《ᠰᠠᠨᠰᠠᠷ᠎ᠤᠨ ᠦᠷ᠎ᠡ》 ᠎ᠶ᠋ᠢᠨ ᠭᠠᠢᠬᠠᠮᠱᠢᠭ — 1 ᠭᠷᠠᠮ᠎ᠠᠴᠠ 15000 ᠭᠷᠠᠮ ᠬᠦᠷᠲᠡᠯ᠎ᠡ
2020-11-16 11:13:45
ᠵᠣᠬᠢᠶᠠᠭ᠍ᠴᠢ᠄
ᠡᠦ ᠬᠤᠷᠴᠠ ᠬᠠᠢ ᠯᠢ ᠶᠠᠨ
ᠣᠩᠱᠢᠭ᠍ᠰᠠᠨ ᠣᠳᠠᠭ᠎ᠠ᠄
★★★☆☆

ᠮᠦᠩᠬᠡᠪᠡᠶᠠᠷ ᠭᠤᠸᠠᠢ᠎ᠳᠤ ᠤᠮᠤᠬ᠍ᠰᠢᠮᠠᠷ ᠶᠠᠭᠤᠮ᠎ᠠ ᠮᠤᠩᠳᠠᠬᠤ ᠦᠭᠡᠢ ᠶᠤᠮ᠃ ᠲᠡᠭᠡᠬᠦ᠌᠎ᠳᠤ ᠲᠡᠷᠡ ᠪᠦᠬᠦᠨ᠎ᠤ ᠲᠤᠳᠤᠷ᠎ᠠ ᠬᠠᠮᠤᠭ᠎ᠠᠴᠠ ᠪᠠᠭ᠍ᠠᠷᠬᠠᠯ ᠪᠤᠯᠭᠠᠳᠠᠭ᠎ᠨᠢ ᠰᠠᠨᠰᠠᠷ᠎ᠲᠤ ᠠᠶᠠᠯᠠᠬ᠍ᠰᠠᠨ ᠨᠢᠭᠡ ᠭᠷᠠᠮ ᠴᠠᠭᠠᠨ ᠭᠤᠶᠤᠤ᠎ᠶ᠋ᠢᠨ ᠦᠷ᠎ᠡ᠎ᠶ᠋ᠢ ᠠᠮᠵᠢᠯᠳᠠ᠎ᠲᠠᠢ ᠲᠠᠷᠢᠵᠤ ᠪᠤᠢᠵᠢᠭᠤᠯᠤᠭᠠᠳ 15 ᠺᠢᠯᠦᠭ᠌ᠷᠠᠮ ᠦᠷ᠎ᠡ ᠬᠤᠷᠢᠶᠠᠬ᠍ᠰᠠᠨ ᠪᠦᠭᠡᠳ ᠪᠠᠰᠠ ᠲᠡᠭᠦᠨ᠎ᠢ᠎ᠪᠠᠨ 400 ᠮᠦ᠍ ᠪᠤᠯᠭᠠᠵᠤ ᠬᠡᠪᠴᠢᠶᠡᠵᠢᠭᠦᠯᠦᠨ ᠲᠠᠷᠢᠬ᠍ᠰᠠᠨ ᠶᠠᠪᠤᠳᠠᠯ ᠪᠤᠯᠤᠨ᠎ᠠ᠃ 《ᠰᠠᠨᠰᠠᠷ》 ᠎ᠢᠶᠠᠷ ᠠᠶᠠᠯᠠᠭ᠍ᠰᠠᠨ ᠨᠢᠭᠡᠬᠡᠨ ᠭᠷᠠᠮ ᠦᠷ᠎ᠡ᠎ᠶ᠋ᠢ ᠲᠡᠭ᠌ᠷᠢ ᠡᠯᠡᠰᠦ᠎ᠳᠤ ᠠᠮᠢᠯᠠᠭᠤᠯᠤᠨ ᠪᠤᠢᠵᠢᠭᠤᠯᠵᠤ᠂ ᠠᠯᠠᠱᠠ ᠨᠤᠳᠤᠭ᠎ᠲᠤ ᠦᠨᠳᠦᠰᠦ ᠬᠠᠳᠭᠤᠭᠤᠯᠵᠦ᠍ ᠦᠷᠡᠯᠡᠬᠦᠯᠦᠨ ᠰᠠᠴᠤᠭ᠍ᠰᠠᠨ ᠶᠠᠪᠤᠳᠠᠯ᠎ᠢᠶᠠᠨ ᠲᠡᠷᠡᠪᠡᠷ ᠦᠷᠦᠭᠡᠯ ᠪᠤᠰᠤᠳ᠎ᠲᠤ 《ᠪᠢ ᠴᠢᠨᠢ ᠠᠵᠠ᠎ᠲᠠᠢ ᠬᠦᠮᠦᠨ᠂ ᠠᠮᠵᠢᠯᠳᠠ᠎ᠲᠠᠢ ᠬᠦᠮᠦᠨ ᠱᠢᠤ》 ᠭᠡᠵᠤ ᠶᠠᠷᠢᠳᠠᠭ ᠪᠠᠢᠪᠠ᠃ 


0f4bbe691b95bd6764cb382adf0d82c.jpg

ᠤᠴᠢᠷ ᠶᠠᠪᠤᠳᠠᠯ᠎ᠢ ᠶᠠᠷᠢᠬᠤ᠎ᠳᠤ ᠡᠢᠮᠤ ᠪᠠᠢᠪᠠ᠃ 2006 ᠣᠨ᠎ᠤ ᠬᠠᠪᠤᠷ᠎ᠤᠨ ᠨᠢᠭᠡᠨ ᠡᠳᠦᠷ᠂ ᠮᠥᠩᠬᠡᠪᠠᠶᠠᠷ᠎ᠤᠨ᠎ᠬᠢᠨ᠎ᠳᠤ ᠠᠯᠠᠱᠠ ᠠᠢᠮᠠᠭ᠎ᠤᠨ ᠶᠠᠳᠠᠭᠤ᠎ᠶ᠋ᠢ ᠲᠡᠳᠬᠦᠬᠦ᠌ ᠠᠯᠪᠠᠨ ᠬᠡᠷ᠎ᠤᠨ ᠬᠠᠷᠢᠭᠤᠴᠠᠯᠭᠠᠳᠠᠨ ᠰᠠᠭᠠᠲᠠᠵᠤ᠂ ᠲᠡᠭᠦᠨ᠎ᠳᠤ ᠨᠢᠭᠡᠨ ᠭᠷᠠᠮ ᠦᠷ᠎ᠡ ᠦᠭ᠌ᠴᠦ᠂ ᠬᠤᠶᠠᠷ ᠭᠠᠷ᠎ᠢ᠎ᠨᠢ ᠴᠢᠩᠭ᠎ᠠ ᠠᠳᠭᠤᠨ᠄ 《ᠲᠠ ᠴᠢᠨᠢ 13 ᠵᠢᠯ᠎ᠤᠨ ᠲᠤᠷᠰᠢ ᠨᠤᠲᠤᠭ ᠤᠰᠤᠨ᠎ᠤ᠎ᠪᠠᠨ ᠠᠮᠢ ᠠᠬᠤᠢ᠎ᠶ᠋ᠢ ᠰᠠᠢᠵᠢᠷᠠᠭᠤᠯᠤᠨ ᠬᠠᠮᠠᠭᠠᠯᠠᠬᠤ ᠦᠢᠯᠡᠰ᠎ᠲᠤ ᠬᠤᠢᠰᠢ ᠦᠭᠡᠢ ᠵᠢᠳᠭᠦᠭ᠌ᠰᠡᠨ ᠬᠦᠮᠦᠨ ᠱᠢᠤ ᠳ᠋ᠠ᠃ ᠲᠠᠨ᠎ᠤ ᠵᠠᠭ᠎ᠤᠨ ᠤᠷᠭᠤᠯᠲᠠ ᠰᠠᠢᠨ ᠪᠠᠢᠨ᠎ᠠ᠂ ᠵᠠᠭ ᠲᠠᠷᠢᠬᠤ ᠬᠠᠱᠢᠷ ᠲᠤᠷᠱᠢᠯᠭ᠎ᠠ᠎ᠲᠠᠢ ᠬᠡᠮᠡᠨ ᠨᠢᠭᠡᠨ ᠬᠦᠨᠲᠤ ᠡᠭᠦᠷᠭᠡ᠎ᠶ᠋ᠢ ᠲᠠᠨ᠎ᠳᠤ ᠲᠠᠭᠠᠭᠠᠯᠭᠠᠶ᠎ᠠ! ᠡᠨᠡ ᠨᠢᠭᠡ ᠭᠷᠠᠮ ᠦᠷ᠎ᠡ᠎ᠶ᠋ᠢ ᠶᠠᠩ ᠯᠢ ᠸᠧᠢ ᠰᠠᠨᠰᠠᠷ᠎ᠢᠶᠠᠷ ᠲᠤᠭᠤᠷᠢᠭᠤᠯᠵᠤ ᠠᠪᠴᠢᠷᠠᠭ᠍ᠰᠠᠨ ᠶᠤᠮ᠂ ᠪᠦᠬᠦ᠌ ᠠᠯᠠᠱᠨ᠎ᠳᠤ ᠳᠦᠷᠪᠡᠭᠡᠨ ᠭᠷᠠᠮ ᠪᠤᠢ᠂ ᠤᠲᠤ ᠲᠠᠨ᠎ᠳᠤ ᠨᠢᠭᠡ ᠭᠷᠡᠮ᠎ᠢ᠎ᠨᠢ ᠲᠤᠱᠢᠶᠠᠶ᠎ᠠ᠂ ᠶᠠᠭᠠᠬᠢᠭ᠍ᠰᠠᠨ ᠴᠤ᠌ ᠠᠮᠵᠢᠯᠲᠠ᠎ᠲᠠᠢ ᠰᠠᠢᠨ ᠲᠠᠷᠢᠵᠤ ᠪᠤᠢᠵᠢᠭᠤᠯᠬᠤ ᠬᠡᠷᠡᠭ᠌ᠲᠡᠢ᠂ ᠡᠰᠡ ᠲᠡᠢᠮᠦ᠍ ᠪᠤᠯ 200 ᠲᠦᠮᠡᠨ ᠲᠥᠭᠦᠷᠢᠭ᠎ᠢᠶᠠᠷ ᠲᠣᠷᠭᠠᠨ᠎ᠠ ᠱᠢᠤ》 ᠭᠡᠵᠤ ᠬᠦᠰᠡᠭ᠌ᠰᠡᠨ᠂ ᠨᠠᠢᠳᠠᠬ᠍ᠰᠠᠨ᠂ ᠠᠶᠤᠯᠭᠠᠬ᠍ᠰᠠᠨ᠂ ᠠᠷᠭᠠᠳᠠᠬ᠍ᠰᠠᠨ ᠱᠢᠤᠬᠠᠨ ᠶᠠᠷᠢᠭᠠᠳ ᠶᠠᠪᠤᠵᠠᠢ᠃ 

ᠠᠯᠠᠭᠠᠨ᠎ᠳᠤ᠎ᠨᠢ ᠲᠠᠯᠪᠢᠬ᠍ᠳᠠᠬ᠍ᠰᠠᠨ ᠨᠢᠭᠡ ᠭᠷᠠᠮ ᠦᠷ᠎ᠡ᠎ᠨᠢ ᠮᠦᠩᠬᠡᠪᠠᠶᠠᠷ᠎ᠲᠤ ᠮᠢᠩᠭᠠᠨ ᠵᠢᠩ᠎ᠠᠴᠠ ᠴᠤ᠌ ᠬᠦᠨᠳᠤ ᠰᠠᠨᠠᠬ᠍ᠳᠠᠵᠠᠢ᠃ ᠰᠠᠨᠰᠠᠷ᠎ᠢᠶᠠᠷ ᠠᠶᠠᠯᠠᠵᠤ ᠢᠷᠡᠭ᠌ᠰᠡᠨ ᠨᠠᠷᠢᠮᠤ ᠪᠤᠳᠠᠭᠠᠨ᠎ᠤ ᠮᠦᠬᠦᠯᠢᠭ ᠱᠢᠤᠬᠠᠨ ᠡᠨᠡ ᠨᠢᠭᠡ ᠭᠷᠡᠮ ᠦᠷ᠎ᠡ᠎ᠶ᠋ᠢ ᠲᠡᠷᠡ ᠶᠠᠭᠤᠨ᠎ᠤ ᠤᠷᠢᠳ ᠬᠠᠮᠢᠭ᠎ᠠ ᠬᠠᠳᠠᠭᠠᠯᠠᠬᠤ᠎ᠪᠠᠨ ᠬᠦᠷᠳᠡᠯ᠎ᠡ ᠪᠤᠳᠤᠯᠬᠢᠯᠠᠵᠤ ᠠᠮᠵᠢᠪᠠ᠃ ᠭᠡᠭᠡᠴᠢᠬᠡᠪᠡᠯ ᠬᠠᠮᠢᠭ᠎ᠠ᠎ᠠᠴᠠ ᠤᠴᠢᠵᠤ ᠡᠷᠢᠨ᠎ᠠ ᠪᠤᠢ? ᠲᠡᠷᠡ ᠬᠡᠳᠦᠨ ᠡᠳᠦᠷ᠂ ᠮᠦᠩᠬᠡᠪᠠᠶᠠᠷ ᠶᠠᠭᠤ ᠨᠢᠭᠡ᠎ᠪᠠᠨ ᠭᠡᠭᠡᠴᠢᠬᠡᠪᠡᠤ ᠭᠡᠰᠡᠨ ᠱᠢᠭ ᠰᠠᠨᠠᠭ᠎ᠠ ᠰᠡᠳᠭᠢᠯ᠎ᠨᠢ ᠲᠤᠬ᠍ᠳᠠᠪᠤᠷᠢ ᠠᠯᠳᠠᠨ᠂ ᠬᠤᠯᠠ ᠶᠠᠪᠤᠬᠤ᠎ᠠᠴᠠ᠎ᠪᠠᠨ ᠴᠤ᠌ ᠬᠠᠯᠢᠷᠠᠵᠤ᠂ ᠡᠳᠦᠷ᠎ᠲᠤ ᠬᠡᠳᠤ ᠤᠳᠠᠭ᠎ᠠ ᠲᠡᠷᠡᠬᠦ᠌ 《ᠰᠠᠨᠰᠠᠷ᠎ᠤᠨ ᠦᠷ᠎ᠡ》 ᠎ᠪᠠᠨ ᠭᠠᠷᠭᠠᠵᠤ ᠦᠵᠡᠵᠤ ᠱᠢᠨᠵᠢᠳᠡᠭ ᠪᠠᠢᠯ᠎ᠠ᠃


3a2c4ff54694d405eb0569fdd9cd77d.jpg

ᠪᠤᠳᠤᠯᠭ᠎ᠠ᠎ᠲᠠᠢ ᠬᠦᠮᠦᠨ ᠰᠡᠳᠭᠢᠯ ᠬᠦᠨᠳᠤ᠃ ᠦᠭᠡ ᠲᠠᠭᠤ ᠴᠦᠭᠡᠷᠡᠭ᠌ᠰᠡᠨ ᠡᠪᠦᠭᠡᠨ᠎ᠢᠶᠠᠨ ᠬᠠᠷᠠᠭᠠᠳ ᠰᠠᠮᠠᠭᠠᠨ᠎ᠨᠢ ᠬᠤ᠌ ᠨᠠᠷᠠᠨ ᠬᠦᠷᠳᠡᠯ᠎ᠡ ᠭᠠᠢᠬᠠᠰᠢ ᠠᠯᠳᠠᠵᠤ ᠪᠠᠢᠪᠠ᠃ ᠭᠡᠳᠡᠯ᠎ᠡ ᠮᠦᠩᠬᠡᠪᠠᠶᠠᠷ᠎ᠤᠨ ᠪᠤᠳᠤᠯ ᠰᠡᠳᠭᠢᠯ᠎ᠢ ᠬᠡᠨ ᠮᠡᠳᠡᠬᠦ᠌ ᠠᠵᠢ᠃ ᠨᠢᠭᠡ ᠭᠷᠠᠮ ᠦᠷ᠎ᠡ᠎ᠪᠠᠨ ᠭᠡᠭᠡᠬᠦ᠌᠎ᠠᠴᠠ᠎ᠪᠠᠨ ᠠᠶᠤᠨ᠎ᠠ᠂ ᠲᠠᠷᠢᠴᠢᠬᠠᠭᠠᠳ ᠡᠳᠡᠭᠡᠷᠡᠵᠤ ᠤᠷᠭᠤᠬᠤ ᠦᠭᠡᠢ᠎ᠠᠴᠠ ᠵᠤᠪᠠᠨᠢᠨ᠎ᠠ᠂ ᠨᠠᠮ ᠵᠠᠰᠠᠭ᠎ᠤᠨ ᠬᠦᠰᠡᠯ ᠨᠠᠢᠳᠠᠯᠭ᠎ᠠ᠎ᠶ᠋ᠢ ᠬᠦᠰᠡᠷᠳᠡᠭᠦᠯᠬᠦ᠌᠎ᠠᠴᠠ ᠡᠮᠢᠶᠡᠨ᠎ᠡ᠃ ᠲᠡᠭᠡᠭᠡᠳ ᠲᠠᠷᠢᠬᠤ ᠤᠯᠠᠷᠢᠯ ᠬᠦᠷᠴᠤ᠌ ᠢᠷᠡᠬᠦ᠌᠎ᠶ᠋ᠢ ᠲᠡᠰᠪᠤᠷᠢ ᠠᠯᠳᠠᠨ ᠬᠦᠯᠢᠶᠡᠵᠤ ᠰᠠᠭᠤᠵᠠᠢ᠃

ᠬᠤᠷᠢᠭᠠᠳ ᠡᠳᠦᠷ ᠬᠦᠯᠢᠶᠡᠵᠤ ᠰᠠᠭᠤᠭᠠᠳ ᠴᠠᠭᠠᠨ ᠭᠤᠶᠤᠤ ᠲᠠᠷᠢᠬᠤ ᠤᠯᠠᠷᠢᠯ᠎ᠢᠶᠠᠨ ᠤᠬ᠍ᠳᠤᠵᠤ ᠠᠪᠤᠯ᠎ᠠ᠃ ᠮᠦᠩᠬᠡᠪᠠᠶᠠᠷ ᠭᠤᠸᠠᠢ ᠲᠡᠷᠡ ᠨᠢᠭᠡ ᠭᠷᠠᠮ ᠴᠠᠭᠠᠨ ᠭᠤᠶᠤᠤ᠎ᠶ᠋ᠢᠨ ᠦᠷ᠎ᠡ᠎ᠪᠠᠨ ᠲᠤᠳᠤᠷ ᠬᠠᠷᠮᠠᠨ᠎ᠳᠤ᠎ᠪᠠᠨ ᠬᠢᠵᠤ᠂ ᠵᠠᠮ ᠲᠤᠵᠢ ᠤᠳᠠᠬᠤ ᠦᠭᠡᠢ ᠤᠳᠠᠬᠤ ᠦᠭᠡᠢ ᠲᠡᠮᠳᠡᠷᠢᠨ ᠶᠠᠪᠤᠬ᠍ᠰᠠᠭᠠᠷ 15 ᠰᠠᠭᠤᠷᠢ ᠵᠠᠭ᠎ᠤᠨ ᠦᠨᠳᠦᠰᠦ (ᠮᠠᠯᠴᠢᠳ ᠠᠭᠤᠷᠬᠠᠢ ᠭᠡᠵᠤ ᠬᠡᠯᠡᠳᠡᠭ) ᠲᠤᠤᠷ᠎ᠠ 1.5 ᠮᠧᠲᠷ ᠭᠦᠨ ᠲᠠᠷᠢᠵᠤ ᠲᠠᠯᠪᠢᠭᠠᠳ ᠤᠷᠳᠤ ᠭᠡᠭ᠌ᠴᠢ ᠨᠢᠭᠡ ᠠᠮᠢᠰᠭᠤᠭ᠎ᠠ ᠠᠪᠤᠬ᠍ᠰᠠᠨ ᠠᠵᠢ᠃

ᠬᠦᠯᠢᠶᠡᠯᠳᠡ ᠭᠡᠭ᠌ᠴᠢ ᠤᠳᠠᠭᠠᠨ᠃ ᠮᠦᠩᠬᠡᠪᠠᠶᠠᠷ ᠪᠠᠷᠤᠭ ᠯᠡ ᠡᠳᠦᠷ ᠪᠤᠯᠭᠠᠨ ᠲᠠᠷᠢᠬ᠍ᠰᠠᠨ ᠴᠠᠭᠠᠨ ᠭᠤᠶᠤᠤ᠎ᠪᠠᠨ ᠡᠷᠬᠢᠵᠤ ᠦᠵᠡᠨ᠎ᠡ᠃ ᠬᠤᠯᠤᠭᠠᠨ᠎ᠠ ᠱᠢᠪᠠᠭᠤ ᠮᠠᠯᠳᠠᠵᠤ ᠭᠠᠷᠭᠠᠭᠠᠳ ᠢᠳᠡᠴᠢᠬᠡᠬᠦ᠌᠎ᠠᠴᠠ ᠠᠶᠤᠨ᠎ᠠ᠃ ᠤᠰᠤ ᠴᠢᠬᠢᠭ ᠲᠤᠳᠠᠭᠠᠳ ᠭᠠᠩᠳᠠᠴᠢᠬᠠᠬᠤ᠎ᠠᠴᠠ ᠬᠢᠴᠢᠶᠡᠨ᠎ᠡ᠃ ᠢᠩᠭᠢᠵᠦ᠍ ᠭᠡᠷ ᠵᠠᠭ᠎ᠤᠨ ᠬᠤᠭᠤᠷᠤᠨᠳᠤ 1000 ᠭᠠᠷᠤᠢ ᠡᠳᠦᠷ ᠬᠦᠶᠦᠵᠤ᠂ 3 ᠵᠢᠯ ᠊ᠦᠩᠭᠡᠷᠡᠬᠦ᠌᠎ᠳᠤ ᠲᠠᠷᠢᠬ᠍ᠰᠠᠨ ᠴᠠᠭᠠᠨ ᠭᠤᠶᠤᠤ᠎ᠶ᠋ᠢᠨ ᠲᠤᠯᠤᠭᠠᠢ᠎ᠨᠢ ᠭᠠᠵᠠᠷ᠎ᠠᠴᠠ ᠴᠤᠬᠤᠢ᠍ᠢᠭᠠᠳ ᠢᠷᠡᠬᠦ᠌᠎ᠪᠠᠷ ᠪᠦᠷ ᠴᠤ᠌ ᠰᠠᠨᠠᠭ᠎ᠠ᠎ᠨᠢ ᠠᠮᠠᠷᠠᠵᠤ᠂ ᠬᠠᠮᠠᠭᠠᠯᠠᠵᠤ ᠠᠷᠠᠴᠢᠯᠠᠬᠤ᠎ᠪᠠᠨ ᠴᠢᠩᠭᠠᠳᠭᠠᠵᠠᠢ᠃

ᠴᠠᠭᠠᠨ ᠭᠤᠶᠤᠤ᠎ᠨᠢ ᠦᠰᠦᠭᠡᠳ ᠯᠡ ᠪᠠᠢᠪᠠ᠃ ᠨᠢᠭᠡ ᠮᠡᠳᠡᠬᠦ᠌᠎ᠳᠤ ᠮᠧᠳ᠋ᠷ ᠱᠢᠬᠠᠮ ᠦᠨᠳᠦᠷ ᠪᠤᠯᠵᠠᠢ᠃ ᠡᠩ᠎ᠤᠨ ᠭᠤᠶᠤᠤ ᠲᠤᠬᠤᠢ ᠱᠢᠬᠠᠮ ᠤᠷᠭᠤᠳᠠᠭ᠎ᠢ ᠬᠠᠷᠠᠵᠤ ᠪᠠᠢᠬ᠍ᠰᠠᠨ ᠴᠤ᠌᠂ ᠮᠦᠩᠬᠡᠪᠠᠶᠠᠷ ᠲᠠᠪᠢ ᠭᠠᠷᠳᠠᠯ᠎ᠠ ᠡᠢᠮᠤ ᠦᠨᠳᠦᠷ ᠤᠷᠭᠤᠳᠠᠭ ᠴᠠᠭᠠᠨ ᠭᠤᠶᠤᠤ᠎ᠶ᠋ᠢ ᠠᠩᠬ᠎ᠠ ᠤᠳᠠᠭ᠎ᠠ ᠬᠠᠷᠠᠭᠠᠳ ᠲᠡᠯᠪᠡ ᠪᠠᠶᠠᠷᠯᠠᠵᠠᠢ᠃ 2009 ᠤᠨ᠎ᠤ ᠵᠤᠨ᠎ᠤ ᠰᠡᠭᠦᠯᠴᠢ ᠨᠠᠮᠤᠷ᠎ᠤᠨ ᠡᠬᠢᠨ ᠪᠣᠯᠬᠤ᠎ᠳᠤ 15 ᠰᠠᠭᠤᠷᠢ ᠴᠠᠭᠠᠨ ᠭᠤᠶᠤᠤ᠎ᠶ᠋ᠢᠨ ᠲᠤᠯᠤᠭᠠᠢ᠎ᠠᠴᠠ ᠮᠦᠩᠬᠡᠪᠠᠶᠠᠷ 2 ᠲᠦᠮᠡ ᠭᠠᠷᠤᠢ ᠲᠦᠭᠦᠷᠢᠭ᠎ᠤᠨ ᠦᠷᠳᠡᠭ ᠪᠦᠬᠦᠢ ᠴᠠᠭᠠᠨ ᠭᠤᠶᠤᠤ᠎ᠶ᠋ᠢᠨ ᠦᠷ᠎ᠡ ᠬᠤᠷᠢᠶᠠᠬ᠍ᠰᠠᠨ ᠪᠠᠢᠨ᠎ᠠ᠃ 

《ᠤᠴᠢ ᠦᠰᠦᠷᠦᠭᠡᠳ ᠠᠭᠤᠯᠠ᠎ᠶ᠋ᠢ ᠱᠢᠳᠠᠭᠠᠨ᠎ᠠ》 ᠭᠡᠭ᠌ᠴᠢ᠎ᠪᠠᠷ 2020 ᠤᠨ ᠪᠤᠯᠬᠤ᠎ᠳᠤ᠂ ᠨᠢᠭᠡ ᠭᠷᠠᠮ ᠰᠠᠨᠰᠠᠷ᠎ᠤᠨ ᠦᠷ᠎ᠡ᠎ᠠᠴᠠ ᠬᠤᠷᠢᠶᠠᠬ᠍ᠰᠠᠨ ᠦᠷ᠎ᠡ᠎ᠪᠠᠷ᠎ᠢᠶᠠᠨ ᠲᠡᠷᠡ 400 ᠮᠦ᠍ ᠴᠠᠭᠠᠨ ᠭᠤᠶᠤᠤ ᠲᠠᠷᠢᠬ᠍ᠰᠠᠨ ᠪᠦᠭᠡᠳ ᠴᠠᠭᠠᠨ ᠭᠤᠶᠤᠤ᠎ᠶ᠋ᠢᠨ ᠦᠷ᠎ᠡ᠎ᠪᠠᠨ ᠠᠯᠠᠱᠠ ᠵᠠᠭᠦᠨ ᠬᠤᠱᠢᠭᠤ᠂ ᠠᠯᠠᠱᠠ ᠪᠠᠷᠠᠭᠤᠨ ᠬᠤᠱᠢᠭᠤ᠂ ᠡᠵᠡᠨ᠎ᠡ ᠬᠤᠱᠢᠭᠤ᠎ᠶ᠋ᠢᠨ ᠮᠠᠯᠴᠢᠳ᠎ᠲᠤ 20 ᠭᠠᠷᠤᠢ ᠵᠢᠩ ᠬᠤᠳᠠᠯᠳᠤᠵᠤ᠂ ᠥᠪᠡᠷ᠎ᠢᠶᠠᠨ 3 ᠵᠢᠩ ᠤᠷᠴᠢᠮ᠎ᠢ᠎ᠨᠢ ᠬᠠᠳᠠᠭᠠᠯᠠᠵᠠᠢ᠃ ᠡᠩ᠎ᠤᠨ ᠴᠠᠭᠠᠨ ᠭᠤᠶᠤᠤ᠎ᠶ᠋ᠢᠨ ᠦᠷ᠎ᠡ ᠭᠷᠠᠮ ᠪᠦᠷᠢ᠎ᠳᠡᠭᠡᠨ 20 ᠲᠦᠭᠦᠷᠢᠭ ᠲ᠋ᠦ ᠬᠦᠷᠳᠡᠭ ᠪᠤᠯ ᠰᠠᠨᠰᠠᠷ᠎ᠢᠶᠠᠷ ᠠᠶᠠᠯᠠᠭ᠍ᠰᠠᠨ ᠴᠠᠭᠠᠨ ᠭᠤᠶᠤᠤ᠎ᠶ᠋ᠢᠨ ᠦᠷ᠎ᠡ᠎ᠨᠢ ᠭᠷᠠᠮ ᠪᠦᠷᠢ᠎ᠳᠡᠭᠡᠨ 200 ᠲᠦᠭᠦᠷᠢᠭ ᠲᠤᠯᠵᠤ᠂ ᠦᠨᠡᠬᠡᠷ ᠠᠯᠲᠠ᠎ᠠᠴᠠ ᠴᠤ᠌ ᠦᠨᠡᠲᠡᠢ ᠡᠳ᠋ ᠪᠤᠯᠤᠭ᠍ᠰᠠᠨ ᠠᠵᠢ᠃


3e2a06e4562c0626f2f0d4c5621b5e4.jpg

ᠰᠠᠨᠰᠠᠷ᠎ᠢᠶᠠᠷ ᠲᠤᠭᠤᠷᠢᠭᠠᠳ ᠢᠷᠡᠭ᠌ᠰᠡᠨ ᠦᠷ᠎ᠡ᠎ᠠᠴᠠ ᠭᠠᠷᠤᠭ᠍ᠰᠠᠨ ᠴᠠᠭᠠᠨ ᠭᠤᠶᠤᠤ᠎ᠨᠢ ᠡᠩ᠎ᠤᠨ ᠴᠠᠭᠠᠨ ᠭᠤᠶᠤᠤ᠎ᠲᠠᠢ ᠠᠳᠠᠯᠢᠳᠭᠠᠪᠠᠯ᠂ ᠡᠳᠡᠭᠡᠷᠡᠯᠳᠡ᠎ᠶ᠋ᠢᠨ ᠨᠤᠷᠮ᠎ᠠ᠎ᠨᠢ ᠦᠨᠳᠦᠷ᠂ ᠴᠢᠨᠠᠷ ᠰᠠᠢᠨ᠂ 《ᠪᠡᠶ᠎ᠡ ᠪᠢᠯᠳᠠᠷ》 ᠲᠤᠮᠤ᠂ ᠶᠠᠷᠢᠶᠠᠨ ᠦᠭᠡᠢ ᠦᠨ᠎ᠡ ᠬᠠᠩᠰᠢ᠎ᠨᠢ ᠴᠤ᠌ ᠬᠤᠯᠠ ᠦᠨᠳᠦᠷ ᠪᠠᠢᠪᠠ᠃ ᠮᠦᠩᠬᠡᠪᠠᠶᠠᠷ ᠴᠠᠭᠠᠨ ᠭᠤᠶᠤᠤ᠎ᠶ᠋ᠢᠨ ᠦᠷ᠎ᠡ ᠪᠤᠢᠵᠢᠭᠤᠯᠬᠤ ᠬᠦᠨᠲᠤ ᠡᠭᠦᠷᠭᠡ᠎ᠪᠠᠨ ᠠᠮᠵᠢᠯᠲᠠᠲᠠᠢ ᠪᠡᠶᠡᠯᠡᠭᠦᠯᠦᠭ᠌ᠰᠡᠨ᠎ᠤ ᠰᠠᠭᠤᠷᠢᠨ᠎ᠳᠤ᠂ ᠤᠷᠴᠢᠮ᠎ᠤᠨ ᠬᠡᠳᠦᠨ ᠵᠢᠯ᠎ᠳᠤ ᠴᠠᠭᠠᠨ ᠭᠤᠶᠤᠤ᠎ᠪᠠᠨ ᠬᠤᠳᠠᠯᠳᠤᠬᠤ ᠠᠵᠢᠯ᠎ᠳᠤ ᠬᠦᠴᠦ᠎ᠪᠠᠨ ᠲᠠᠯᠪᠢᠵᠤ᠂ ᠴᠠᠭᠠᠨ ᠭᠤᠶᠤᠤ ᠬᠤᠳᠠᠯᠳᠤᠬ᠍ᠰᠠᠨ ᠵᠢᠯ᠎ᠤᠨ ᠤᠷᠤᠯᠭ᠎ᠠ᠎ᠨᠢ ᠠᠷᠪᠠᠭᠠᠳ ᠲᠦᠮᠡ᠎ᠳᠤ ᠲᠤᠯᠵᠠᠢ᠃ 

ᠦᠨᠡᠨᠳᠡᠭᠡᠨ ᠮᠦᠩᠬᠡᠪᠠᠶᠠᠷ ᠨᠤᠳᠤᠭ᠎ᠤᠨ᠎ᠢᠶᠠᠨ ᠠᠮᠢ ᠠᠬᠤᠢ᠎ᠶ᠋ᠢᠨ ᠲᠦᠯᠦᠭᠡ ᠨᠤᠳᠤᠭ ᠪᠤᠴᠠᠭ᠍ᠰᠠᠨ ᠬᠦᠮᠦᠨ ᠶᠤᠮ᠃ 1993 ᠣᠨ᠎ᠳᠤ᠂ ᠠᠯᠠᠱᠨ ᠵᠡᠭᠦᠨ ᠬᠤᠱᠢᠭᠤᠨ᠎ᠤ ᠴᠤᠭ᠍ᠲᠤᠬᠦᠢᠷᠢᠶ᠎ᠠ ᠰᠤᠮᠤ᠎ᠶ᠋ᠢᠨ ᠤᠯᠠᠭᠠᠨᠴᠤᠨᠵᠢ ᠭᠠᠴᠠᠭᠠᠨ᠎ᠳᠤ ᠤᠷᠲᠤ ᠬᠤᠭᠤᠴᠠᠭ᠎ᠠ ᠭᠠᠩ ᠬᠠᠭ᠍ᠰᠠᠷᠠᠭᠠᠨ᠂ ᠬᠡᠲᠦᠷᠬᠡᠢ ᠮᠠᠯᠵᠢᠭ᠍ᠰᠠᠨ᠂ ᠬᠠᠮᠠᠭᠠᠯᠠᠯᠲᠠ ᠳᠤᠲᠠᠮᠠᠭ ᠵᠡᠷᠭᠡ᠎ᠠᠴᠠ ᠪᠤᠯᠵᠤ ᠨᠤᠲᠤᠭ ᠪᠡᠯᠴᠢᠭᠡᠷ᠎ᠨᠢ ᠡᠪᠳᠡᠭ᠌ᠳᠡᠨ᠂ ᠶᠡᠬᠡᠪᠡᠷ ᠡᠯᠡᠰᠦᠷᠬᠡᠭ᠌ᠵᠢᠵᠠᠢ᠃ ᠦᠰᠴᠤ᠌ ᠲᠦᠷᠦᠭ᠌ᠰᠡᠨ ᠨᠤᠲᠤᠭ ᠤᠰᠤ᠎ᠨᠢ ᠲᠠᠨᠢᠭ᠍ᠳᠠᠬᠤ ᠦᠭᠡᠢ ᠪᠤᠯᠲᠠᠯ᠎ᠠ ᠡᠯᠡᠰᠦᠷᠭᠡᠭ᠌ᠵᠢᠭ᠌ᠰᠡᠨ᠎ᠢ ᠬᠠᠷᠠᠭᠠᠳ᠂ ᠮᠦᠩᠬᠡᠪᠠᠶᠠᠷ ᠰᠡᠳᠭᠢᠯ ᠡᠮᠵᠡᠭ᠌ᠯᠡᠵᠤ᠂ ᠲᠡᠳ᠋ ᠭᠠᠵᠠᠷ᠎ᠤᠨ ᠲᠡᠰ᠎ᠤᠨ ᠠᠯᠪᠠᠨ ᠠᠵᠢᠯ᠎ᠢᠶᠠᠨ ᠬᠠᠶᠠᠭᠠᠳ ᠨᠤᠳᠤᠭ᠎ᠲᠠᠭᠠᠨ ᠪᠤᠴᠠᠵᠤ᠂ ᠨᠤᠳᠤᠭ ᠤᠰᠤ᠎ᠪᠠᠨ ᠪᠦᠳᠦᠭᠡᠨ ᠪᠠᠢᠭᠤᠯᠵᠤ ᠡᠬᠢᠯᠡᠭ᠌ᠰᠡᠨ ᠪᠢᠯᠡ᠃ ᠪᠠᠢᠳᠠᠭ ᠬᠦᠷᠦᠩᠭᠡ᠎ᠪᠠᠨ ᠬᠦᠨᠳᠦᠷᠴᠤ᠌᠂ ᠭᠠᠷ᠎ᠢᠶᠠᠨ ᠨᠤᠬᠤᠯᠵᠤ ᠭᠠᠴᠢᠬ᠍ᠳᠠᠵᠤ ᠦᠩᠭᠡᠷᠡᠯ᠎ᠠ᠂ ᠬᠡᠳᠦᠨ ᠲᠦᠮᠡᠨ᠎ᠤ ᠵᠢᠭᠡᠯᠡᠯᠭᠡ ᠠᠪᠬᠤ᠎ᠶ᠋ᠢᠨ ᠲᠦᠯᠦᠭᠡ ᠪᠤᠰᠤᠳ᠎ᠢ ᠭᠤᠶᠤᠵᠤ ᠴᠢᠷᠠᠢᠳᠠᠵᠤ ᠦᠩᠭᠡᠷᠡᠯ᠎ᠡ᠂ ᠬᠦᠢᠳᠡᠨ ᠨᠦᠢᠳᠠᠨ᠎ᠳᠤ ᠵᠢᠩᠨᠠᠭᠠᠳ ᠬᠦᠯ ᠨᠢᠷᠤᠭᠤ᠎ᠨᠢ ᠡᠪᠡᠳᠬᠦ᠌ ᠠᠷᠬᠠᠭ ᠰᠠᠭᠤᠯ᠎ᠠ᠂ ᠭᠡᠪᠡᠴᠤ᠌ ᠲᠡᠭᠦᠨ᠎ᠤ ᠵᠤᠷᠢᠭ ᠶᠡᠷᠦ᠎ᠨᠢ ᠬᠤᠭᠤᠷᠴᠤ᠌ ᠦᠩᠭᠡᠷᠡᠭᠡ ᠦᠭᠡᠢ᠃ ᠨᠢᠭᠡ ᠮᠡᠳᠡᠬᠦ᠌᠎ᠳᠤ ᠬᠤᠷᠢᠭᠠᠳ ᠵᠢᠯ ᠦᠡᠭ᠌ᠭᠡᠷᠡᠭ᠌ᠰᠡᠨ ᠪᠠᠢᠪᠠ᠃ ᠤᠳᠤ ᠪᠤᠯᠬᠤ᠎ᠳᠤ ᠨᠤᠳᠤᠭ᠎ᠤᠨ ᠬᠢᠨᠢ ᠠᠮᠢ ᠠᠬᠤᠢ ᠰᠠᠢᠵᠢᠷᠠᠵᠤ᠂ ᠠᠮᠢ ᠠᠬᠤᠢ᠎ᠶ᠋ᠢᠨ ᠤᠷᠤᠯᠭ᠎ᠠ᠎ᠨᠢ ᠵᠢᠯ ᠢᠷᠡᠬᠦᠶ᠎ᠠ ᠨᠡᠮᠡᠭ᠌ᠳᠡᠨ᠂ ᠵᠢᠯ᠎ᠳᠤ 50 ᠲᠦᠮᠡᠨ ᠲᠦᠭᠦᠷᠢᠭ᠎ᠤᠨ ᠤᠷᠤᠯᠭ᠎ᠠ᠎ᠲᠠᠢ ᠪᠤᠯᠤᠬ᠍ᠰᠠᠨ ᠪᠦᠭᠡᠳ 4300 ᠮᠦ᠍ ᠨᠤᠳᠤᠭ ᠪᠡᠯᠴᠢᠭᠡᠷ᠎ᠢᠶᠠᠨ ᠪᠦᠬᠦᠨ᠎ᠢ ᠤᠢ᠍ᠢᠵᠢᠭᠤᠯᠵᠤ ᠨᠤᠭᠤᠭᠠᠷᠠᠭᠤᠯᠵᠤ ᠠᠪᠴᠠᠢ᠃ 

ᠠᠷᠢᠭᠤᠨ ᠬᠦᠯᠦᠰᠦ ᠠᠵᠢᠯᠴᠢ ᠬᠦᠳᠡᠯᠮᠤᠷᠢ ᠨᠢᠭᠡ ᠬᠦᠮᠦᠨ᠎ᠢ ᠬᠠᠷᠠᠯᠳᠠ᠎ᠳᠤᠨᠢ ᠬᠦᠷᠭᠡᠳᠡᠭ ᠲᠠᠷᠳᠠᠩ ᠵᠠᠮ᠎ᠢ ᠲᠡᠪᠢᠰᠳᠡᠭ ᠤᠴᠢᠷᠳᠠᠢ᠃ 67 ᠨᠠᠰᠤᠳᠠᠢ ᠮᠦᠩᠬᠡᠪᠠᠶᠠᠷ ᠭᠤᠸᠠᠢ ᠤᠳᠤ ᠬᠠᠷᠢᠨ᠄ 《ᠤᠮᠪᠤᠯᠤ᠎ᠪᠠᠨ ᠡᠯᠡᠰᠤ ᠨᠠᠭᠠᠳᠤᠭᠤᠯᠤᠶ᠎ᠠ ᠭᠡᠳ ᠦᠪᠡᠷ᠎ᠤᠨ ᠨᠤᠳᠤᠭ᠎ᠠᠴᠠ ᠮᠠᠩᠬ᠎ᠠ ᠤᠯᠳᠠᠬᠤ ᠦᠭᠡᠢ ᠪᠤᠯᠵᠠᠢ᠂ ᠪᠤᠰᠤᠳ᠎ᠤᠨ ᠨᠤᠳᠤᠭ᠎ᠢᠶᠠᠷ ᠬᠦᠷᠦᠶ᠎ᠡ ᠬᠦᠢ》 ᠭᠡᠳ ᠨᠢᠷᠤᠭᠤ ᠬᠡᠳᠡᠭᠡᠷ ᠶᠠᠷᠢᠳᠠᠭ ᠪᠤᠯᠪᠠ᠃






ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号