ᠬᠤᠭᠤᠷ᠎ᠤᠨ ᠤᠷᠠᠯᠢᠭ᠎ᠤᠨ ᠤᠯᠠᠮᠵᠢᠯᠠᠭ᠍ᠴᠢ
2020-11-23 10:54:03
ᠵᠣᠬᠢᠶᠠᠭ᠍ᠴᠢ᠄
ᠲᠤᠷᠠᠨ ᠰᠡᠩᠭᠡᠰᠠᠩᠪᠤ
ᠣᠩᠱᠢᠭ᠍ᠰᠠᠨ ᠣᠳᠠᠭ᠎ᠠ᠄
★★★☆☆

ᠨᠢᠭᠡ ᠭᠠᠷᠠᠭ 1200 ᠺᠢᠯᠤᠮᠧ᠊ ᠲᠷ ᠠᠶᠠᠯᠠᠵᠦ᠍᠂ ᠬᠤᠱᠢᠭᠤᠨ᠎ᠤ᠎ᠪᠠᠨ 9 ᠰᠣᠷᠭᠠᠭᠤᠯᠢ᠎ᠶ᠋ᠢᠨ ᠬᠤᠭᠤᠷᠤᠨᠳᠤ ᠨᠠᠭᠠᠰᠢ ᠴᠠᠭᠠᠰᠢ ᠵᠠᠮᠨᠠᠵᠦ᠍᠂ 400 ᠭᠠᠷᠤᠢ ᠰᠣᠷᠣᠭ᠍ᠴᠢ᠎ᠳᠠᠭᠠᠨ ᠮᠤᠷᠢᠨ ᠬᠤᠭᠤᠷ ᠵᠢᠭᠠᠬᠤ᠎ᠨᠢ ᠪᠤᠤ ᠲᠠᠢᠴᠢᠨ ᠪᠠᠭ᠍ᠰᠢ᠎ᠶ᠋ᠢᠨ ᠬᠠᠳᠠᠭᠤ ᠵᠤᠷᠱᠢᠯ ᠪᠤᠯᠵᠠᠢ᠂ ᠢᠷᠠᠭᠤ ᠡᠭᠡᠱᠢᠭ᠌ᠯᠡᠩᠳᠤ ᠮᠤᠷᠢᠨ ᠬᠤᠭᠤᠷ᠎ᠲᠠᠢ᠎ᠪᠠᠨ ᠬᠠᠨᠢᠯᠠᠵᠤ ᠶᠠᠪᠤᠭ᠍ᠰᠠᠨ ᠡᠨᠡ ᠮᠤᠩᠭᠤᠯ ᠡᠷ᠎ᠡ ᠦᠭ᠌ᠭᠢᠶᠡᠮᠦᠷ ᠵᠠᠩ᠎ᠢᠶᠠᠷ᠎ᠢᠶᠠᠨ ᠲᠡᠯᠡᠭᠡᠢ᠎ᠶ᠋ᠢ ᠪᠠᠭ᠍ᠳᠠᠭᠠᠵᠤ᠂ ᠦᠨᠳᠦᠰᠦᠳᠡᠨ᠎ᠤ ᠬᠤᠭᠤᠷ ᠤᠷᠠᠯᠢᠭ᠎ᠤᠨ ᠦᠢᠯᠡᠰ᠎ᠢ ᠤᠯᠠᠮᠵᠢᠯᠠᠬᠤ᠎ᠶ᠋ᠢᠨ ᠲᠦᠯᠦᠭᠡ ᠴᠢᠳᠠᠯ᠎ᠤᠨ ᠬᠢᠷᠢ᠎ᠪᠠᠷ᠎ᠢᠶᠠᠨ ᠴᠢᠷᠮᠠᠢᠵᠦ᠍ ᠶᠠᠪᠤᠨ᠎ᠠ᠃ 


QQ截图20201123100223.png


ᠪᠤᠤ ᠲᠠᠢᠴᠢᠨ ᠪᠠᠭ᠍ᠰᠢ᠎ᠲᠠᠢ ᠠᠭᠤᠯᠵᠠᠭᠠᠳ ᠰᠠᠶᠢ ᠲᠡᠬᠦᠨ᠎ᠤ ᠲᠦᠢᠯ᠎ᠤᠨ ᠶᠠᠭᠠᠷᠠᠤ ᠭᠡᠳᠡᠭ᠎ᠢ ᠤᠢᠯᠠᠭᠠᠯ᠎ᠠ᠃ ᠲᠡᠷᠡ ᠦᠳᠡ᠎ᠶ᠋ᠢᠨ ᠡᠮᠦᠨ᠎ᠡ ᠴᠢᠪᠠᠭᠠᠳᠤ ᠰᠣᠷᠭᠠᠭᠤᠯᠢ᠎ᠳᠤ ᠮᠤᠷᠢᠨ ᠬᠤᠭᠤᠷ᠎ᠤᠨ ᠬᠢᠴᠢᠶᠡᠯ ᠵᠢᠭᠠᠵᠦ᠍᠂ ᠦᠳᠡ᠎ᠳᠤ ᠮᠤᠷᠢᠨ ᠲᠤᠪᠳᠤᠯᠤᠭ᠎ᠠ᠎ᠪᠠᠷ ᠯᠦᠪᠸᠢ ᠪᠠᠯᠭᠠᠰᠤᠨ᠎ᠳᠠᠭᠠᠨ ᠪᠤᠴᠠᠵᠦ᠍ ᠦᠳᠡ᠎ᠶ᠋ᠢᠨ ᠬᠤᠭᠤᠯᠠ᠎ᠪᠠᠨ ᠢᠳᠡᠵᠦ᠍ ᠠᠮᠵᠢᠯ ᠦᠭᠡᠢ᠎ᠪᠠᠷ ᠵᠠᠷᠤᠳ ᠬᠤᠱᠢᠭᠤᠨ᠎ᠤ ᠲᠤᠷᠱᠢᠯᠳᠠ᠎ᠶ᠋ᠢᠨ ᠪᠠᠭ᠎ᠠ ᠰᠣᠷᠭᠠᠭᠤᠯᠢ᠎ᠳᠤ 20 ᠮᠤᠷᠢᠨ ᠬᠤᠭᠤᠷ ᠬᠦᠷᠭᠡᠨ ᠤᠴᠢᠯ᠎ᠠ᠃ 《ᠦᠳᠡ᠎ᠶ᠋ᠢᠨ ᠬᠤᠢᠨ᠎ᠠ᠎ᠠᠴᠠ ᠡᠬᠢᠯᠡᠨ ᠲᠤᠷᠱᠢᠯᠳᠠ᠎ᠶ᠋ᠢᠨ ᠪᠠᠭ᠎ᠠ ᠰᠣᠷᠭᠠᠭᠤᠯᠢ᠎ᠶ᠋ᠢᠨ ᠰᠤᠷᠤᠭ᠍ᠴᠢᠳ᠎ᠲᠤ ᠮᠤᠷᠢᠨ ᠬᠤᠭᠤᠷ ᠵᠢᠭᠠᠨ᠎ᠠ᠂ ᠮᠠᠷᠭᠠᠰᠢ ᠪᠠᠰᠠ ᠭᠠᠭ᠍ᠠᠢᠳᠤ ᠰᠤᠷᠭᠠᠭᠤᠯᠢ᠎ᠳᠤ 30 ᠮᠤᠷᠢᠨ ᠬᠤᠭᠤᠷ ᠬᠦᠷᠭᠡᠵᠦ᠍ ᠤᠴᠢᠨ᠎ᠠ》 ᠬᠡᠵᠦ᠍ ᠲᠠᠢᠴᠢᠨ ᠪᠠᠭ᠍ᠰᠢ ᠶᠠᠷᠢᠨ᠎ᠠ᠃ ᠲᠡᠬᠦᠨ᠎ᠤ ᠬᠤᠭᠤᠷ ᠬᠦᠷᠬᠡᠵᠥ᠍ ᠤᠴᠢᠨ᠎ᠠ ᠬᠡᠳᠡᠭ᠎ᠨᠢ ᠰᠤᠬᠤᠷ ᠮᠥᠩᠬᠦᠨ᠎ᠤ ᠬᠠᠷᠠᠮᠵᠢ ᠦᠬᠡᠢ ᠠᠵᠢ᠃ 

ᠤᠤᠠᠬ᠎ᠠ ᠤᠷᠠᠯᠢᠭ᠎ᠤᠨ ᠦᠢᠯᠡᠰ᠎ᠲᠤ ᠬᠤᠷᠢᠭᠠᠳ ᠵᠢᠯ ᠵᠢᠳᠭᠦᠭ᠌ᠰᠡᠨ ᠵᠠᠷᠤᠳ ᠨᠤᠳᠤᠭ᠎ᠤᠨ ᠡᠨᠡ ᠬᠦ᠌ ᠠᠪᠢᠶᠠᠰᠯᠢᠭ ᠬᠤᠭᠤᠷᠴᠢ 2016 ᠤᠨ᠎ᠳᠤ ᠯᠦᠪᠸᠢ ᠪᠠᠯᠭᠠᠰᠤᠨ᠎ᠳᠤ 《ᠵᠠᠷᠤᠳ ᠬᠤᠪᠢᠯᠭᠠᠨ ᠬᠦᠯᠦᠭ ᠮᠤᠷᠢᠨ ᠬᠤᠭᠤᠷ ᠤᠷᠠᠯᠢᠭ᠎ᠤᠨ ᠪᠤᠯᠪᠠᠰᠣᠷᠠᠯ᠎ᠤᠨ ᠰᠤᠷᠭᠠᠭᠤᠯᠢ》 ᠎ᠶ᠋ᠢ ᠪᠠᠢᠭᠤᠯᠤᠨ ᠰᠣᠷᠣᠭ᠍ᠴᠢ ᠡᠯᠰᠡᠨ ᠮᠤᠷᠢᠨ ᠬᠤᠭᠤᠷ᠎ᠤᠨ ᠮᠡᠷᠭᠡᠵᠢᠯ ᠵᠢᠭᠠᠪᠠ᠃ ᠬᠡᠪᠡᠴᠦ᠍ ᠲᠠᠯ᠎ᠠ᠎ᠶ᠋ᠢᠨ ᠬᠦᠨ᠎ᠳᠤ ᠰᠠᠭᠤᠷᠢᠱᠢᠵᠤ ᠪᠠᠢᠭ᠎ᠠ ᠮᠠᠯᠴᠢᠨ ᠲᠠᠷᠢᠶᠠᠴᠢᠨ᠎ᠤ ᠬᠡᠤᠬᠡᠳ ᠡᠨᠡ ᠬᠦ᠌ ᠠᠱᠢᠭ᠎ᠢ ᠬᠦᠷᠳᠡᠬᠦ᠌ ᠪᠤᠯᠤᠮᠵᠢ ᠦᠬᠡᠢ᠎ᠠᠴᠠ 2018 ᠤᠨ᠎ᠠᠴᠠ ᠡᠬᠢᠯᠡᠨ ᠰᠣᠷᠭᠠᠨ ᠬᠦᠮᠦᠵᠢᠯ᠎ᠢ ᠬᠦᠳᠡᠭᠡ ᠬᠦᠷᠭᠡᠵᠥ᠍᠂ ᠮᠠᠯᠴᠢᠨ ᠲᠠᠷᠢᠶᠠᠴᠢᠨ᠎ᠤ ᠬᠡᠦᠬᠡᠳ᠎ᠲᠤ ᠮᠤᠷᠢᠨ ᠬᠤᠭᠤᠷ᠎ᠤᠨ ᠮᠡᠷᠭᠡᠵᠢᠯ ᠵᠢᠭᠠᠨ ᠦᠭ᠌ᠴᠦ᠂ ᠮᠤᠷᠢᠨ ᠬᠤᠭᠤᠷ᠎ᠤᠨ ᠤᠷᠠᠯᠢᠭ᠎ᠢᠶᠠᠨ ᠤᠯᠠᠮᠵᠢᠯᠠᠵᠦ᠍ ᠶᠠᠪᠤᠭ᠍ᠰᠠᠨ ᠪᠠᠢᠨ᠎ᠠ᠃ 

《ᠬᠡᠤᠬᠡᠳ᠎ᠤᠨ ᠮᠤᠷᠢᠨ ᠬᠤᠭᠤᠷ ᠰᠣᠷᠣᠶ᠎ᠠ ᠭᠡᠰᠡᠨ ᠬᠦᠰᠡᠯ ᠪᠢᠯᠬᠠᠭ᠍ᠰᠠᠨ ᠬᠠᠷᠠᠴᠠ᠎ᠶ᠋ᠢ ᠦᠵᠡᠭᠦ᠌ ᠪᠦᠷᠢ ᠦᠪᠡᠷ᠎ᠤᠨ ᠬᠢᠵᠥ᠍ ᠪᠠᠢᠭ᠎ᠠ ᠵᠥᠢᠯ᠎ᠳᠡᠭᠡᠨ ᠦᠪᠡᠷ᠎ᠤᠨ ᠡᠷᠬᠡ ᠦᠬᠡᠢ ᠤᠮᠤᠭ᠍ᠰᠢᠳᠠᠭ᠂ ᠮᠤᠷᠢᠨ ᠬᠤᠭᠤᠷ ᠰᠣᠷᠣᠭ᠍ᠰᠠᠨ ᠬᠡᠤᠬᠡᠳ᠎ᠤᠨ ᠴᠢᠷᠠᠢ᠎ᠳᠠᠬᠢ ᠴᠠᠢᠯᠭᠠᠨ ᠢᠨᠢᠶᠡᠮᠰᠦᠭ᠌ᠯᠡᠯ᠎ᠢ ᠬᠠᠷᠠᠭ᠍ᠰᠠᠭᠠᠷ ᠶᠠᠳᠠᠷᠠᠭ᠎ᠠ ᠪᠦᠷ ᠠᠷᠢᠯᠴᠢᠬᠠᠳᠠᠭ》 ᠭᠡᠵᠦ᠍ ᠲᠠᠢᠴᠢᠨ ᠪᠠᠭ᠍ᠰᠢ ᠲᠤᠭ᠍ᠳᠤᠯᠤᠨ ᠶᠠᠷᠢᠨ᠎ᠠ᠃

ᠠᠩᠬ᠎ᠠ ᠬᠦᠳᠡᠭᠡ᠎ᠶ᠋ᠢᠨ ᠰᠣᠷᠭᠠᠭᠤᠯᠢ᠎ᠳᠤ ᠮᠤᠷᠢᠨ ᠬᠤᠭᠤᠷ ᠡᠬᠢᠯᠡᠨ ᠵᠢᠭᠠᠬᠤ᠎ᠳᠤ᠂ ᠮᠤᠷᠢᠨ ᠬᠤᠭᠤᠷ ᠬᠦᠷᠦᠯᠴᠡᠬᠦ᠌ ᠦᠭᠡᠢ᠎ᠠᠴᠠ ᠦᠪᠡᠷ᠎ᠤᠨ ᠮᠠᠱᠢᠨ᠎ᠢᠶᠠᠨ ᠵᠢᠯᠤᠭᠤᠳᠤᠨ ᠬᠤᠪᠢᠨ᠎ᠤ ᠬᠡᠳᠦᠨ ᠮᠤᠷᠢᠨ ᠬᠤᠭᠤᠷ᠎ᠢᠶᠠᠨ ᠲᠡᠭᠡᠭᠡᠵᠦ᠍ ᠬᠡᠳᠦᠨ ᠰᠣᠷᠭᠠᠭᠤᠯᠢ᠎ᠶ᠋ᠢᠨ ᠬᠤᠭᠤᠷᠤᠨᠳᠤ ᠰᠦᠯᠵᠢᠯᠳᠤᠨ ᠬᠦᠶᠤᠵᠦ᠍ ᠪᠠᠢᠭ᠍ᠰᠠᠨ᠃ ᠨᠢᠭᠡ ᠮᠡᠳᠡᠬᠦ᠌᠎ᠳᠤ ᠬᠤᠶᠠᠷ ᠵᠢᠯ ᠦᠩᠭᠡᠷᠡᠯ᠎ᠠ᠂ ᠬᠡᠤᠬᠡᠳ᠎ᠤᠨ ᠰᠣᠷᠤᠯᠭ᠎ᠠ᠎ᠶ᠋ᠢᠨ ᠴᠠᠭ᠎ᠢ ᠰᠠᠭᠠᠳᠠᠭᠠᠬᠤ ᠦᠭᠡᠢ᠎ᠶ᠋ᠢᠨ ᠲᠦᠯᠦᠭᠡ᠂ ᠤᠷᠤᠢ᠎ᠶ᠋ᠢᠨ ᠲᠠᠪᠲᠠᠯᠭ᠎ᠠ ᠪᠠ ᠦᠷᠯᠦᠭᠡ᠎ᠶ᠋ᠢᠨ ᠤᠩᠱᠢᠯᠭ᠎ᠠ᠎ᠶ᠋ᠢᠨ ᠴᠠᠭ᠎ᠢ ᠵᠠᠪᠳᠤᠨ ᠮᠤᠷᠢᠨ ᠬᠤᠭᠤᠷ ᠵᠢᠭᠠᠨ᠎ᠠ᠃ ᠤᠯᠠᠩᠬᠢ᠎ᠳᠠᠭᠠᠨ ᠪᠦᠷᠦᠢ ᠲᠠᠰᠣᠷᠠᠬᠤ ᠦᠶ᠎ᠡ᠎ᠪᠠᠷ ᠬᠢᠴᠢᠶᠡᠯ ᠬᠠᠪᠰᠣᠷᠣᠭ᠍ᠴᠢ᠎ᠲᠠᠢ᠎ᠪᠠᠨ ᠬᠦᠳᠡᠭᠡ᠎ᠶ᠋ᠢᠨ ᠰᠤᠷᠭᠠᠭᠤᠯᠢ ᠦᠭᠡᠳᠡ ᠲᠡᠮᠡᠤᠯᠤᠨ᠎ᠡ᠂ ᠮᠤᠷᠢᠨ ᠬᠤᠭᠤᠷ᠎ᠤᠨ ᠬᠢᠴᠢᠶᠡᠯ᠎ᠢᠶᠠᠨ ᠵᠢᠭᠠᠵᠦ᠍ ᠲᠠᠭᠤᠰᠤᠬ᠍ᠰᠠᠨ᠎ᠤ ᠲᠠᠷᠠᠭ᠎ᠠ᠂ ᠰᠣᠷᠭᠠᠭᠤᠯᠢ᠎ᠶ᠋ᠢᠨ ᠪᠠᠢᠷᠢ ᠪᠤᠶᠤ ᠡᠭᠦᠳᠡᠨ ᠭᠡᠷ᠎ᠲᠤ ᠨᠢᠭᠡ ᠰᠦᠨᠢ ᠠᠷᠭᠠᠴᠠᠭᠠᠨ᠎ᠠ᠂ ᠦᠷᠯᠦᠭᠡ᠎ᠨᠢ ᠤᠷᠭᠤᠬᠤ ᠨᠠᠷᠨ᠎ᠲᠠᠢ ᠤᠷᠤᠯᠳᠤᠨ ᠪᠤᠰᠴᠦ᠍ ᠪᠠᠰᠠ ᠨᠢᠭᠡ ᠬᠢᠴᠢᠶᠡᠯ ᠤᠷᠤᠨ᠎ᠠ᠂ ᠬᠢᠴᠢᠶᠡᠯ᠎ᠢᠶᠠᠨ ᠵᠢᠭᠠᠭᠠᠳ ᠪᠠᠷᠠᠪᠠᠯ ᠲᠠᠷᠠᠭᠠᠴᠢ᠎ᠶ᠋ᠢᠨ ᠰᠣᠷᠭᠠᠭᠤᠯᠢ ᠦᠭᠡᠳᠠ᠎ᠪᠠᠨ ᠶᠠᠪᠤᠨ᠎ᠠ᠃ ᠶᠠᠳᠠᠭᠤ ᠬᠦᠴᠢᠷᠳᠡᠯᠲᠡᠢ ᠠᠢᠯ᠎ᠤᠨ ᠬᠡᠤᠬᠡᠳ᠎ᠲᠤ ᠦᠨ᠎ᠡ ᠲᠦᠯᠦᠪᠦᠷᠢ ᠦᠭᠡᠢ᠎ᠪᠠᠷ ᠮᠤᠷᠢᠨ ᠬᠤᠭᠤᠷ ᠵᠢᠭᠠᠵᠤ᠂ ᠵᠠᠮ᠎ᠤᠨ ᠰᠦᠢᠳᠭᠡᠯ᠂ ᠢᠳᠡᠵᠦ᠍ ᠤᠤᠭᠤᠬᠤ ᠵᠠᠷᠤᠳᠠᠯ᠎ᠢᠶᠠᠨ ᠪᠦᠬᠦᠨ᠎ᠢ ᠦᠪᠡᠰᠦᠪᠠᠨ ᠭᠠᠷᠭᠠᠭ᠍ᠰᠠᠨ ᠴᠤ᠌ ᠡᠳᠦᠷ ᠢᠷᠡᠭᠦᠶ᠎ᠡ ᠪᠤᠯᠪᠠᠰᠣᠷᠠᠩᠭᠤᠢ ᠬᠦᠭ᠌ᠵᠢᠮᠳᠡᠵᠦ᠍ ᠪᠠᠢᠭ᠎ᠠ ᠤᠯᠠᠨ ᠬᠡᠤᠬᠡᠳ᠎ᠢᠶᠠᠨ ᠬᠠᠷᠠᠭᠠᠳ ᠡᠷᠴᠢ ᠵᠤᠷᠢᠭ᠎ᠨᠢ ᠤᠯᠠᠮ ᠤᠷᠬᠢᠯᠤᠨ᠎ᠠ ᠪᠢᠯᠠ! ᠵᠠᠷᠤᠳ ᠬᠤᠱᠢᠭᠤᠨ᠎ᠤ ᠲᠤᠷᠱᠢᠯᠳᠠ᠎ᠶ᠋ᠢᠨ ᠪᠠᠭ᠎ᠠ ᠰᠣᠷᠭᠠᠭᠤᠯᠢ᠎ᠶ᠋ᠢᠨ ᠵᠠᠬᠢᠷᠦᠯ᠎ᠤᠨ ᠰᠤᠷᠤᠭ᠍ᠴᠢᠳ᠎ᠲᠠᠭᠠᠨ ᠮᠤᠷᠢᠨ ᠬᠤᠭᠤᠷ ᠵᠢᠭᠠᠯᠭᠠᠬᠤ ᠤᠷᠢᠯᠭ᠎ᠠ᠎ᠶ᠋ᠢ ᠲᠤᠰᠤᠭᠠᠳ ᠲᠠᠢᠴᠢᠨ ᠪᠠᠭ᠍ᠰᠢ ᠲᠤᠩ ᠪᠠᠶᠠᠷᠲᠠᠢ ᠪᠠᠢᠯ᠎ᠠ᠃ 《ᠬᠢᠳᠠᠳ᠎ᠢᠶᠠᠷ ᠬᠢᠴᠢᠶᠡᠯᠯᠡᠬᠦ᠌ ᠰᠤᠷᠭᠠᠭᠤᠯᠢ᠎ᠳᠤ ᠮᠤᠷᠢᠨ ᠬᠤᠭᠤᠷ ᠦᠭᠡᠢ᠂ ᠲᠡᠭᠡᠪᠡᠯ ᠪᠢ ᠮᠤᠷᠢᠨ ᠬᠤᠭᠤᠷ ᠬᠦᠷᠭᠡᠭᠡᠳ ᠵᠢᠭᠠᠭᠠᠳ ᠦᠭ᠌ᠭᠦᠶ᠎ᠡ᠂ ᠰᠣᠷᠣᠶ᠎ᠠ ᠬᠡᠵᠦ᠍ ᠪᠠᠢᠬᠤ ᠴᠢᠨᠢ ᠰᠠᠢᠨ ᠶᠠᠪᠤᠳᠠᠯ ᠡ》 ᠬᠡᠵᠦ᠍ ᠲᠠᠢᠴᠢᠨ ᠪᠠᠭ᠍ᠰᠢ ᠪᠠᠶᠠᠷᠳᠠᠢᠬᠠᠨ ᠶᠠᠷᠢᠨ᠎ᠠ᠃ ᠰᠣᠷᠦᠶ᠎ᠠ ᠬᠡᠵᠦ᠍ ᠪᠠᠢᠬᠤ ᠰᠤᠷᠭᠠᠭᠤᠯᠢ ᠪᠠᠰᠠ ᠨᠢᠭᠡ ᠨᠡᠮᠡᠭ᠌ᠳᠡᠯ᠎ᠡ᠂ ᠲᠠᠢᠴᠢᠨ ᠪᠠᠭ᠍ᠰᠢ ᠮᠠᠨᠢ ᠤᠯᠠᠮ ᠶᠠᠭᠠᠷᠠᠯᠳᠠᠢ ᠪᠤᠯᠬᠤ᠎ᠨᠢ ᠡ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠶᠥᠩ ᠬᠤᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号