᠳᠤᠬ ᠪᠤᠢᠳᠠ ᠪᠦᠭ᠌ᠯᠡᠬᠦᠦ᠂ ᠵᠠᠮ ᠬᠠᠷᠢᠯᠴᠠᠭ᠎ᠠ ᠲᠦᠬᠦᠮ ᠦᠬᠡᠢ ᠪᠤᠯᠬᠤᠷ ᠬᠠᠳᠠᠪᠦ᠋ᠬᠡ ᠰᠤᠷᠭᠠᠭᠤᠯᠢ᠎ᠶ᠋ᠢᠨ ᠨᠠᠰᠤᠨ᠎ᠳᠤ ᠬᠦᠷᠬᠦ᠌᠎ᠳᠤ᠂ ᠰᠤᠷᠭᠠᠭᠤᠯᠢ᠎ᠳᠤ ᠰᠠᠭᠤᠯᠭᠠᠬᠤ᠎ᠨᠢ ᠮᠠᠰᠢ ᠬᠦᠴᠢᠷᠳᠡᠢ ᠶᠠᠪᠤᠳᠠᠯ ᠪᠤᠯᠪᠠ᠃ ᠨᠢᠮ᠎ᠠ ᠨᠠᠰᠣᠳᠠᠨ ᠬᠠᠳᠠᠪᠦ᠋ᠬᠡ᠎ᠶ᠋ᠢ ᠲᠡᠮᠡᠬᠡᠨ ᠲᠡᠭᠡᠷ᠎ᠡ ᠰᠤᠨᠳᠠᠯᠠᠵᠤ ᠪᠦᠳᠦᠨ ᠬᠤᠶᠠᠷ ᠡᠳᠦᠷ ᠶᠠᠪᠤᠵᠤ ᠪᠦᠷᠢᠳᠦ ᠰᠤᠮᠤᠨ᠎ᠤ ᠪᠠᠭ᠎ᠠ ᠰᠤᠷᠭᠠᠭᠤᠯᠢ᠎ᠳᠤ ᠬᠦᠷᠬᠡᠬᠦ᠌᠎ᠳᠡᠭᠡᠨ ᠢᠷᠡᠵᠦ᠍ ᠶᠠᠪᠣᠬᠤ᠎ᠳᠤ ᠪᠦᠳᠦᠨ 4 ᠡᠳᠦᠷ᠎ᠤᠨ ᠵᠠᠷᠤᠴᠠᠭᠤᠯᠳᠠᠬ ᠪᠠᠢᠵᠠᠢ᠃ ᠪᠦᠷᠢᠳᠦ ᠰᠤᠮᠤᠨ᠎ᠤ ᠰᠤᠷᠭᠠᠭᠤᠯᠢ ᠬᠡᠷ᠎ᠠᠴᠠ᠎ᠨᠢ ᠲᠡᠩᠳᠡᠬᠦᠦ ᠬᠤᠯᠠ ᠪᠠᠢᠬ᠍ᠰᠠᠨ ᠲᠤᠯᠠ ᠬᠠᠳᠠᠪᠦ᠋ᠬᠡ ᠪᠠᠭ᠎ᠠ ᠰᠤᠷᠭᠠᠭᠤᠯᠢ᠎ᠪᠠᠨ ᠴᠤ᠌ ᠲᠡᠬᠦᠰᠭᠡᠭ᠌ᠰᠡᠨ ᠦᠬᠡᠢ ᠰᠤᠷᠤᠯᠭ᠎ᠠ᠎ᠪᠠᠨ ᠲᠤᠷᠭᠤᠨ ᠵᠤᠬ᠍ᠰᠤᠵᠠᠢ᠃
ᠲᠡᠳᠡᠬᠡᠷ ᠵᠢᠯ᠎ᠤᠳ᠎ᠲᠤ᠌᠂ ᠠᠮᠢᠨ ᠵᠢᠷᠦᠬᠡᠨ᠎ᠤ ᠬᠤᠯᠪᠤᠭ᠎ᠠ᠎ᠲᠠᠢ ᠡᠵᠢ᠎ᠨᠢ ᠨᠠᠰᠤ ᠪᠠᠷᠠᠵᠤ᠂ ᠬᠠᠮᠳᠤ ᠬᠢᠯᠢ ᠰᠠᠬᠢᠬᠤ᠎ᠪᠠᠷ ᠢᠷᠡᠭ᠌ᠰᠡᠨ 2 ᠡᠷᠦᠬᠡ᠎ᠨᠢ ᠴᠤ᠌ ᠨᠤᠳᠤᠬ᠎ᠲᠠᠭᠠᠨ ᠪᠤᠴᠠᠵᠤ᠂ ᠨᠢᠮᠡᠶ᠋ᠢᠨᠬᠢᠨᠠᠴᠠ ᠬᠠᠮᠤᠬ᠎ᠤᠨ ᠤᠢ᠍ᠢᠷ᠎ᠠ ᠰᠠᠭᠤᠳᠠᠬ ᠰᠠᠳᠤᠨ᠎ᠨᠢ 200 ᠺᠢᠯᠦᠮᠧᠳ᠋ᠷ᠎ᠤᠨ ᠴᠠᠭᠠᠨ᠎ᠠ᠂ ᠬᠠᠮᠤᠬ᠎ᠤᠨ ᠤᠢ᠍ᠢᠷ᠎ᠠ ᠵᠡᠷᠬᠡᠯᠡᠳᠡᠭᠡ᠎ᠨᠢ ᠴᠤ᠌ 90 ᠭᠠᠷᠤᠢ ᠺᠢᠯᠦᠮᠧᠳ᠋ᠷ ᠵᠠᠢᠳᠠᠢ ᠪᠠᠢᠳᠠᠬ ᠪᠤᠯᠬᠤᠷ ᠨᠢᠮ᠎ᠠ ᠬᠦᠦ ᠬᠠᠳᠠᠪᠦ᠋ᠬᠡ᠎ᠲᠠᠢ᠎ᠪᠠᠨ ᠠᠮᠢ ᠭᠤᠤᠯ᠎ᠢᠶᠠᠨ ᠬᠤᠯᠪᠤᠨ ᠮᠠᠯ ᠮᠠᠯᠯᠠᠵᠤ ᠬᠢᠯᠢ ᠴᠠᠬ᠍ᠳᠠᠬᠤ ᠠᠮᠢᠳᠤᠷᠠᠯ᠎ᠢᠶᠠᠨ ᠦᠷᠬᠦᠯᠵᠢᠯᠡᠬᠦᠯᠪᠡ᠃ ᠲᠡᠷᠡ ᠦᠶ᠎ᠡ᠎ᠳᠤ᠂ ᠨᠢᠮ᠎ᠠ ᠡᠳᠦᠷ᠎ᠨᠢ ᠮᠠᠯ ᠬᠠᠷᠢᠭᠤᠯᠵᠤ᠂ ᠤᠷᠤᠢ᠎ᠨᠢ ᠷᠠᠳᠢᠣ᠋ ᠰᠤᠨᠤᠰᠴᠤ᠌᠂ ᠬᠦᠦ ᠬᠠᠳᠠᠪᠦ᠋ᠬᠡ᠎ᠳᠡᠭᠡᠨ ᠦᠯᠢᠬᠡᠷ ᠶᠠᠷᠢᠵᠤ ᠦᠭ᠌ᠭᠦᠨ᠂ ᠤᠨᠢᠰᠤᠭ᠎ᠠ ᠲᠠᠭᠠᠯᠴᠠᠵᠤ᠂ ᠱᠢᠷ᠎ᠠ ᠡᠳᠦᠷ ᠪᠤᠷᠤ ᠬᠤᠨ᠎ᠤ᠎ᠬᠢ ᠨᠦᠭ᠌ᠴᠢᠬᠡᠵᠦ᠍ ᠪᠠᠢᠯ᠎ᠠ᠃
ᠬᠠᠭᠠᠰ ᠵᠠᠭᠤᠨ᠎ᠤ ᠰᠠᠯᠬᠢᠨ ᠪᠤᠷᠤᠭᠠᠨ᠎ᠳᠤ ᠨᠢᠮ᠎ᠠ ᠲᠠᠯ᠎ᠠ ᠭᠠᠷᠴᠤ᠌ ᠬᠦᠯ᠎ᠨᠢ ᠮᠠᠭᠤᠳᠠᠬ᠍ᠰᠠᠨ ᠪᠤᠯᠬᠤᠷ ᠬᠢᠯᠢ ᠴᠠᠬ᠍ᠳᠠᠬᠤ᠎ᠶ᠋ᠢᠨ ᠠᠷᠭ᠎ᠠ ᠦᠬᠡᠢ ᠪᠤᠯᠵᠤ᠂ ᠬᠢᠯᠢ ᠨᠣᠳᠤᠭ᠎ᠢᠶᠠᠨ ᠰᠠᠬᠢᠵᠤ ᠮᠠᠨᠠᠬᠤ ᠪᠣᠣᠬᠢᠶ᠎ᠠ᠎ᠪᠠᠨ ᠬᠦᠦ ᠬᠠᠳᠠᠪᠦ᠋ᠬᠡ᠎ᠳᠡᠭᠡᠨ ᠳᠠᠮᠵᠢᠭᠤᠯᠣᠨ ᠦᠭ᠌ᠬᠦᠯ᠎ᠡ᠃ 《ᠮᠢᠨᠤ ᠬᠦᠦ ᠰᠤᠷᠭᠠᠭᠤᠯᠢ ᠰᠤᠶᠤᠯᠳᠤ ᠶᠠᠪᠤᠬ᠍ᠰᠠᠨ ᠦᠬᠡᠢ ᠪᠤᠯᠬᠤᠷ ᠨᠤᠳᠤᠬ᠎ᠢᠶᠠᠨ ᠰᠠᠬᠢᠵᠤ᠂ ᠮᠢᠨᠤ ᠨᠠᠰᠤ᠎ᠪᠠᠷ᠎ᠢᠶᠠᠨ ᠬᠢᠵᠦ᠍ ᠢᠷᠡᠭ᠌ᠰᠡᠨ ᠡᠨᠡᠬᠦ᠌ ᠬᠢᠯᠢ ᠰᠠᠬᠢᠵᠤ ᠴᠠᠬ᠍ᠳᠠᠬᠤ ᠠᠵᠢᠯ᠎ᠢ ᠵᠠᠯᠭᠠᠮᠵᠢᠯᠠᠵᠤ ᠬᠢᠬᠦ᠌᠎ᠨᠢ ᠵᠦᠢ ᠶᠤᠰᠤᠨ᠎ᠤ ᠬᠡᠷᠡᠭ》 ᠬᠡᠵᠦ᠍ ᠨᠢᠮ᠎ᠠ ᠨᠠᠰᠣᠳᠠᠨ ᠬᠡᠯᠡᠬᠦ᠌᠎ᠳᠤ᠂ ᠬᠠᠳᠠᠪᠦ᠋ᠬᠡ ᠴᠤ᠌ 《ᠡᠵᠢ᠎ᠶ᠋ᠢᠨ ᠮᠢᠨᠢ ᠬᠦᠯ᠎ᠨᠢ ᠮᠠᠭᠤᠳᠠᠵᠤ ᠬᠢᠯᠢ ᠴᠠᠭ᠍ᠳᠠᠵᠣ ᠳᠡᠢᠯᠬᠦ᠌᠎ᠪᠠᠨ ᠪᠣᠯᠢᠯ᠎ᠠ᠂ ᠤᠳᠤ ᠪᠢ ᠡᠨᠡᠬᠦ᠌ ᠡᠭᠦᠷᠭᠡ᠎ᠶ᠋ᠢ ᠬᠦᠯᠢᠶᠡᠨ ᠠᠪᠣᠭ᠍ᠰᠠᠨ᠃ ᠪᠢ ᠯᠠᠪᠳᠠᠢ ᠡᠵᠢ᠎ᠶ᠋ᠢᠨ᠎ᠢᠶᠠᠨ ᠨᠠᠰᠤ᠎ᠪᠠᠷ᠎ᠢᠶᠠᠨ ᠬᠢᠯᠢ ᠨᠣᠳᠤᠭ᠎ᠢᠶᠠᠨ ᠰᠠᠬᠢᠵᠤ ᠬᠠᠮᠠᠭᠠᠯᠠᠬ᠍ᠰᠠᠨ ᠵᠤᠷᠢᠬ ᠤᠬᠠᠭᠠᠨ᠎ᠢ ᠵᠠᠯᠭᠠᠮᠵᠢᠯᠠᠵᠣ᠂ ᠬᠢᠯᠢ ᠨᠤᠳᠤᠬ᠎ᠢᠶᠠᠨ ᠦᠷᠬᠦᠯᠵᠢᠯᠡᠨ ᠰᠠᠬᠢᠨ᠎ᠠ》 ᠬᠡᠵᠦ᠍ ᠱᠢᠢᠳᠮᠡᠬᠡᠢ ᠬᠡᠯᠡᠨ᠎ᠡ᠃
ᠴᠠᠭ ᠦᠶ᠎ᠡ᠎ᠶ᠋ᠢᠨ ᠬᠦᠭ᠌ᠵᠢᠯᠳᠡ᠎ᠶ᠋ᠢ ᠳᠠᠭᠠᠯᠳᠣᠨ ᠠᠳᠡᠬᠢ ᠬᠢᠯᠢ ᠰᠠᠬᠢᠬᠤ ᠨᠦᠬᠦᠴᠡᠯ ᠮᠡᠳᠡᠭ᠌ᠳᠡᠮ᠎ᠡ ᠰᠠᠢᠵᠢᠷᠠᠵᠤ᠂ ᠬᠡᠷ᠎ᠤᠨ ᠴᠠᠬᠢᠯᠭᠠᠨ ᠬᠡᠷᠡᠭ᠌ᠰᠡᠯ᠂ ᠪᠠᠭ᠎ᠠ ᠬᠡᠯᠪᠡᠷᠢ᠎ᠶ᠋ᠢᠨ ᠰᠠᠯᠬᠢᠨ᠎ᠤ ᠬᠦᠴᠦᠨ᠎ᠤ ᠴᠠᠬᠢᠯᠭᠠᠨ ᠭᠠᠷᠭᠠᠬᠤ ᠮᠠᠱᠢᠨ᠂ ᠬᠠᠷᠢᠯᠴᠠᠭᠤᠷ᠂ ᠭᠠᠷ ᠤᠳᠠᠰᠤ᠂ ᠮᠠᠱᠢᠨ ᠲᠡᠷᠬᠡ ᠴᠢᠨᠠᠬ᠍ᠰᠢᠯᠠᠭᠠᠳ ᠤᠳᠠᠰᠤ ᠦᠬᠡᠢ ᠰᠦᠯᠵᠢᠶ᠎ᠡ᠂ ᠬᠢᠯᠢ ᠴᠠᠬ᠍ᠳᠠᠬᠤ ᠬᠠᠮᠢᠶᠠᠷᠤᠯᠳᠠ᠎ᠶ᠋ᠢᠨ APP ᠬᠦᠷᠳᠡᠯ᠎ᠡ ᠲᠦᠬᠡᠮᠡᠯᠵᠢᠯᠡ᠃
ᠬᠠᠭᠠᠰ ᠵᠠᠭᠤᠨ᠎ᠤ ᠲᠤᠷᠰᠢ᠂ ᠨᠢᠮ᠎ᠠ ᠬᠠᠳᠠᠪᠦ᠋ᠬᠡ ᠬᠤᠶᠠᠭᠤᠯᠠ᠎ᠶ᠋ᠢᠨ ᠬᠢᠯᠢ ᠴᠠᠭ᠍ᠳᠠᠭ᠍ᠰᠠᠨ ᠵᠠᠮ᠎ᠤᠨ ᠣᠷᠳᠣ 18 ᠲᠦᠮᠡ ᠭᠠᠷᠤᠢ ᠺᠢᠯᠦᠮᠧᠳ᠋ᠷ᠎ᠲᠤ ᠬᠦᠷᠴᠦ᠍᠂ ᠲᠡᠯᠡᠬᠡᠢ᠎ᠶ᠋ᠢᠨ ᠪᠦᠰᠡᠯᠡᠬᠦᠷᠢ 4 ᠤᠷᠢᠶᠠᠬ᠍ᠰᠠᠨᠲᠠᠢ ᠲᠡᠩᠴᠡᠵᠦ᠍᠂ ᠬᠢᠯᠢ᠎ᠲᠠᠢ ᠤᠢ᠍ᠢᠷᠠᠳᠤᠬ᠍ᠰᠠᠨ ᠬᠦᠮᠦᠨ᠎ᠢ 1000 ᠤᠷᠴᠢᠮ ᠬᠦᠮᠦᠨ ᠤᠳᠠᠭ᠎ᠠ ᠢᠳᠭᠠᠨ ᠪᠤᠴᠠᠭᠠᠵᠤ᠂ ᠭᠠᠳᠠᠭᠠᠳᠤ᠎ᠲᠠᠢ ᠬᠤᠯᠪᠤᠬ᠍ᠳᠠᠬ᠍ᠰᠠᠨ ᠬᠡᠷᠡᠭ ᠨᠢᠭᠡ ᠴᠦ᠍ ᠭᠠᠷᠴᠤ᠌ ᠦᠩᠬᠡᠷᠡᠭ᠌ᠰᠡᠨ ᠦᠬᠡᠢ᠃
《ᠨᠠᠮ᠎ᠤᠨ ᠬᠡᠱᠢᠬᠦᠨ ᠪᠤᠯᠤᠬ᠍ᠰᠠᠨ᠎ᠤ ᠬᠤᠪᠢ᠎ᠳᠤ ᠨᠠᠮ ᠪᠤᠯᠤᠨ ᠵᠠᠰᠠᠬ᠎ᠤᠨ ᠤᠷᠳᠤᠨ᠎ᠠᠴᠠ ᠨᠠᠮᠠᠶ᠋ᠢ ᠢᠳᠡᠬᠡᠵᠦ᠍᠂ ᠨᠠᠮᠠᠶ᠋ᠢ ᠠᠳᠡ ᠢᠷᠡᠬᠦᠯᠵᠦ᠍ ᠬᠢᠯᠢ ᠬᠢᠵᠠᠭᠠᠷ᠎ᠢ ᠰᠠᠬᠢᠭᠤᠯᠵᠤ ᠬᠠᠮᠠᠭᠠᠯᠠᠭᠤᠯᠤᠬ᠍ᠰᠠᠨ ᠶᠤᠮ ᠴᠢᠨᠢ ᠪᠢ ᠯᠠᠪᠳᠠᠢ ᠰᠠᠢᠳᠤᠷ ᠰᠠᠬᠢᠨ᠎ᠠ᠃ ᠤᠳᠤ ᠪᠢ ᠨᠠᠰᠤ ᠠᠬᠢᠵᠣ ᠬᠦᠯ ᠮᠠᠭᠤᠳᠠᠬ᠍ᠰᠠᠨ ᠴᠤ᠌ ᠬᠦᠳᠡᠯᠵᠦ᠍ ᠴᠢᠳᠠᠵᠤ ᠯᠡ ᠪᠠᠢᠪᠠᠯ ᠬᠦᠦ᠎ᠲᠠᠢ᠎ᠪᠠᠨ ᠬᠤᠶᠠᠭᠤᠯᠠ ᠦᠷᠬᠦᠯᠵᠢᠯᠡᠨ ᠬᠢᠯᠢ᠎ᠪᠠᠨ ᠰᠠᠬᠢᠬᠤ ᠬᠠᠷᠢᠭᠤᠴᠠᠯᠭ᠎ᠠ᠎ᠪᠠᠨ ᠬᠦᠢᠴᠡᠳᠭᠡᠵᠦ᠍᠂ ᠠᠮᠢ᠎ᠲᠠᠢ ᠭᠤᠤᠯ᠎ᠲᠠᠢ ᠯᠡ ᠪᠤᠯ ᠬᠢᠯᠢ᠎ᠪᠠᠨ ᠮᠠᠨᠠᠵᠤ ᠰᠠᠬᠢᠨ᠎ᠠ᠃》 ᠨᠢᠮ᠎ᠠ ᠬᠢᠯᠢ᠎ᠶ᠋ᠢᠨ ᠬᠦᠱᠢᠶᠡᠨᠤ ᠲᠡᠷᠬᠡᠳᠡ ᠵᠤᠬ᠍ᠰᠤᠭᠠᠳ ᠡᠢᠨᠬᠦ᠌ ᠬᠡᠯᠡᠨ᠎ᠡ᠃
ᠪᠠᠯᠠᠷᠠᠰᠢ ᠦᠬᠡᠢ ᠭᠠᠪᠢᠶ᠎ᠠ ᠵᠢᠳᠬᠦᠯ! ᠬᠢᠯᠢ᠎ᠶ᠋ᠢᠨ ᠬᠠᠮᠠᠭᠠᠯᠠᠯᠳᠠ᠎ᠶ᠋ᠢᠨ ᠴᠡᠷᠢᠭ ᠠᠩᠬᠢ᠎ᠶ᠋ᠢᠨ ᠲᠠᠷᠤᠭ᠎ᠠ ᠪᠠᠢᠯᠳᠤᠬ᠍ᠴᠢᠳ᠎ᠲᠠᠢ ᠬᠠᠷᠢᠯᠴᠠᠨ ᠬᠠᠪᠰᠤᠷᠤᠯᠴᠠᠨ ᠬᠠᠮᠳᠤ᠎ᠪᠠᠷ ᠴᠢᠷᠮᠠᠢᠵᠤ ᠡᠬᠡ ᠤᠯᠤᠰ᠎ᠤᠨ᠎ᠢᠶᠠᠨ ᠴᠡᠴᠡᠭ᠌ᠯᠡᠯᠳᠡ ᠬᠦᠭ᠌ᠵᠢᠯᠳᠡ᠎ᠳᠤ ᠵᠢᠳᠬᠦᠯ ᠭᠠᠷᠭᠠᠨ᠎ᠠ
ᠭᠠᠳᠠᠭ᠎ᠠ᠎ᠪᠠᠨ ᠵᠠᠬ᠎ᠤᠨ ᠲᠦᠯᠡᠬᠡᠨᠤ ᠲᠡᠷᠢ ᠲᠡᠭ᠌ᠰᠢᠬᠡᠨ ᠤᠪᠤᠭ᠎ᠠ᠎ᠲᠠᠢ᠂ ᠲᠦᠯᠬᠢᠬᠦᠷ ᠲᠡᠷᠬᠡ᠎ᠲᠠᠢ ᠨᠢᠮ᠎ᠠ᠎ᠶ᠋ᠢᠨ ᠬᠡᠷ᠎ᠤᠨ ᠡᠬᠦᠳᠡᠨ᠎ᠳᠠᠬᠢ ᠲᠠᠪᠤᠨ ᠤᠳᠤᠳᠤ ᠤᠯᠠᠭᠠᠨ ᠲᠤᠬ ᠭᠤᠪᠢ᠎ᠶ᠋ᠢᠨ ᠡᠷᠴᠢᠳᠦ ᠰᠠᠯᠬᠢᠨ᠎ᠤ ᠠᠶ᠎ᠠ᠎ᠪᠠᠷ ᠨᠠᠮᠢᠷᠠᠵᠤ᠂ ᠬᠦᠮᠦᠨ ᠠᠮᠢᠳᠠᠨ ᠴᠦᠬᠡᠨ ᠭᠤᠪᠢ ᠨᠤᠳᠤᠬ᠎ᠲᠤ ᠤᠨᠴᠠ᠎ᠶ᠋ᠢᠨ ᠴᠤᠬ ᠵᠢᠪᠬᠤᠭ᠎ᠠ ᠨᠡᠮᠡᠷᠢᠯᠡᠨ᠎ᠡ᠃
ᠲᠦᠷᠦᠬᠦᠬᠡᠨ᠂ ᠡᠨᠡᠬᠦ᠌ ᠲᠠᠪᠤᠨ ᠤᠳᠤᠳᠤ ᠤᠯᠠᠭᠠᠨ ᠲᠤᠬ᠎ᠢ ᠠᠯᠠᠱᠠ ᠪᠠᠷᠠᠭᠤᠨ ᠬᠤᠱᠢᠭᠤᠨ᠎ᠤ ᠬᠢᠯᠢ᠎ᠶ᠋ᠢᠨ ᠬᠠᠮᠢᠶᠠᠷᠤᠯᠳᠠ᠎ᠶ᠋ᠢᠨ ᠶᠡᠭᠡ ᠠᠩᠬᠢ᠎ᠶ᠋ᠢᠨ ᠴᠠᠬ᠍ᠳᠠᠭ᠎ᠠ ᠪᠤᠯᠤᠨ ᠠᠯᠠᠱᠠ ᠪᠠᠷᠠᠭᠤᠨ ᠬᠤᠱᠢᠭᠤᠨ᠎ᠤ ᠬᠠᠤᠯᠢ ᠴᠠᠭᠠᠵᠠ᠎ᠶ᠋ᠢᠨ ᠲᠤᠪᠴᠢᠶ᠎ᠠ᠎ᠶ᠋ᠢᠨ᠎ᠬᠢᠨ ᠨᠢᠮᠠᠶ᠋ᠢᠨᠬᠢᠨᠳᠤ ᠳᠣᠰᠭᠠᠢᠯᠠᠨ ᠬᠦᠷᠬᠡᠨ ᠦᠭ᠌ᠴᠡᠢ᠃ ᠨᠢᠮ᠎ᠠ ᠭᠠᠯ ᠤᠯᠠᠭᠠᠨ ᠤᠯᠤᠰ᠎ᠤᠨ ᠲᠤᠬ᠎ᠢ ᠲᠤᠰᠴᠤ᠌ ᠤᠯᠤᠭᠠᠳ ᠮᠠᠩᠨᠠᠢ ᠲᠡᠨᠢᠨ ᠪᠠᠶᠠᠰᠴᠠᠢ᠃ ᠤᠴᠢᠷ᠎ᠨᠢ᠂ ᠤᠯᠤᠰ᠎ᠤᠨ ᠲᠤᠬ ᠨᠠᠮᠢᠷᠠᠵᠤ ᠪᠠᠢᠪᠠᠯ ᠬᠦᠮᠦᠨ ᠠᠮᠢᠳᠠᠨ᠎ᠤ ᠪᠠᠷ᠎ᠠ ᠦᠬᠡᠢ ᠪᠤᠢᠳᠠ ᠵᠡᠯᠢᠬᠦᠳ ᠶᠡᠭᠡ ᠭᠤᠪᠢ᠎ᠳᠤ ᠴᠤ᠌ ᠬᠡᠰᠡᠨ ᠨᠢᠮ᠎ᠠ ᠭᠠᠭ᠍ᠴᠠᠭᠠᠷᠳᠠᠵᠤ ᠤᠢ᠍ᠢᠳᠭᠠᠷᠯᠠᠬᠤ ᠦᠬᠡᠢ᠂ ᠨᠢᠮ᠎ᠠ᠎ᠶ᠋ᠢᠨ ᠰᠡᠳᠭᠢᠯ᠎ᠳᠤ ᠤᠯᠤᠰ᠎ᠤᠨ ᠲᠤᠬ ᠨᠠᠮᠢᠷᠠᠵᠤ ᠪᠠᠢᠬᠤ ᠭᠠᠵᠠᠷ᠎ᠲᠤ ᠡᠬᠡ ᠤᠯᠤᠰ᠂ ᠬᠡᠷ ᠤᠷᠤᠨ᠎ᠨᠢ ᠪᠤᠢ᠃
ᠨᠢᠮ᠎ᠠ ᠬᠡᠷ᠎ᠲᠡᠭᠡᠨ ᠬᠤᠴᠤᠷᠭᠠᠵᠤ ᠠᠪᠤᠬ᠍ᠰᠠᠨ ᠬᠤᠷᠠᠭ᠎ᠠ᠎ᠲᠠᠢ ᠬᠤᠨᠢᠨ᠎ᠳᠠᠭᠠᠨ ᠤᠰᠤ ᠡᠪᠡᠰᠦ ᠲᠠᠯᠪᠢᠨ ᠦᠭ᠌ᠴᠦ᠂ ᠵᠤᠤᠬᠠᠨ᠎ᠳᠠᠭᠠᠨ ᠭᠠᠯ ᠨᠡᠮᠡᠬᠡᠳ᠂ ᠬᠡᠷ᠎ᠲᠠᠬᠢ ᠬᠢᠨᠠᠨ ᠡᠵᠡᠮᠳᠡᠬᠦᠷ᠎ᠤᠨ ᠺᠤᠮᠫᠢᠦ᠋ᠲᠧᠷ᠎ᠤᠨ ᠲᠡᠯᠬᠡᠴᠡ᠎ᠪᠠᠨ ᠬᠠᠷᠠᠨ᠎ᠠ᠃ ᠪᠠᠰᠠ ᠬᠦᠦ ᠬᠠᠳᠠᠪᠦ᠋ᠬᠡᠠᠴᠠᠪᠠᠨ ᠬᠢᠯᠢ᠎ᠶ᠋ᠢᠨ ᠱᠤᠭᠤᠮ᠎ᠤᠨ ᠪᠠᠢᠳᠠᠯ᠎ᠢ ᠠᠰᠠᠭᠤᠵᠤ ᠯᠠᠪᠯᠠᠨ᠎ᠠ᠃
ᠡᠨᠡ ᠵᠢᠯ 75 ᠨᠠᠰᠤᠨ᠎ᠤ ᠦᠨᠳᠦᠷ ᠨᠠᠰᠤᠨ ᠬᠤᠳᠤ᠎ᠬᠢ ᠵᠤᠭᠤᠬ᠍ᠯᠠᠭᠠ ᠨᠢᠮ᠎ᠠ᠎ᠶ᠋ᠢᠨ ᠬᠦᠯ᠎ᠨᠢ ᠭᠡᠷᠡᠬᠦ᠌ ᠡᠪᠡᠳᠴᠢᠨ᠎ᠲᠠᠢ ᠪᠤᠯᠵᠤ᠂ ᠤᠤᠯᠤᠨᠬᠢᠲᠠᠢᠪᠠᠨ ᠠᠳᠠᠯᠢᠬᠠᠨ ᠬᠢᠯᠢ᠎ᠶ᠋ᠢᠨ ᠱᠤᠭᠤᠮ᠎ᠢ ᠴᠠᠬ᠍ᠳᠠᠵᠤ ᠲᠤᠭᠤᠷᠢᠵᠤ ᠲᠡᠢᠯᠬᠦ᠌ ᠦᠬᠡᠢ ᠴᠤ᠌ ᠬᠡᠰᠡᠨ ᠦᠷᠬᠦᠯᠵᠢ ᠬᠢᠯᠢ᠎ᠶ᠋ᠢᠨ ᠱᠤᠭᠤᠮ᠎ᠤᠨ ᠪᠠᠢᠳᠠᠯ᠎ᠤᠨ ᠲᠤᠬᠠᠢ ᠠᠵᠢᠬ᠍ᠯᠠᠨ ᠬᠠᠷᠠᠵᠤ ᠬᠦᠮᠦᠨ᠎ᠠᠴᠠ ᠯᠠᠪᠯᠠᠨ ᠠᠰᠠᠭᠤᠵᠤ᠂ ᠰᠠᠨᠠᠭ᠎ᠠ ᠪᠤᠯᠵᠤ ᠯᠡ ᠪᠠᠢᠳᠠᠬ᠃ ᠲᠡᠭ᠌ᠷᠢ ᠰᠠᠢᠬᠠᠨ ᠪᠤᠯᠪᠠᠯ ᠪᠠᠰᠠ ᠬᠦᠦ ᠬᠠᠳᠠᠪᠦ᠋ᠬᠡ᠎ᠲᠠᠢ᠎ᠪᠠᠨ ᠬᠠᠮᠳᠤ ᠬᠢᠯᠢ᠎ᠶ᠋ᠢᠨ ᠱᠤᠭᠤᠮ ᠲᠡᠭᠡᠷ᠎ᠡ ᠤᠴᠢᠵᠤ ᠦᠵᠡᠨ᠎ᠡ᠃
ᠨᠢᠮ᠎ᠠ᠎ᠶ᠋ᠢᠨ ᠬᠡᠷ᠎ᠠᠴᠠ ᠬᠠᠮᠤᠬ᠎ᠤᠨ ᠤᠢ᠍ᠢᠷᠠᠬᠠᠨ ᠪᠠᠢᠭ᠎ᠠ ᠬᠦᠷᠰᠢ ᠵᠡᠷᠬᠡᠯᠡᠳᠡᠭᠡ 《ᠠᠢᠯ》 ᠨᠢ᠂ 20 ᠺᠢᠯᠦᠮᠧᠲᠷ᠎ᠤᠨ ᠴᠠᠭᠠᠨᠠᠬᠢ ᠬᠢᠯᠢ᠎ᠶ᠋ᠢᠨ ᠬᠠᠮᠠᠭᠠᠯᠠᠯᠳᠠ᠎ᠶ᠋ᠢᠨ ᠴᠡᠷᠢᠭ ᠠᠩᠬᠢ᠎ᠶ᠋ᠢᠨ ᠲᠠᠷᠤᠭ᠎ᠠ ᠪᠠᠢᠯᠳᠤᠬ᠍ᠴᠢᠳ ᠪᠤᠯᠤᠨ᠎ᠠ᠃ ᠬᠠᠭᠠᠰ ᠵᠠᠭᠤᠨ᠎ᠤ ᠬᠤᠭᠤᠴᠠᠭᠠᠨ᠎ᠳᠤ᠂ ᠴᠡᠷᠢᠭ ᠠᠩᠬᠢ᠎ᠶ᠋ᠢᠨ ᠪᠠᠢᠯᠳᠤᠬ᠍ᠴᠢᠳ ᠰᠠᠷ᠎ᠠ ᠤᠨ᠎ᠤ ᠡᠬᠡᠯᠵᠢᠨ᠎ᠳᠤ ᠪᠦᠯᠦᠭ ᠪᠦᠯᠦᠭ᠎ᠢᠶᠠᠷ ᠬᠠᠯᠠᠬ᠍ᠳᠠᠵᠤ ᠪᠠᠢᠬ᠍ᠰᠠᠨ ᠴᠤ᠌ ᠨᠢᠮ᠎ᠠ ᠪᠤᠯᠤᠨ ᠲᠠᠷᠤᠭ᠎ᠠ ᠪᠠᠢᠯᠳᠤᠬ᠍ᠴᠢᠳ᠎ᠤᠨ ᠬᠠᠷᠢᠴᠠᠭ᠎ᠠ ᠭᠤᠪᠢ᠎ᠶ᠋ᠢᠨ ᠮᠠᠨ᠎ᠤ ᠴᠢᠯᠠᠭᠤ ᠱᠢᠬ ᠪᠠᠬᠢᠵᠢᠨ ᠬᠠᠳᠠᠭᠤᠵᠢᠬ᠍ᠰᠠᠭᠠᠷ ᠢᠷᠡᠵᠡᠢ᠃
《ᠴᠡᠷᠢᠭ ᠠᠩᠬᠢ᠎ᠶ᠋ᠢᠨ ᠪᠠᠢᠯᠳᠤᠬ᠍ᠴᠢᠳ᠎ᠤᠨ ᠲᠤᠳᠤᠷ᠎ᠠ ᠡᠯ᠎ᠡ ᠦᠨᠳᠦᠰᠦᠳᠡᠨ᠎ᠤ ᠵᠠᠯᠠᠭᠤᠴᠤᠳ ᠪᠦᠷ ᠪᠤᠢ᠂ ᠬᠢᠳᠠᠳ ᠦᠨᠳᠦᠰᠦᠳᠡᠨ᠂ ᠮᠤᠩᠭᠤᠯ ᠦᠨᠳᠦᠰᠦᠳᠡᠨ᠎ᠤ ᠵᠠᠯᠠᠭᠤᠴᠤᠳ᠎ᠠᠴᠠ ᠭᠠᠳᠠᠨ᠎ᠠ ᠪᠠᠰᠠ ᠡᠸᠡᠩᠬᠢ ᠦᠨᠳᠦᠰᠦᠳᠡᠨ᠎ᠤ ᠵᠠᠯᠠᠭᠤᠰ ᠴᠤ᠌ ᠪᠠᠢᠭ᠍ᠰᠠᠨ ᠳ᠋ᠠ》 ᠬᠡᠵᠦ᠍ ᠨᠢᠮ᠎ᠠ ᠶᠠᠷᠢᠬ᠍ᠰᠠᠨ᠎ᠢᠶᠠᠨ ᠵᠠᠯᠭᠠᠭᠤᠯᠤᠭᠠᠳ᠄ 《ᠠᠩᠬ᠎ᠠ ᠲᠦᠷᠦᠬᠦᠨ᠎ᠳᠤ ᠴᠡᠷᠢᠭ ᠠᠩᠬᠢ᠎ᠶ᠋ᠢᠨ ᠪᠠᠢᠯᠳᠤᠬ᠍ᠴᠢᠳ ᠮᠠᠨᠤᠰ᠎ᠲᠠᠢ ᠦᠶ᠎ᠡ ᠲᠠᠩ᠎ᠤᠨ ᠬᠦᠮᠦᠰ ᠪᠠᠢᠬ᠍ᠰᠠᠨ᠎ᠢᠶᠠᠨ᠂ ᠰᠡᠬᠦᠯ᠎ᠳᠤᠨᠢ ᠡᠬᠡᠴᠢ ᠠᠨᠢᠶ᠎ᠠ ᠬᠡᠬᠦᠴᠢᠯᠡᠨ ᠲᠠᠭᠤᠳᠠᠵᠤ ᠪᠠᠢᠬ᠍ᠰᠠᠨ᠎ᠢᠶᠠᠨ ᠤᠳᠤ᠎ᠶ᠋ᠢᠨ ᠵᠠᠯᠠᠭᠤᠴᠤᠳ ᠪᠦᠷ ᠯᠡ ᠡᠮᠡᠭᠡ ᠬᠡᠵᠦ᠍ ᠲᠠᠭᠤᠳᠠᠬᠤ ᠪᠤᠯᠤᠬ᠍ᠰᠠᠨ》 ᠬᠡᠵᠦ᠍ ᠬᠦᠷᠡᠩ ᠪᠤᠷᠤᠬᠠᠨ ᠴᠢᠷᠠᠢ᠎ᠳᠠᠭᠠᠨ ᠢᠨᠢᠶᠡᠳᠦ ᠲᠤᠳᠤᠷᠠᠭᠤᠯᠤᠨ ᠬᠡᠯᠡᠨ᠎ᠡ᠃ ᠨᠢᠮ᠎ᠡ ᠬᠠᠭᠠᠰ ᠵᠠᠭᠤᠨ᠎ᠤ ᠲᠤᠷᠱᠢᠳᠠ ᠦᠶ᠎ᠡ ᠦᠶ᠎ᠡ᠎ᠶ᠋ᠢᠨ ᠬᠢᠯᠢ᠎ᠶ᠋ᠢᠨ ᠬᠠᠮᠠᠭᠠᠯᠠᠯᠳᠠ᠎ᠶ᠋ᠢᠨ ᠴᠡᠷᠢᠭ ᠠᠩᠬᠢ᠎ᠶ᠋ᠢᠨ ᠲᠠᠷᠤᠭ᠎ᠠ ᠪᠠᠢᠯᠳᠤᠬ᠍ᠴᠢᠳ᠎ᠲᠠᠢ ᠡᠭᠡᠨᠡᠭ᠌ᠰᠢᠨ ᠲᠠᠰᠤᠯᠴᠠᠵᠤ᠂ ᠬᠠᠷᠢᠯᠴᠠᠨ ᠬᠠᠮᠵᠢᠯᠴᠠᠵᠤ ᠲᠡᠮᠵᠢᠭ᠌ᠰᠡᠭᠡᠷ ᠢᠷᠡᠵᠡᠢ᠃
2012 ᠤᠨ᠎ᠤ ᠨᠠᠮᠤᠷ᠎ᠤᠨ ᠨᠢᠬᠡᠨ ᠡᠳᠦᠷ᠂ ᠠᠯᠠᠱᠠ ᠪᠠᠷᠠᠭᠤᠨ ᠬᠤᠱᠢᠭᠤᠨ᠎ᠤ ᠬᠠᠷ᠎ᠠ ᠰᠤᠬᠠᠢ ᠬᠢᠯᠢ᠎ᠶ᠋ᠢᠨ ᠬᠠᠮᠠᠭᠠᠯᠠᠯᠳᠠ᠎ᠶ᠋ᠢᠨ ᠬᠤᠪᠢᠶᠠᠷᠢ ᠠᠩᠬᠢ᠎ᠶ᠋ᠢᠨ ᠲᠠᠷᠤᠭ᠎ᠠ ᠪᠠᠢᠯᠳᠤᠬ᠍ᠴᠢᠳ ᠬᠢᠯᠢ᠎ᠶ᠋ᠢᠨ ᠱᠣᠭᠤᠮ᠎ᠢᠶᠠᠷ ᠳᠣᠭᠤᠷᠢᠨ ᠴᠠᠬ᠍ᠳᠠᠵᠤ᠂ ᠨᠢᠬᠡᠨ ᠡᠯᠡᠰᠦᠨ ᠴᠤᠬᠢᠶ᠎ᠠ᠎ᠶ᠋ᠢ ᠲᠠᠪᠠᠨ ᠭᠠᠷᠬᠤ᠎ᠳᠤ᠂ ᠬᠤᠯᠠ᠎ᠠᠴᠠ ᠬᠡᠬᠡᠷᠡᠯᠡᠨ ᠬᠦᠶᠦᠬᠦ᠌ ᠮᠠᠱᠢᠨ ᠬᠤᠢᠰᠢ᠎ᠪᠠᠨ ᠬᠢᠯᠢ ᠤᠷᠤᠭᠤ ᠲᠠᠪᠬᠢᠭᠤᠯᠵᠤ ᠪᠠᠢᠬᠤ᠎ᠨᠢ ᠬᠠᠷᠠᠬ᠍ᠳᠠᠯᠠ᠃ ᠲᠠᠷᠤᠭ᠎ᠠ ᠪᠠᠢᠯᠳᠤᠬ᠍ᠴᠢᠳ ᠰᠠᠨᠳᠤᠷᠤᠨ ᠪᠠᠷᠢᠨ ᠤᠯᠠᠭᠠᠨ ᠲᠤᠬ ᠡᠷᠬᠢᠬᠦᠯᠦᠨ ᠵᠤᠬ᠍ᠰᠤᠭᠠᠬᠤ ᠬᠡᠰᠡᠨ᠎ᠳᠤ ᠬᠡᠬᠡᠷᠡᠯᠡᠨ ᠬᠦᠶᠦᠬᠦ᠌ ᠮᠠᠱᠢᠨ ᠬᠠᠷᠢᠨ ᠡᠷᠬᠢᠬᠡᠳ ᠭᠤᠪᠢ᠎ᠶ᠋ᠢᠨ ᠬᠦᠨ ᠤᠷᠤᠭᠤ ᠲᠠᠪᠬᠢᠭᠤᠯᠤᠯᠠ᠃ ᠲᠠᠷᠤᠭ᠎ᠠ ᠪᠠᠢᠯᠳᠤᠬ᠍ᠴᠢᠳ ᠪᠠᠷᠢᠨ ᠨᠢᠮ᠎ᠠ᠎ᠲᠠᠢ ᠬᠤᠯᠪᠤᠭ᠎ᠠ ᠠᠪᠴᠤ᠌ ᠬᠠᠮᠵᠢᠯᠴᠠᠨ ᠬᠤᠷᠢᠬ᠍ᠯᠠᠵᠤ ᠬᠠᠷᠭᠤᠭᠤᠯᠵᠤ ᠪᠠᠢᠴᠠᠭᠠᠬᠤ᠎ᠶ᠋ᠢ ᠬᠦᠰᠡᠪᠡ᠃ ᠨᠢᠮ᠎ᠠ᠎ᠶ᠋ᠢᠨ ᠬᠠᠮᠵᠢᠯᠴᠠᠭᠠᠲᠠᠢᠪᠠᠷ ᠲᠠᠷᠤᠭ᠎ᠠ ᠪᠠᠢᠯᠳᠤᠬ᠍ᠴᠢᠳ ᠰᠡᠵᠢᠭ᠌ᠯᠡᠯᠳᠡᠢ ᠮᠠᠱᠢᠨ ᠲᠡᠷᠬᠡ᠎ᠶ᠋ᠢ ᠡᠵᠡᠮᠳᠡᠵᠦ᠍ ᠬᠠᠤᠯᠢ᠎ᠠᠴᠠ ᠵᠦᠷᠢᠴᠡᠭ᠌ᠰᠡᠨ ᠠᠵᠢᠯᠯᠠᠭ᠎ᠠ ᠡᠬᠦᠰᠭᠦ᠎ᠠᠴᠠ ᠵᠠᠢᠯᠠᠰᠭᠢᠯᠠ᠃ ᠬᠡᠳᠡᠯ᠎ᠡ ᠨᠢᠮ᠎ᠠ ᠲᠤᠬᠠᠢ᠎ᠶ᠋ᠢᠨ ᠦᠶ᠎ᠠ᠎ᠳᠤ ᠶᠠᠬ ᠬᠤᠨᠢ᠎ᠪᠠᠨ ᠬᠤᠳᠠᠯᠠᠵᠤ ᠪᠠᠢᠵᠠᠢ᠃ ᠨᠢᠮ᠎ᠠ ᠡᠬᠦᠷᠬᠡ᠎ᠪᠠᠨ ᠪᠡᠶᠡᠯᠡᠬᠦᠯᠦᠬᠡᠳ ᠬᠡᠷ᠎ᠲᠡᠭᠡᠨ ᠬᠠᠷᠢᠬᠤ᠎ᠳᠤ ᠬᠤᠨᠢᠳ᠎ᠨᠢ ᠪᠤᠳᠠᠷᠠᠬ᠍ᠰᠠᠨ ᠪᠠᠢᠯ᠎ᠠ᠃ ᠬᠡᠪᠡᠴᠦ᠍ ᠨᠢᠮ᠎ᠠ ᠶᠡᠷᠦ᠎ᠨᠢ ᠭᠤᠮᠤᠳᠠᠯ ᠲᠤᠭᠠᠴᠢᠬ᠍ᠰᠠᠨ ᠦᠬᠡᠢ᠂ ᠤᠯᠤᠰ᠎ᠤᠨ ᠠᠱᠢᠬ ᠲᠤᠰᠠ᠎ᠶ᠋ᠢᠨ ᠡᠮᠦᠨ᠎ᠡ ᠮᠠᠨ᠎ᠤ ᠡᠨᠡ ᠵᠢᠭᠠᠬᠠᠨ ᠬᠡᠷ᠎ᠤᠨ ᠰᠦᠢᠳᠦᠯ ᠶᠠᠭᠤ ᠪᠠᠢᠬᠤ ᠪᠤᠢ ᠬᠡᠵᠦ᠍ ᠬᠡᠪ ᠨᠢᠬᠡ ᠬᠡᠯᠡᠵᠦ᠍ ᠶᠠᠪᠤᠨ᠎ᠠ᠃
ᠬᠢᠯᠢ᠎ᠶ᠋ᠢᠨ ᠬᠠᠮᠠᠭᠠᠯᠠᠯᠳᠠ᠎ᠶ᠋ᠢᠨ ᠲᠠᠷᠤᠭ᠎ᠠ ᠪᠠᠢᠯᠳᠤᠬ᠍ᠴᠢᠳ ᠴᠤ᠌ ᠨᠢᠮ᠎ᠠ᠎ᠶ᠋ᠢ ᠡᠮᠡᠭᠡ ᠬᠡᠵᠦ᠍ ᠬᠦᠨᠳᠦᠳᠭᠡᠨ ᠲᠠᠭᠤᠳᠠᠵᠤ᠂ ᠴᠢᠳᠠᠬᠤ᠎ᠶ᠋ᠢᠨ᠎ᠢᠶᠠᠨ ᠬᠢᠷᠢ᠎ᠪᠠᠷ ᠬᠠᠪᠰᠤᠷᠴᠤ᠌ ᠲᠡᠮᠨᠡᠳᠡᠭ᠃ ᠨᠢᠮ᠎ᠡ᠎ᠶ᠋ᠢᠨ ᠬᠤᠶᠠᠷ ᠬᠦᠯ᠎ᠨᠢ ᠬᠡᠷᠡᠬᠦ᠌ ᠡᠪᠡᠳᠴᠢᠨ᠎ᠲᠠᠢ ᠪᠤᠯᠬᠤᠷ ᠵᠠᠷᠢᠮ ᠡᠮ ᠲᠠᠩ᠎ᠢᠶᠠᠨ 300 ᠺᠢᠯᠦᠮᠧᠳ᠋ᠷ᠎ᠤᠨ ᠴᠠᠭᠠᠨᠠᠬᠢ ᠡᠵᠡᠨ᠎ᠡ ᠬᠤᠱᠢᠭᠤᠨ᠎ᠳᠤ ᠬᠦᠷᠴᠦ᠍ ᠬᠤᠳᠠᠯᠳᠤᠨ ᠠᠪᠳᠠᠬ᠃ ᠡᠢᠮᠦ᠎ᠠᠴᠠ ᠲᠠᠷᠤᠭ᠎ᠠ ᠪᠠᠢᠯᠳᠤᠬ᠍ᠴᠢᠳ ᠭᠠᠳᠠᠬ᠍ᠰᠢ ᠭᠠᠷᠴᠤ᠌ ᠶᠠᠭᠤᠮ᠎ᠡ ᠬᠡᠦᠮ᠎ᠡ ᠬᠤᠳᠠᠯᠳᠤᠨ ᠠᠪᠬᠤ᠎ᠳᠠᠭᠠᠨ ᠨᠢᠮ᠎ᠠ᠎ᠳᠤ ᠡᠮ ᠳᠠᠩ ᠠᠪᠴᠢᠷᠠᠵᠤ ᠦᠭ᠌ᠳᠡᠭ᠃ ᠬᠡᠳᠦᠨ ᠠᠷᠪᠠᠨ ᠵᠢᠯ᠎ᠤᠨ ᠲᠤᠷᠰᠢ᠂ ᠦᠶ᠎ᠡ ᠦᠶ᠎ᠡ᠎ᠶ᠋ᠢᠨ ᠬᠢᠯᠢ᠎ᠶ᠋ᠢᠨ ᠬᠠᠮᠠᠭᠠᠯᠠᠯᠳᠠ᠎ᠶ᠋ᠢᠨ ᠴᠡᠷᠢᠭ ᠠᠩᠬᠢ᠎ᠶ᠋ᠢᠨ ᠲᠠᠷᠤᠭ᠎ᠠ ᠪᠠᠢᠯᠳᠤᠬ᠍ᠴᠢᠳ ᠨᠢᠮ᠎ᠠ᠎ᠶ᠋ᠢᠨ᠎ᠳᠤ ᠬᠦᠷᠴᠦ᠍᠂ ᠤᠰᠤ ᠳᠡᠭᠡᠭᠡᠵᠦ᠍ ᠦᠭ᠌ᠬᠦ᠂ ᠢᠮᠠᠭ᠎ᠠ ᠰᠠᠮᠨᠠᠬᠤ᠂ ᠲᠡᠮᠡᠭᠡ ᠨᠤᠤᠰᠤᠯᠠᠬᠤ᠂ ᠡᠪᠡᠰᠦ ᠲᠡᠭᠡᠭᠡᠬᠦ᠌ ᠵᠡᠷᠬᠡ᠎ᠶ᠋ᠢᠨ ᠠᠵᠢᠯᠳᠤᠨᠢ ᠬᠠᠮᠵᠢᠵᠤ ᠶᠠᠪᠤᠵᠠᠢ᠃ ᠨᠢᠮ᠎ᠠ᠎ᠶ᠋ᠢᠨ ᠲᠡᠩᠭᠡᠢᠭ᠌ᠰᠡᠨ ᠰᠠᠢᠬᠠᠨ ᠭᠤᠷᠪᠠᠨ ᠲᠠᠰᠤᠯᠭ᠎ᠠ ᠪᠠᠢᠱᠢᠩ ᠬᠡᠷ᠎ᠢ 2016 ᠤᠨ᠎ᠳᠤ ᠪᠠᠷᠢᠬᠤ᠎ᠳᠤ ᠮᠦᠨ ᠬᠢᠯᠢ᠎ᠶ᠋ᠢᠨ ᠬᠠᠮᠠᠭᠠᠯᠠᠯᠳᠠ᠎ᠶ᠋ᠢᠨ ᠴᠡᠷᠢᠭ ᠠᠩᠬᠢ᠎ᠶ᠋ᠢᠨ ᠲᠠᠷᠤᠭ᠎ᠠ ᠪᠠᠢᠯᠳᠤᠬ᠍ᠴᠢᠳ ᠶᠡᠬᠡᠬᠡᠨ ᠬᠠᠪᠰᠣᠷᠣᠯᠭ᠎ᠠ ᠦᠵᠡᠭᠦᠯᠦᠭ᠌ᠰᠡᠨ ᠭᠡᠳᠡᠭ᠃ 《ᠤᠳᠤ ᠴᠤ᠌ ᠬᠡᠰᠡᠨ ᠴᠡᠷᠢᠭ᠎ᠤᠨ ᠵᠠᠯᠠᠭᠤᠰ ᠦᠷᠬᠦᠯᠵᠢ ᠲᠡᠷᠬᠡ᠎ᠪᠠᠷ ᠬᠦᠷᠴᠦ᠍ ᠢᠷᠡᠬᠡᠳ ᠬᠠᠪᠰᠤᠷᠤᠭᠤᠯᠬᠤ ᠶᠠᠭᠤᠮ᠎ᠠ ᠪᠠᠢᠨᠠᠦ ᠬᠡᠵᠦ᠍ ᠠᠰᠠᠭᠤᠳᠠᠬ ᠳ᠋ᠠ》 ᠬᠡᠵᠦ᠍ ᠨᠢᠮ᠎ᠠ ᠨᠠᠰᠣᠳᠠᠨ ᠬᠡᠯᠡᠨ᠎ᠡ᠃
ᠨᠢᠮ᠎ᠡ᠎ᠶ᠋ᠢᠨ ᠵᠢᠱ᠌ᠢᠶᠡᠴᠢ ᠦᠢᠯᠡ ᠠᠵᠢᠯᠯᠠᠭ᠎ᠠ ᠵᠠᠭᠤᠴᠢᠯᠠᠭᠤᠷ᠎ᠤᠨ ᠮᠡᠳᠡᠬᠡᠯᠡᠯ᠎ᠢᠶᠠᠷ ᠲᠠᠮᠵᠢᠨ ᠡᠬᠡ ᠤᠯᠤᠰ᠎ᠤᠨ ᠦᠨᠴᠦᠭ ᠪᠤᠯᠤᠩ ᠦᠭᠡᠢ ᠰᠠᠴᠤᠬ᠍ᠳᠠᠬᠤᠳᠤ᠂ ᠬᠢᠯᠢ᠎ᠶ᠋ᠢᠨ ᠴᠡᠷᠢᠭ ᠪᠠᠢᠭ᠍ᠰᠠᠨ ᠵᠠᠷᠢᠮ ᠲᠠᠷᠤᠭ᠎ᠠ ᠪᠠᠢᠯᠳᠤᠬ᠍ᠴᠢᠳ ᠨᠢᠮ᠎ᠠ ᠨᠠᠰᠣᠳᠠᠨ᠎ᠢ ᠦᠵᠡᠵᠦ᠍ ᠲᠠᠨᠢᠴᠢᠬᠠᠭᠠᠳ ᠲᠤᠰᠭᠠᠢᠯᠠᠨ ᠤᠳᠠᠰᠤᠳᠠᠵᠤ ᠪᠡᠶ᠎ᠡ᠎ᠶ᠋ᠢᠨ ᠪᠠᠢᠳᠠᠯ᠎ᠢ᠎ᠨᠢ ᠠᠰᠠᠭᠤᠨ ᠪᠤᠯᠭᠤᠭᠠᠨ᠎ᠠ᠃ 《1989 ᠤᠨ᠎ᠳᠤ ᠠᠳᠡ ᠬᠢᠯᠢ ᠲᠡᠭᠡᠷ᠎ᠡ ᠠᠯᠪᠠ ᠬᠠᠭᠠᠵᠤ ᠪᠠᠢᠬ᠍ᠰᠠᠨ ᠪᠠᠢᠯᠳᠣᠭ᠍ᠴᠢ ᠲᠧᠯᠸᠢᠰ ᠲᠡᠭᠡᠷ᠎ᠡ᠎ᠠᠴᠠ ᠨᠠᠮᠠᠶ᠋ᠢ ᠦᠵᠡᠵᠦ᠍ ᠲᠠᠨᠢᠴᠢᠬᠠᠭᠠᠳ ᠲᠦᠷᠦᠬᠦᠬᠡᠨ ᠤᠳᠠᠰᠤ ᠢᠷᠡᠬᠦᠯᠵᠦ᠍ ᠬᠦᠭ᠌ᠰᠢᠨ ᠮᠢᠨᠤ ᠠᠮᠤᠷ᠎ᠢ ᠠᠰᠠᠭᠤᠵᠤ ᠪᠠᠢᠬ᠍ᠰᠠᠨ ᠱᠢᠦ》 ᠬᠡᠵᠦ᠍ ᠨᠢᠮ᠎ᠠ ᠪᠠᠶᠠᠷᠳᠠᠢᠬᠠᠨ ᠬᠡᠯᠡᠨ᠎ᠡ᠃
ᠨᠢᠮ᠎ᠠ ᠡᠬᠡ ᠬᠦᠦ ᠬᠤᠶᠠᠭᠤᠯᠠ᠎ᠶ᠋ᠢᠨ ᠬᠠᠭᠠᠰ ᠵᠠᠭᠤᠨ᠎ᠤ ᠲᠤᠷᠱᠢᠳᠠ ᠰᠠᠬᠢᠵᠤ ᠮᠠᠨᠠᠬ᠍ᠰᠠᠨ ᠬᠢᠯᠢ᠎ᠶ᠋ᠢᠨ ᠱᠤᠭᠤᠮ ᠲᠡᠳᠦ᠋ᠢᠯᠡ ᠤᠷᠳᠤ ᠪᠢᠰᠢ ᠴᠤ᠌ ᠬᠡᠰᠡᠨ ᠲᠡᠬᠦᠨ᠎ᠤ ᠠᠷᠤ᠎ᠳᠤ ᠠᠭᠤᠤ ᠶᠡᠭᠡ ᠡᠬᠡ ᠤᠯᠤᠰ᠂ ᠡᠯᠢᠬᠡᠨ ᠬᠠᠢᠷᠠᠳᠠᠢ ᠠᠷᠠᠳ ᠲᠦᠮᠡᠨ᠂ ᠡᠯ᠎ᠡ ᠦᠨᠳᠦᠰᠦᠳᠡᠨ ᠪᠦᠯᠬᠦᠮᠳᠡᠨ ᠨᠢᠬᠡᠳᠦᠭ᠌ᠰᠡᠨ ᠬᠠᠮᠳᠤ᠎ᠶ᠋ᠢᠨ ᠬᠡᠷ ᠤᠷᠤᠨ᠎ᠨᠢ ᠪᠤᠢ᠃