11 ᠰᠠᠷ᠎ᠠ᠎ᠶ᠋ᠢᠨ 6 ᠤ ᠡᠳᠦᠷ᠂ ᠦᠪᠦᠷ ᠮᠤᠩᠭᠤᠯ᠎ᠤᠨ ᠤᠷᠠᠨ ᠵᠢᠷᠤᠬ᠎ᠤᠨ ᠤᠷᠳᠤᠨ᠎ᠤ ᠦᠵᠡᠭᠦᠯᠭᠡ᠎ᠶ᠋ᠢᠨ ᠲᠢᠩᠬᠢᠮ᠎ᠳᠤ ᠤᠷᠠᠨ ᠪᠦᠳᠦᠭᠡᠯ ᠰᠤᠨᠢᠷᠬᠠᠬᠤ᠎ᠪᠠᠷ ᠬᠦᠷᠤᠯᠴᠡᠨ ᠢᠷᠡᠭ᠌ᠰᠡᠨ᠎ᠪᠠᠷ ᠵᠢᠷᠤᠬ᠎ᠤᠨ ᠪᠠᠭ᠍ᠠᠳᠠᠳ ᠤᠯᠡᠨ ᠴᠤ᠌ ᠪᠠᠢᠯ᠎ᠠ᠃ ᠵᠠᠷᠢᠮ᠎ᠨᠢ ᠬᠡᠦᠭᠡᠳᠲᠡᠭᠡᠨᠪᠠᠷ ᠵᠢᠷᠤᠭ᠎ᠢ ᠲᠠᠢᠯᠪᠤᠷᠢᠯᠡᠨ ᠦᠭ᠌ᠴᠦ᠂ ᠵᠠᠷᠢᠮ᠎ᠨᠢ ᠨᠠᠢᠵᠠ ᠨᠦᠬᠦᠳ᠎ᠲᠠᠢ᠎ᠪᠠᠨ ᠤᠯᠤᠯᠳᠠ ᠲᠦᠷᠦᠭ᠌ᠳᠡᠯ᠎ᠢᠶᠠᠨ ᠬᠤᠪᠢᠶᠠᠯᠴᠠᠵᠤ᠂ ᠵᠠᠷᠢᠮ᠎ᠨᠢ ᠤᠷᠠᠨ ᠪᠦᠳᠦᠭᠡᠯ᠎ᠢ ᠨᠠᠷᠢᠪᠴᠢᠯᠠᠨ ᠰᠤᠨᠢᠷᠬᠠᠵᠤ᠂ ᠵᠠᠷᠢᠮ᠎ᠨᠢ ᠵᠢᠷᠤᠭ ᠰᠡᠬᠦᠳᠡᠷ ᠲᠠᠳᠠᠨ᠎ᠠ᠂ ᠵᠠᠷᠢᠮ᠎ᠨᠢ᠎ᠪᠠᠷ ᠵᠢᠷᠤᠭ᠎ᠤᠨ ᠵᠤᠬᠢᠶᠠᠨ ᠪᠦᠳᠦᠭᠡᠯᠭᠡ᠎ᠶ᠋ᠢᠨ ᠬᠡᠪ ᠨᠠᠮᠪᠠ᠎ᠶ᠋ᠢ ᠱᠢᠨᠵᠢᠵᠦ᠍᠂ ᠵᠠᠷᠢᠮ᠎ᠨᠢ ᠵᠤᠬᠢᠶᠠᠨ ᠪᠦᠳᠦᠭᠡᠯᠭᠡ᠎ᠶ᠋ᠢᠨ ᠴᠠᠭᠠᠨᠠᠬᠢ ᠤᠳᠭ᠎ᠠ ᠰᠠᠨᠠᠭ᠎ᠠ᠎ᠶ᠋ᠢ ᠤᠬᠤᠴᠢᠯᠠᠨᠠ ᠁ ᠦᠨᠦᠳᠦᠷ᠂ 《ᠲᠠᠯ᠎ᠠ ᠨᠤᠳᠤᠭ᠎ᠤᠨ ᠲᠤᠷᠭᠠᠨ ᠵᠠᠮ᠎ᠳᠤ ᠪᠤᠯᠵᠤᠵᠤ᠂ ᠦᠵᠡᠰᠭᠦᠯᠡᠩᠳᠤ ᠰᠠᠢᠬᠠᠨ ᠬᠡᠷ ᠤᠷᠤᠨ᠎ᠢᠶᠠᠨ ᠪᠦᠳᠦᠬᠡᠨ ᠪᠠᠢᠭᠤᠯᠤᠶ᠎ᠠ》 ᠭᠤᠤᠯ ᠰᠡᠳᠦᠪᠳᠤ 《ᠨᠢᠬᠡ ᠪᠦᠰᠡ ᠨᠢᠬᠡ ᠵᠠᠮ》 ᠲᠠᠭᠠᠤ ᠤᠯᠠᠨ ᠤᠯᠤᠰ᠎ᠤᠨ᠎ᠪᠠᠷ ᠵᠢᠷᠤᠭ᠎ᠤᠨ ᠦᠵᠡᠰᠭᠦᠯᠡᠩ ᠪᠤᠯᠵᠤᠭ᠎ᠠ ᠶᠤᠰᠤᠭᠠᠷ ᠬᠦᠱᠢᠭᠡ ᠢᠷᠠᠯ᠎ᠠ᠃



ᠲᠤᠰ ᠤᠳᠠᠭ᠎ᠠ᠎ᠶ᠋ᠢᠨ᠎ᠪᠠᠷ ᠵᠢᠷᠤᠭ᠎ᠤᠨ ᠦᠵᠡᠰᠭᠦᠯᠡᠩ᠎ᠢ ᠲᠤᠮᠳᠠᠳᠤ ᠤᠯᠤᠰ᠎ᠤᠨ ᠤᠷᠠᠨ ᠵᠢᠷᠤᠭ᠍ᠴᠢᠳ᠎ᠤᠨ ᠡᠪᠯᠡᠯ᠎ᠤᠨ᠎ᠪᠠᠷ ᠵᠢᠷᠤᠭ᠎ᠤᠨ ᠤᠷᠠᠯᠢᠭ᠎ᠤᠨ ᠵᠦᠪᠯᠡᠯ᠂ ᠦᠪᠦᠷ ᠮᠤᠩᠭᠤᠯ᠎ᠤᠨ ᠤᠳᠭ᠎ᠠ ᠤᠷᠠᠯᠢᠭ᠎ᠤᠨ᠎ᠬᠢᠨ᠎ᠤ ᠬᠤᠯᠪᠤᠭ᠎ᠠ ᠵᠢᠴᠢ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠠᠴᠠ ᠭᠤᠤᠯᠯᠠᠨ ᠡᠷᠬᠢᠯᠡᠵᠤ᠂ ᠦᠪᠦᠷ ᠮᠤᠩᠭᠤᠯ᠎ᠤᠨ ᠤᠷᠠᠨ ᠵᠢᠷᠤᠬ᠍ᠴᠢᠳᠤᠨ ᠡᠪᠯᠡᠯ᠂ ᠦᠪᠦᠷ ᠮᠤᠩᠭᠤᠯ᠎ᠤᠨ ᠤᠷᠠᠨ ᠵᠢᠷᠤᠭ᠎ᠤᠨ ᠤᠷᠳᠤᠨ᠂ ᠲᠤᠮᠳᠠᠳᠤ ᠤᠯᠤᠰ᠎ᠤᠨ᠎ᠪᠠᠷ ᠵᠢᠷᠤᠭ᠎ᠤᠨ ᠮᠦᠽᠧᠢ ᠵᠢᠴᠢ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠤᠷᠠᠨ ᠵᠢᠷᠤᠭ᠎ᠤᠨ ᠲᠡᠬᠡᠳᠤ ᠰᠤᠷᠭᠠᠭᠤᠯᠢ᠎ᠠᠴᠠ ᠲᠠᠭᠠᠭᠠᠴᠢᠯᠠᠨ ᠡᠷᠭᠢᠯᠡᠵᠡᠢ᠂ 11 ᠰᠠᠷ᠎ᠠ᠎ᠶ᠋ᠢᠨ 6 ᠤ ᠡᠳᠦᠷ᠎ᠠᠴᠠ ᠡᠬᠢᠯᠡᠵᠦ᠍ 11 ᠰᠠᠷ᠎ᠠ᠎ᠶ᠋ᠢᠨ 29 ᠤ ᠡᠳᠦᠷ ᠪᠤᠯᠳᠠᠯ᠎ᠠ ᠶᠠᠪᠤᠬ᠍ᠳᠠᠨ᠎ᠠ᠃



《ᠲᠤᠰ ᠤᠳᠠᠭᠠᠨ᠎ᠤ᠎ᠪᠠᠷ ᠵᠢᠷᠤᠭ᠎ᠤᠨ ᠦᠵᠡᠰᠭᠦᠯᠡᠩ᠎ᠨᠢ 〈ᠮᠣᠩᠭᠤᠯ ᠮᠣᠷᠢ᠂ ᠠᠮᠢ ᠨᠠᠰᠤ᠂ ᠪᠠᠢᠭᠠᠯᠢ ᠤᠷᠴᠢᠨ ᠠᠮᠢ ᠠᠬᠤᠶ〉 ᠪᠠᠷ ᠭᠤᠣᠯ ᠠᠭᠤᠯᠭ᠎ᠠ ᠪᠤᠯᠭᠠᠵᠤ᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠠᠯᠳᠠᠷᠲᠤ ᠤᠷᠠᠨ ᠵᠢᠷᠤᠭ᠍ᠴᠢᠨᠤ ᠱᠢᠯᠢᠳᠡᠭ ᠪᠦᠲᠦᠭᠡᠯ᠎ᠢ ᠴᠤᠭ᠍ᠯᠠᠭᠤᠯᠵᠤ᠂ ᠪᠠᠷ ᠵᠢᠷᠤᠭ᠎ᠤᠨ ᠪᠦᠳᠦᠭᠡᠯ᠎ᠢᠶᠠᠷ 〈ᠨᠢᠭᠡ ᠪᠦᠰᠡ ᠨᠢᠭᠡ ᠵᠠᠮ〉 ᠲᠠᠭᠠᠤ ᠤᠯᠤᠰ ᠤᠷᠤᠨ᠎ᠤ ᠭᠦᠨ ᠵᠤᠵᠠᠭᠠᠨ ᠲᠡᠦᠬᠡ ᠰᠣᠶᠣᠯ᠎ᠤᠨ ᠤᠤᠷ ᠲᠤᠨᠳᠠᠰᠤ᠎ᠶ᠋ᠢ ᠲᠡᠯᠭᠡᠨ ᠦᠵᠡᠬᠦᠯᠵᠦ᠍᠂ ᠤᠷᠠᠯᠢᠭ᠎ᠤᠨ ᠦᠭᠡ ᠭᠡᠯᠡ᠎ᠪᠠᠷ ᠱᠢᠨ᠎ᠡ ᠴᠠᠭ ᠦᠶ᠎ᠡ᠎ᠶ᠋ᠢᠨ ᠥᠪᠥᠷ ᠮᠣᠩᠭᠤᠯ᠎ᠤᠨ ᠤᠯᠤᠰ ᠲᠥᠷᠥ᠎ᠶ᠋ᠢᠨ ᠪᠣᠯᠪᠠᠰᠤᠨ᠂ ᠠᠵᠤ ᠠᠬᠤᠢ᠎ᠶ᠋ᠢᠨ ᠬᠥᠭ᠌ᠵᠢᠯᠲᠡ᠂ ᠰᠣᠶᠣᠯ᠎ᠤᠨ ᠴᠡᠴᠡᠭ᠌ᠯᠡᠯᠲᠡ᠂ ᠨᠡᠢᠭᠡᠮ᠎ᠤᠨ ᠲᠣᠭ᠍ᠲᠠᠭᠤᠨ᠂ ᠠᠮᠢ ᠠᠬᠤᠢ᠎ᠶ᠋ᠢᠨ ᠡᠶ᠎ᠡ ᠵᠣᠬᠢᠴᠠᠯ᠂ ᠦᠨᠳᠦᠰᠦᠲᠡᠨ᠎ᠤ ᠪᠦᠯᠬᠦᠮᠳᠡᠯ ᠵᠡᠷᠭᠡ ᠡᠯ᠎ᠡ ᠲᠠᠯ᠎ᠠ᠎ᠶ᠋ᠢᠨ ᠪᠦᠲᠦᠭᠡᠨ ᠪᠠᠢᠭᠤᠯᠤᠯᠲᠠ᠎ᠶ᠋ᠢᠨ ᠱᠢᠨ᠎ᠡ ᠳᠦᠷᠰᠦ ᠪᠠᠢᠳᠠᠯ ᠱᠢᠨ᠎ᠡ ᠵᠣᠷᠢᠭ ᠰᠠᠨᠠᠭ᠎ᠠ᠎ᠶ᠋ᠢ ᠢᠯᠡᠷᠡᠭᠦᠯᠵᠡᠢ᠃ ᠲᠡᠷᠡ᠎ᠨᠢ ᠮᠠᠨ᠎ᠤ ᠣᠷᠣᠨ᠎ᠤ ᠤᠷᠠᠨ ᠵᠢᠷᠤᠭ᠎ᠤᠨ ᠵᠣᠬᠢᠶᠠᠨ ᠪᠦᠲᠦᠭᠡᠯᠭᠡ ᠤᠨᠴᠠᠭᠠᠢᠯᠠᠨ᠎ᠪᠠᠷ ᠵᠢᠷᠤᠭ᠎ᠤᠨ ᠵᠤᠬᠢᠶᠠᠨ ᠪᠦᠳᠦᠭᠡᠯᠭᠡ᠎ᠶ᠋ᠢ ᠤᠯᠠᠮ ᠨᠢᠭᠡ ᠠᠯᠬᠤᠮ ᠴᠡᠴᠡᠭ᠌ᠯᠡᠭᠦᠯᠬᠦ᠂ ᠥᠪᠥᠷ ᠮᠣᠩᠭᠤᠯ᠎ᠤᠨ᠎ᠪᠠᠷ ᠵᠢᠷᠤᠭ᠎ᠤᠨ ᠳᠤᠮᠳᠠᠳᠤ ᠤᠯᠤᠰ ᠴᠢᠨᠠᠭ᠍ᠰᠢᠯᠠᠪᠠᠯ ᠳᠡᠯᠡᠬᠡᠶ᠎ᠶ᠋ᠢᠨ᠎ᠪᠠᠷ ᠵᠢᠷᠤᠭ᠎ᠤᠨ ᠤᠷᠠᠯᠢᠭ᠎ᠤᠨ ᠲᠠᠪᠴᠠᠩ ᠳᠡᠭᠡᠷᠡᠬᠢ ᠨᠥᠯᠥᠭᠡᠯᠡᠬᠦ᠌ ᠬᠦᠴᠦᠨ᠎ᠢ ᠤᠯᠠᠮ ᠨᠢᠭᠡ ᠠᠯᠬᠤᠮ ᠥᠷᠭᠡᠳᠭᠡᠬᠦ᠌᠎ᠳᠤ ᠴᠢᠬᠤᠯᠠ ᠠᠴᠢ ᠬᠤᠯᠪᠣᠭ᠍ᠳᠠᠯ᠎ᠲᠠᠢ ᠶᠤᠮ》 ᠭᠡᠵᠦ᠍ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠲᠡᠰ᠎ᠤᠨ ᠳᠡᠳ᠋ ᠳᠠᠷᠤᠭ᠎ᠠ ᠦᠨᠡᠨᠴᠢ ᠡᠬᠢᠯᠡᠯᠳᠡ᠎ᠶ᠋ᠢᠨ ᠶᠤᠰᠤᠯᠠᠯ ᠲᠡᠭᠡᠷ᠎ᠡ ᠶᠠᠷᠢᠵᠤ ᠪᠠᠢᠯ᠎ᠠ᠃



ᠦᠵᠡᠰᠭᠦᠯᠡᠩᠳᠤ ᠨᠡᠢᠳᠡ 263 ᠪᠠᠷ ᠵᠢᠷᠤᠭ᠎ᠤᠨ ᠪᠦᠳᠦᠭᠡᠯ᠎ᠢ ᠲᠡᠯᠭᠡᠨ ᠦᠵᠡᠬᠦᠯᠵᠡᠢ᠃ ᠤᠯᠤᠰ᠎ᠤᠨ ᠲᠤᠳᠤᠭᠠᠳᠤ᠎ᠠᠴᠠ ᠨᠡᠢᠳᠡ 152 ᠪᠠᠷ ᠵᠢᠷᠤᠭ᠎ᠤᠨ ᠪᠦᠳᠦᠭᠡᠯ᠎ᠢ ᠴᠤᠬ᠍ᠯᠠᠭᠤᠯᠵᠤ᠂ ᠡᠭᠦᠨ᠎ᠳᠤ 58 ᠪᠦᠳᠦᠭᠡᠯ᠎ᠨᠢ ᠤᠯᠤᠰ᠎ᠤᠨ ᠲᠤᠳᠤᠭᠠᠳᠤ᠎ᠶ᠋ᠢᠨ ᠨᠡᠷᠡᠳᠦ᠎ᠪᠠᠷ ᠵᠢᠷᠤᠬ᠍ᠴᠢᠨ ᠪᠠ ᠦᠪᠦᠷ ᠮᠤᠩᠭᠤᠯ ᠤᠷᠤᠨ᠎ᠤ ᠲᠦᠯᠦᠭᠡᠯᠡᠭ᠌ᠴᠢ ᠴᠢᠨᠡᠷᠳᠡᠢ᠎ᠪᠠᠷ ᠵᠢᠷᠤᠬ᠍ᠴᠢᠳᠢ ᠤᠨᠴᠠ ᠤᠷᠢᠵᠤ ᠵᠤᠬᠢᠶᠠᠨ ᠪᠦᠳᠦᠭᠡᠯᠭᠡᠭ᠌ᠰᠡᠨ ᠶᠤᠮ᠃ ᠬᠢᠵᠢᠭ᠎ᠤᠨ ᠪᠠᠢᠳᠠᠯ᠎ᠤᠨ ᠨᠦᠯᠦᠭᠡ᠎ᠠᠴᠠ ᠪᠤᠯᠵᠤ᠂ ᠤᠯᠠᠨ ᠤᠯᠤᠰ᠎ᠤᠨ ᠭᠡᠪᠴᠢᠶᠠᠨ᠎ᠠᠴᠠ ᠪᠦᠳᠦᠭᠡᠯ ᠡᠯᠰᠡᠭ᠌ᠰᠡᠨ ᠦᠬᠡᠢ᠂ ᠬᠠᠷᠢᠨ ᠲᠤᠮᠳᠠᠳᠤ ᠤᠯᠤᠰ᠎ᠤᠨ᠎ᠪᠠᠷ ᠵᠢᠷᠤᠭ᠎ᠤᠨ ᠮᠦᠽᠧᠢ᠎ᠳᠤ ᠬᠠᠳᠠᠭᠠᠯᠠᠵᠤ ᠪᠠᠢᠭ᠎ᠠ 101 ᠪᠠᠷ ᠵᠢᠷᠤᠭ᠎ᠤᠨ ᠪᠦᠳᠦᠭᠡᠯ᠎ᠢ ᠰᠤᠩᠭᠤᠨ ᠠᠪᠴᠢᠷᠠᠵᠤ ᠲᠡᠯᠭᠡᠨ ᠦᠵᠡᠬᠦᠯᠵᠡᠢ᠂ ᠡᠳᠡᠭᠡᠷ ᠪᠦᠳᠦᠭᠡᠯ᠎ᠳᠤ ᠪᠤᠯᠭᠠᠷᠢᠶ᠎ᠠ᠂ ᠫᠤᠯᠠᠨᠳ᠋᠂ ᠪᠧᠯᠬᠢ᠂ ᠤᠷᠤᠰ᠂ ᠺᠤᠷᠢᠶᠠ᠂ ᠶᠠᠫᠤᠨ᠂ ᠬᠠᠩᠭᠠᠷᠢ᠂ ᠹᠷᠠᠨᠼᠢ᠂ ᠭᠧᠷᠮᠠᠨ᠂ ᠢᠲ᠋ᠠᠯᠢ᠂ ᠡᠨᠡᠳᠭᠡᠭ᠂ ᠮᠤᠩᠭᠤᠯ ᠤᠯᠤᠰ ᠵᠡᠷᠭᠡ 40 ᠱᠢᠬᠠᠮ ᠤᠯᠤᠰ᠎ᠤᠨ ᠤᠷᠠᠯᠢᠭ᠍ᠴᠢᠳ᠎ᠤᠨ᠎ᠪᠠᠷ ᠵᠢᠷᠤᠭ᠎ᠤᠨ ᠪᠦᠳᠦᠭᠡᠯ᠎ᠢ ᠪᠠᠭ᠍ᠳᠠᠭᠠᠵᠤ ᠦᠵᠡᠭ᠌ᠴᠢᠳ ᠪᠡᠪᠠᠷ ᠵᠢᠷᠤᠭ᠎ᠤᠨ ᠪᠠᠭ᠍ᠠᠳᠠᠳᠲᠤ ᠤᠷᠠᠯᠢᠭ᠎ᠤᠨ ᠠᠮᠳᠠᠷᠬᠠᠯ ᠬᠠᠩᠭᠠᠭ᠍ᠰᠠᠨ ᠪᠠᠢᠨ᠎ᠠ᠃



《ᠡᠨᠡ ᠤᠳᠠᠭᠠᠨ᠎ᠤ᠎ᠪᠠᠷ ᠵᠢᠷᠤᠭ᠎ᠤᠨ ᠦᠵᠡᠰᠭᠦᠯᠡᠩᠳᠤ ᠪᠢ 〈ᠵᠤᠯᠠ᠎ᠶ᠋ᠢᠨ ᠪᠠᠶᠠᠷ᠎ᠤᠨ ᠢᠷᠦᠭᠡᠯ〉 ᠭᠡᠰᠡᠨ ᠪᠦᠳᠦᠭᠡᠯ᠎ᠲᠠᠢ ᠤᠷᠤᠯᠴᠠᠭ᠍ᠰᠠᠨ ᠶᠤᠮ᠃ 2019 ᠤᠨ᠎ᠳᠤ ᠪᠢ ᠡᠪᠡᠳᠴᠢᠯᠡᠵᠦ᠍ ᠮᠠᠰᠠ ᠵᠠᠰᠠᠯ ᠬᠢᠯᠭᠡᠵᠡᠢ᠂ ᠪᠡᠶ᠎ᠡ᠎ᠶ᠋ᠢᠨ ᠪᠠᠢᠳᠠᠯ ᠢᠯᠠᠷᠢᠱᠢᠬᠤ ᠬᠤᠭᠤᠴᠠᠭᠠᠨ᠎ᠳᠤ ᠠᠮᠢ ᠨᠠᠰᠤᠨ᠎ᠤ ᠲᠤᠬᠠᠢ ᠤᠯᠠᠨ ᠰᠡᠳᠭᠢᠭ᠌ᠳᠡᠯ ᠲᠦᠷᠦᠭ᠌ᠳᠡᠵᠦ᠍᠂ ᠲᠤᠰ ᠪᠦᠳᠦᠭᠡᠯ᠎ᠢᠶᠠᠨ ᠵᠤᠬᠢᠶᠠᠨ ᠪᠦᠳᠦᠭᠡᠵᠡᠢ᠃ ᠲᠤᠰ ᠤᠳᠠᠭᠠᠨ᠎ᠤ ᠦᠵᠡᠰᠭᠦᠯᠡᠩᠳᠤ ᠤᠷᠤᠯᠴᠠᠬ᠍ᠰᠠᠨ᠎ᠨᠢ ᠨᠡᠳᠡ᠎ᠳᠤ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠱᠢᠯᠢᠳᠡᠭ᠎ᠪᠠᠷ ᠵᠢᠷᠤᠭ᠍ᠴᠢᠨ ᠵᠢᠴᠢ ᠲᠡᠭᠦᠨ᠎ᠤ ᠪᠦᠲᠦᠭᠡᠯ᠎ᠢ ᠨᠢᠭᠤᠷᠳᠠᠨ ᠰᠤᠨᠢᠷᠬᠠᠵᠤ᠂ ᠬᠠᠷᠢᠯᠴᠠᠨ ᠰᠤᠷᠤᠯᠴᠠᠬᠤ ᠲᠣᠬᠢᠶᠠᠯ ᠬᠠᠩᠭᠠᠵᠤ᠂ ᠪᠢᠳᠡᠨ᠎ᠤ ᠨᠡᠩ ᠤᠯᠠᠨ ᠥᠷᠭᠡᠨ ᠳᠡᠯᠭᠡᠷ ᠨᠥᠯᠥᠭᠡᠯᠡᠬᠦ᠌ ᠬᠦᠴᠦᠨ ᠪᠠ ᠤᠯᠠᠮᠵᠢᠯᠠᠨ ᠳᠡᠯᠭᠡᠷᠡᠭᠦᠯᠬᠦ᠌ ᠬᠦᠴᠦᠨ᠎ᠲᠠᠢ ᠤᠳᠭ᠎ᠠ ᠤᠷᠠᠯᠢᠭ᠎ᠤᠨ ᠰᠤᠳᠤᠨ ᠪᠦᠲᠦᠭᠡᠯ᠎ᠢ ᠵᠣᠬᠢᠶᠠᠨ ᠪᠦᠲᠦᠭᠡᠬᠦ᠌ ᠤᠷᠮᠠᠰ᠎ᠢ ᠬᠦᠭ᠌ᠵᠢᠭᠡᠭ᠌ᠰᠡᠨ ᠪᠠᠢᠨ᠎ᠠ》 ᠭᠡᠵᠦ᠍ ᠬᠦᠬᠡᠬᠤᠳᠠ ᠦᠨᠳᠦᠰᠦᠳᠡᠨ᠎ᠤ ᠲᠡᠭᠡᠳᠦ ᠰᠤᠷᠭᠠᠭᠤᠯᠢ᠎ᠶ᠋ᠢᠨ ᠤᠷᠠᠨ ᠵᠢᠷᠤᠭ᠎ᠤᠨ ᠰᠠᠯᠪᠤᠷᠢ᠎ᠶ᠋ᠢᠨ ᠪᠠᠭ᠍ᠰᠢ ᠠᠷᠢᠭᠤᠨ᠎ᠠ ᠶᠠᠷᠢᠨ᠎ᠠ᠃
ᠲᠤᠰ ᠤᠳᠠᠭ᠎ᠠ᠎ᠶ᠋ᠢᠨ ᠦᠵᠡᠰᠭᠦᠯᠡᠩ᠎ᠨᠢ ᠦᠪᠦᠷ ᠮᠤᠩᠭᠤᠯ᠎ᠤᠨ ᠰᠤᠶᠤᠯ ᠤᠷᠠᠯᠢᠭ᠎ᠤᠨ ᠬᠦᠭ᠌ᠵᠢᠯᠳᠠ᠎ᠶ᠋ᠢ ᠠᠬᠢᠭᠤᠯᠵᠤ᠂ ᠨᠢᠬᠡ ᠪᠦᠰᠡ ᠨᠢᠬᠡ ᠵᠠᠮ ᠲᠠᠭᠠᠤ ᠤᠯᠤᠰ᠎ᠤᠨ ᠰᠤᠶᠤᠯ᠎ᠤᠨ ᠰᠤᠯᠢᠯᠴᠠᠭ᠎ᠠ ᠪᠤᠯᠤᠨ ᠠᠷᠠᠳ᠎ᠤᠨ ᠲᠤᠮᠳᠠᠬᠢ ᠶᠠᠪᠤᠯᠴᠠᠭ᠎ᠠ᠎ᠶ᠋ᠢ ᠬᠦᠭ᠌ᠵᠢᠶᠡᠨ᠎ᠲᠠᠢ ᠪᠤᠯᠭᠠᠵᠤ᠂ ᠦᠪᠦᠷ ᠮᠤᠩᠭᠤᠯ᠎ᠤᠨ᠎ᠪᠠᠷ ᠵᠢᠷᠤᠭ᠎ᠤᠨ ᠵᠤᠬᠢᠶᠠᠨ ᠪᠦᠳᠦᠬᠡᠯᠬᠡ᠎ᠶ᠋ᠢ ᠬᠦᠴᠦᠯᠡᠨ ᠠᠭᠢᠭᠤᠯᠵᠤ᠂ ᠦᠪᠦᠷ ᠮᠤᠩᠭᠤᠯ ᠪᠠ ᠪᠤᠰᠤᠳ ᠤᠯᠤᠰ ᠤᠷᠤᠨ᠎ᠤ ᠰᠤᠶᠤᠯ ᠤᠷᠠᠯᠢᠭ᠎ᠤᠨ ᠰᠤᠯᠢᠯᠴᠠᠭ᠎ᠠ ᠪᠤᠯᠤᠨ ᠬᠠᠮᠳᠤᠷᠠᠯᠴᠠᠭ᠎ᠠ᠎ᠶ᠋ᠢ ᠠᠬᠢᠭᠤᠯᠵᠤ᠂ ᠦᠪᠤᠷ ᠮᠤᠩᠭᠤᠯ᠎ᠤᠨ ᠤᠷᠠᠨ ᠵᠢᠷᠤᠭ᠎ᠤᠨ ᠦᠢᠯᠡᠰ᠎ᠤᠨ ᠬᠦᠭ᠌ᠵᠢᠯᠳᠠ᠎ᠶ᠋ᠢᠨ ᠤᠷᠤᠨ ᠵᠠᠢ᠎ᠶ᠋ᠢ ᠦᠷᠬᠡᠳᠭᠡᠵᠤ᠂ ᠤᠷᠠᠯᠢᠬ᠍ᠴᠢᠳ᠎ᠲᠤ ᠬᠠᠷᠢᠯᠴᠠᠨ ᠰᠤᠷᠤᠯᠴᠠᠵᠤ ᠰᠤᠯᠢᠯᠴᠠᠬᠤ ᠲᠠᠪᠴᠠᠩ ᠬᠠᠩᠭᠠᠵᠤ ᠦᠭ᠌ᠬᠦ᠎ᠶ᠋ᠢ ᠵᠤᠷᠢᠬ᠍ᠰᠠᠨ ᠪᠠᠢᠨ᠎ᠠ᠃
《〈ᠲᠠᠯ᠎ᠠ ᠨᠤᠳᠤᠭ᠎ᠤᠨ ᠲᠤᠷᠭᠠᠨ ᠵᠠᠮ〉 ᠭᠡᠵᠦ᠍ ᠰᠤᠨᠤᠰᠭᠤ᠎ᠲᠠᠢ ᠵᠡᠷᠭᠡ ᠡᠯᠡᠰᠦ ᠮᠠᠩᠬ ᠠᠶ᠋ᠢ ᠲᠤᠭᠤᠯᠵᠤ᠂ ᠠᠯᠤᠰ᠎ᠢ ᠵᠤᠷᠢᠬᠤ ᠲᠡᠮᠡᠭᠡᠨ ᠵᠢᠩ ᠡᠷᠭᠡ ᠦᠭᠡᠢ ᠪᠤᠳᠤᠭ᠍ᠳᠠᠨᠠ᠃ ᠡᠢᠨ ᠬᠦ᠌ ᠪᠢ ᠭᠤᠪᠢ ᠴᠦᠯ᠎ᠢ ᠲᠤᠭᠤᠯᠤᠨ᠂ ᠰᠠᠯᠬᠢ ᠱᠢᠭᠤᠷᠭ᠎ᠠ᠎ᠶ᠋ᠢ ᠵᠢᠰᠦᠨ ᠶᠠᠪᠤᠭ᠎ᠠ ᠲᠡᠮᠡᠭᠡᠨ ᠵᠢᠩ᠎ᠢ ᠪᠦᠳᠦᠭᠡᠯ᠎ᠳᠡᠭᠡᠨ ᠢᠯᠡᠷᠡᠬᠦᠯᠦᠭ᠌ᠰᠡᠨ ᠪᠠᠢᠨ᠎ᠠ᠃ ᠲᠤᠰ ᠠᠵᠢᠯᠯᠠᠭ᠎ᠠ᠎ᠶ᠋ᠢᠨ ᠬᠠᠮᠤᠭ᠎ᠤᠨ ᠶᠡᠭᠡ ᠠᠱᠢᠭ ᠬᠦᠷᠲᠡᠭ᠌ᠴᠢ ᠪᠣᠯ ᠮᠠᠨ᠎ᠤ ᠥᠷᠭᠡᠨ ᠣᠯᠠᠨ ᠥᠪᠥᠷ ᠮᠣᠩᠭᠤᠯ᠎ᠤᠨ᠎ᠪᠠᠷ ᠵᠢᠷᠤᠭ᠍ᠴᠢᠨ᠂ ᠪᠠᠷ ᠵᠢᠷᠤᠭ᠎ᠤᠨ ᠪᠠᠭ᠍ᠠᠳᠠᠳ ᠵᠢᠴᠢ᠎ᠪᠠᠷ ᠵᠢᠷᠤᠭ᠎ᠤᠨ ᠲᠤᠰᠭᠠᠶ ᠮᠡᠷᠭᠡᠵᠢᠯ᠎ᠤᠨ ᠰᠤᠷᠤᠭ᠍ᠴᠢ ᠪᠤᠯᠤᠨ᠎ᠠ》 ᠭᠡᠵᠦ᠍ ᠲᠦᠩᠯᠢᠶᠤᠤ ᠬᠤᠳᠠ᠎ᠠᠴᠠ ᠬᠦᠷᠦᠯᠴᠡᠨ ᠢᠷᠡᠭ᠌ᠰᠡᠨ ᠠᠬᠠᠮᠠᠳ᠎ᠪᠠᠷ ᠵᠢᠷᠤᠬ᠍ᠴᠢᠨ ᠦᠨᠡᠨᠴᠢ ᠶᠠᠷᠢᠨ᠎ᠠ᠃
ᠲᠣᠰ ᠤᠳᠠᠭᠠᠨ᠎ᠤ ᠦᠵᠡᠰᠭᠦᠯᠡᠩᠳᠤ ᠥᠪᠥᠷ ᠮᠣᠩᠭᠤᠯ᠎ᠤᠨ᠎ᠪᠠᠷ ᠵᠢᠷᠤᠭ ᠨᠡᠢᠲᠡ 25 ᠬᠤᠪᠢ ᠰᠣᠩᠭᠤᠭ᠍ᠳᠠᠵᠠᠶ᠂ ᠡᠨᠡ ᠪᠣᠯ ᠥᠪᠥᠷ ᠮᠣᠩᠭᠤᠯ᠎ᠤᠨ᠎ᠪᠠᠷ ᠵᠢᠷᠤᠭ᠎ᠤᠨ ᠪᠦᠳᠦᠭᠡᠯ᠎ᠤᠨ ᠪᠥᠬᠦ᠌ ᠤᠯᠤᠰ᠎ᠤᠨ ᠴᠢᠨᠠᠷᠳᠠᠢ᠎ᠪᠠᠷ ᠵᠢᠷᠤᠭ᠎ᠤᠨ ᠦᠵᠡᠰᠭᠦᠯᠡᠩᠳᠤ ᠬᠠᠮᠤᠭ᠎ᠤᠨ ᠣᠯᠠᠨ ᠰᠣᠩᠭᠤᠭ᠍ᠳᠠᠭ᠍ᠰᠠᠨ ᠨᠢᠭᠡ ᠤᠳᠠᠭ᠎ᠠ ᠪᠣᠯᠤᠨ᠎ᠠ᠃ ᠡᠳᠡᠭᠡᠷ ᠪᠠᠶᠠᠷ ᠵᠢᠷᠭᠠᠯ᠎ᠲᠠᠢ᠂ ᠡᠶ᠎ᠡ ᠨᠠᠢᠷᠲᠠᠢ᠂ ᠬᠦᠭ᠌ᠵᠢᠯᠲᠠ ᠲᠠᠪᠱᠢᠯᠲᠠ᠎ᠲᠠᠢ ᠬᠦᠳᠡᠭᠡ ᠲᠤᠰᠭᠤᠨ ᠮᠠᠯᠵᠢᠬᠤ ᠤᠷᠤᠨ᠎ᠤ ᠬᠦᠭ᠌ᠵᠢᠯᠲᠦ ᠠᠮᠢᠳᠤᠷᠠᠯ᠎ᠢ ᠵᠢᠷᠤᠬ᠍ᠯᠠᠬ᠍ᠰᠠᠨ ᠤᠷᠠᠨ ᠪᠦᠳᠦᠭᠡᠯ᠎ᠤᠳ ᠮᠠᠨ᠎ᠤ ᠤᠷᠤᠨ᠎ᠤ ᠥᠷᠭᠡᠨ ᠣᠯᠠᠨ ᠤᠳᠭ᠎ᠠ ᠤᠷᠠᠯᠢᠭ᠍ᠴᠢᠨ ᠪᠣᠯᠤᠨ ᠤᠳᠭ᠎ᠠ ᠤᠷᠠᠯᠢᠭ᠎ᠤᠨ ᠠᠵᠢᠯᠲᠠᠳ᠎ᠤᠨ ᠲᠠᠯ᠎ᠠ ᠨᠤᠲᠤᠭ᠎ᠤᠨ ᠰᠣᠶᠣᠯ ᠪᠠ ᠱᠢᠨ᠎ᠡ ᠴᠠᠭ ᠦᠶ᠎ᠡ᠎ᠶ᠋ᠢᠨ ᠥᠪᠥᠷ ᠮᠣᠩᠭᠤᠯ᠎ᠤᠨ ᠡᠯ᠎ᠡ ᠵᠦᠶᠯ᠎ᠤᠨ ᠠᠵᠢᠯ ᠦᠶᠯᠡᠰ᠎ᠤᠨ ᠥᠷᠨᠢᠩᠭᠦᠶ ᠬᠥᠭ᠌ᠵᠢᠵᠦ᠍ ᠪᠠᠢᠭ᠎ᠠ ᠪᠠᠢᠳᠠᠯ᠎ᠳᠤ ᠠᠩᠬᠠᠷᠤᠯ᠎ᠢᠶᠠᠨ ᠬᠠᠨᠳᠤᠭᠤᠯᠤᠬ᠍ᠰᠠᠭᠠᠷ ᠢᠷᠡᠭ᠌ᠰᠡᠨ᠎ᠢ ᠬᠦᠢᠴᠡᠳ ᠲᠤᠰᠭᠠᠬ᠍ᠰᠠᠨ ᠪᠠᠢᠨ᠎ᠠ᠃