5 ᠤᠳᠠᠭ᠎ᠠ ᠬᠦᠮᠥᠨ ᠠᠮᠠ᠎ᠶ᠋ᠢᠨ ᠨᠡᠢᠳᠡᠮ ᠪᠠᠢᠴᠠᠭᠠᠯᠳᠠ᠎ᠳᠤ ᠤᠷᠤᠯᠴᠠᠭ᠍ᠰᠠᠨ ᠱᠢᠦᠢ ᠭᠤᠸᠠᠩ ᠱᠢᠦ
2020-11-30 16:13:43
ᠵᠣᠬᠢᠶᠠᠭ᠍ᠴᠢ᠄
ᠭᠡᠭᠡᠨᠳᠠᠨ᠎ᠠ
ᠣᠩᠱᠢᠭ᠍ᠰᠠᠨ ᠣᠳᠠᠭ᠎ᠠ᠄
★★★☆☆

ᠱᠢᠤᠢ ᠭᠤᠸᠠᠩ ᠱᠢᠦ ᠪᠤᠯ ᠵᠠᠷᠤᠳ ᠬᠤᠱᠢᠭᠤᠨ᠎ᠤ ᠭᠠᠭ᠍ᠠᠢᠲᠤ ᠪᠠᠯᠭᠠᠰᠤᠨ᠎ᠤ ᠪᠠᠭ᠎ᠠ ᠭᠠᠭ᠍ᠠᠢᠲᠤ ᠭᠠᠴᠠᠭᠠᠨ᠎ᠤ ᠨᠢᠭ᠍ᠲᠠᠯᠠᠨ ᠪᠤᠳᠤᠭ᠍ᠴᠢ᠂ ᠳᠣᠯᠣᠳᠤᠭᠠᠷ ᠤᠳᠠᠭ᠎ᠠ᠎ᠶ᠋ᠢᠨ ᠪᠥᠬᠦ᠌ ᠤᠯᠤᠰ᠎ᠤᠨ ᠬᠥᠮᠦᠨ ᠠᠮᠠ᠎ᠶ᠋ᠢᠨ ᠨᠡᠢᠳᠡᠮ ᠪᠠᠢᠴᠠᠭᠠᠭ᠍ᠴᠢ᠃ 1977 ᠣᠨ᠎ᠳᠤ ᠭᠠᠴᠠᠭᠠᠨ᠎ᠤ ᠨᠢᠭ᠍ᠲᠠᠯᠠᠨ ᠪᠤᠳᠤᠭ᠍ᠴᠢ ᠪᠣᠯᠤᠭ᠍ᠰᠠᠨ᠎ᠠᠴᠠ ᠨᠠᠭᠠᠰᠢ᠂ ᠱᠢᠤᠢ ᠭᠤᠸᠠᠩ ᠱᠢᠤ 1982 ᠣᠨ᠂ 1990 ᠣᠨ᠂ 2000 ᠣᠨ᠂ 2010 ᠣᠨ᠎ᠤ ᠪᠦᠬᠦ᠌ ᠤᠯᠤᠰ᠎ᠤᠨ ᠬᠦᠮᠥᠨ ᠠᠮᠠ᠎ᠶ᠋ᠢᠨ ᠨᠡᠢᠳᠡᠮ ᠪᠠᠢᠴᠠᠭᠠᠯᠳᠠ᠎ᠳᠤ ᠪᠠᠢᠴᠠᠭᠠᠭ᠍ᠴᠢ᠎ᠪᠠᠷ ᠤᠷᠤᠯᠴᠠᠭ᠍ᠰᠠᠨ ᠪᠦᠬᠡᠳ ᠡᠨᠡ ᠵᠢᠯ ᠶᠠᠪᠤᠭ᠍ᠳᠠᠵᠤ ᠪᠠᠢᠭ᠎ᠠ ᠳᠣᠯᠣᠳᠤᠭᠠᠷ ᠤᠳᠠᠭ᠎ᠠ᠎ᠶ᠋ᠢᠨ ᠪᠦᠬᠦ᠌ ᠤᠯᠤᠰ᠎ᠤᠨ ᠬᠥᠮᠦᠨ ᠠᠮᠠ᠎ᠶ᠋ᠢᠨ ᠨᠡᠢᠳᠡᠮ ᠪᠠᠢᠴᠠᠭᠠᠯᠲᠠ᠎ᠶ᠋ᠢᠨ ᠠᠵᠢᠯᠳᠠᠨ ᠪᠣᠯᠪᠠ᠃ ᠲᠠᠪᠤᠨ ᠬᠤᠭᠤᠴᠠᠭᠠᠨ᠎ᠤ ᠨᠡᠢᠳᠡᠮ ᠪᠠᠢᠴᠠᠭᠠᠯᠲᠠ᠎ᠳᠤ ᠲᠡᠷᠡ ᠬᠦᠴᠦᠨ ᠴᠢᠳᠠᠯ᠎ᠢᠶᠠᠨ ᠡᠷᠬᠦᠵᠥ᠍ ᠶᠠᠪᠤᠭ᠍ᠰᠠᠨ ᠪᠦᠬᠡᠳ ᠮᠥᠨ ᠴᠤ᠌ ᠡᠨᠡ ᠬᠦ᠌ ᠠᠵᠢᠯ᠎ᠤᠨ ᠬᠦᠭ᠌ᠵᠢᠵᠤ ᠢᠷᠡᠭ᠌ᠰᠡᠨ᠎ᠤ ᠲᠡᠮᠳᠡᠭ᠌ᠯᠡᠭ᠌ᠴᠢ ᠪᠤᠯᠤᠭ᠍ᠰᠠᠨ ᠪᠠᠢᠨ᠎ᠠ᠃

1982 ᠣᠨ᠎ᠳᠤ ᠶᠠᠪᠤᠭ᠍ᠳᠠᠭ᠍ᠰᠠᠠ ᠭᠤᠷᠪᠠᠳᠤᠭᠠᠷ ᠤᠳᠠᠭ᠎ᠠ᠎ᠶ᠋ᠢᠨ ᠪᠦᠬᠦ᠌ ᠤᠯᠤᠰ᠎ᠤᠨ ᠬᠥᠮᠦᠨ ᠠᠮᠠ᠎ᠶ᠋ᠢᠨ ᠨᠡᠢᠳᠡᠮ ᠪᠠᠢᠴᠠᠭᠠᠯᠲᠠ ᠪᠦᠬᠦ᠌ ᠲᠠᠯ᠎ᠠ᠎ᠪᠠᠷ ᠡᠬᠢᠯᠡᠪᠡ᠃ ᠡᠨᠡ ᠪᠣᠯ ᠥᠭᠡᠷᠡᠴᠢᠯᠡᠯᠲᠡ ᠨᠡᠬᠡᠬᠡᠯᠳᠡ ᠬᠢᠭ᠌ᠰᠡᠨ᠎ᠤ ᠳᠠᠷᠠᠭᠠᠬᠢ ᠠᠩᠬᠠᠳᠠᠭ᠍ᠴᠢ ᠤᠳᠠᠭ᠎ᠠ᠎ᠶ᠋ᠢᠨ ᠬᠥᠮᠦᠨ ᠠᠮᠠ᠎ᠶ᠋ᠢᠨ ᠨᠡᠢᠳᠡᠮ ᠪᠠᠢᠴᠠᠭᠠᠯᠲᠠ ᠪᠣᠯᠤᠨ᠎ᠠ᠃

《ᠲᠡᠷᠡ ᠤᠳᠠᠭ᠎ᠠ᠎ᠶ᠋ᠢᠨ ᠬᠥᠮᠦᠨ ᠠᠮᠠ᠎ᠶ᠋ᠢᠨ ᠨᠡᠢᠳᠡᠮ ᠪᠠᠢᠴᠠᠭᠠᠯᠲᠠ᠎ᠳᠤ ᠤᠯᠤᠰ᠎ᠤᠨ ᠡᠯ᠎ᠡ ᠭᠠᠵᠠᠷ᠎ᠤᠨ ᠤᠬᠠᠭᠤᠯᠭ᠎ᠠ᠎ᠶ᠋ᠢᠨ ᠡᠷᠴᠢᠮ ᠮᠠᠰᠢ ᠴᠢᠩᠭ᠎ᠠ᠂ ᠵᠡᠭᠡᠯᠢ ᠭᠤᠳᠤᠮᠵᠢ᠎ᠪᠠᠷ ᠤᠬᠠᠭᠤᠯᠭ᠎ᠠ᠎ᠶ᠋ᠢᠨ ᠤᠷᠢᠶ᠎ᠠ ᠯᠣᠽᠦᠩ ᠡᠯᠬᠦᠨ ᠨᠠᠭᠠᠵᠥ᠍᠂ ᠤᠨᠴᠠ᠎ᠶ᠋ᠢᠨ ᠰᠦᠷ ᠵᠢᠪᠬᠤᠯᠠᠩ᠎ᠲᠠᠢ ᠪᠠᠢᠭ᠍ᠰᠠᠠ》 ᠬᠡᠵᠥ᠍ ᠱᠢᠤᠢ ᠭᠤᠸᠠᠩ ᠱᠢᠦ ᠲᠤᠬᠠᠢ᠎ᠶ᠋ᠢᠨ ᠦᠶ᠎ᠡ᠎ᠶ᠋ᠢᠨ ᠪᠠᠢᠳᠠᠯ᠎ᠢᠶᠠᠨ ᠡᠷᠬᠢᠴᠡᠬᠦᠯᠥᠨ᠎ᠡ᠃ ᠠᠩᠬ᠎ᠠ ᠤᠳᠠᠭ᠎ᠠ ᠤᠷᠤᠯᠴᠠᠵᠤ ᠪᠠᠢᠭ᠎ᠠ ᠡᠨᠡ ᠬᠦ᠌ ᠲᠤᠮᠤ ᠠᠵᠢᠯ᠎ᠳᠤ ᠲᠡᠷᠡ ᠤᠷᠬᠢᠯᠤᠮ᠎ᠠ ᠬᠠᠯᠠᠭᠤᠨ ᠰᠡᠳᠭᠢᠯᠬᠡ᠎ᠪᠠᠷ ᠤᠷᠤᠯᠴᠠᠵᠤ᠂ ᠡᠳᠦᠷᠵᠢᠨ ᠵᠠᠰᠠᠭ᠎ᠤᠨ ᠣᠷᠳᠣᠨ᠎ᠤ ᠲᠠᠷᠬᠠᠭᠠᠭ᠍ᠰᠠᠨ ᠬᠥᠮᠦᠨ ᠠᠮᠠ᠎ᠶ᠋ᠢᠨ ᠨᠡᠢᠳᠡᠮ ᠪᠠᠢᠴᠠᠭᠠᠯᠲᠠ᠎ᠶ᠋ᠢᠨ ᠭᠠᠷ ᠤᠭᠤᠲᠠ᠎ᠪᠠᠨ ᠳᠡᠭᠦᠵᠢᠯᠡᠨ᠂ ᠡᠷᠦᠬᠡ᠎ᠳᠤ ᠣᠷᠣᠵᠤ ᠳᠠᠩᠰᠠᠯᠠᠵᠤ ᠳᠠᠭᠤᠰᠤᠭ᠍ᠰᠠᠨ᠎ᠤ ᠳᠠᠷᠠᠭ᠎ᠠ ᠥᠪᠡᠷ᠎ᠢᠶᠠᠨ ᠳᠠᠬᠢᠨ ᠪᠠᠢᠴᠠᠭᠠᠵᠤ ᠦᠵᠡᠳᠡᠭ ᠪᠦᠬᠡᠳ ᠪᠤᠰᠤᠳ ᠪᠠᠢᠴᠠᠭᠠᠭ᠍ᠴᠢᠳ᠎ᠲᠠᠢ ᠬᠠᠷᠢᠯᠴᠠᠨ ᠪᠠᠢᠴᠠᠭᠠᠵᠤ ᠦᠵᠡᠳᠡᠭ ᠪᠠᠢᠯ᠎ᠠ᠃ ᠲᠡᠷᠡ ᠵᠢᠯ ᠱᠢᠦᠢ ᠭᠤᠸᠠᠩ ᠱᠢᠦ ᠬᠥᠮᠦᠨ ᠠᠮᠠ᠎ᠶ᠋ᠢᠨ ᠨᠡᠢᠳᠡᠮ ᠪᠠᠢᠴᠠᠭᠠᠯᠲᠠ᠎ᠶ᠋ᠢᠨ ᠠᠩᠬᠠᠨ᠎ᠤ ᠡᠭᠦᠷᠭᠡ᠎ᠪᠠᠨ ᠥᠩᠭᠡ ᠭᠡᠷᠡᠯᠲᠡᠶ ᠪᠡᠶᠡᠯᠡᠭᠦᠯᠪᠡ᠃ ᠡᠷᠦᠭᠡ᠎ᠳᠤ ᠣᠷᠣᠵᠤ ᠤᠬᠠᠭᠤᠯᠭ᠎ᠠ ᠬᠢᠬᠦ᠂ ᠬᠦᠰᠦᠨᠦᠭ᠌ᠲᠦ ᠵᠢᠷᠤᠬᠤ᠂ ᠨᠡᠢᠳᠡᠮ ᠪᠠᠢᠴᠠᠭᠠᠵᠤ ᠳᠠᠩᠰᠠᠯᠠᠬᠤ ᠲᠤᠭ᠎ᠠ ᠪᠠᠷᠢᠮᠲᠠ᠎ᠶ᠋ᠢ ᠬᠠᠷᠭᠤᠭᠤᠯᠤᠨ ᠪᠠᠢᠴᠠᠭᠠᠬᠤ ᠠᠵᠢᠯ ᠁ ᠡᠨᠡ ᠮᠡᠲᠦ᠎ᠪᠠᠷ ᠲᠡᠷᠡ 1990 ᠣᠨ᠂ 2000 ᠣᠨ᠂ 2010 ᠣᠨ᠎ᠤ ᠭᠤᠷᠪᠠ ᠤᠳᠠᠭ᠎ᠠ᠎ᠶ᠋ᠢᠨ ᠬᠥᠮᠦᠨ ᠠᠮᠠ᠎ᠶ᠋ᠢᠨ ᠨᠡᠢᠳᠡᠮ ᠪᠠᠢᠴᠠᠭᠠᠯᠲᠠ᠎ᠳᠤ ᠪᠠᠰᠠ ᠤᠷᠤᠯᠴᠠᠭ᠍ᠰᠠᠠ ᠪᠠᠢᠨ᠎ᠠ᠃

ᠡᠨᠡ ᠵᠢᠯ᠎ᠤᠨ 10 ᠰᠠᠷ᠎ᠠ᠎ᠶ᠋ᠢᠨ 11 ᠎ᠤ ᠡᠳᠦᠷ᠂ ᠳᠣᠯᠣᠳᠤᠭᠠᠷ ᠤᠳᠠᠭ᠎ᠠ᠎ᠶ᠋ᠢᠨ ᠬᠥᠮᠦᠨ ᠠᠮᠠ᠎ᠶ᠋ᠢᠨ ᠨᠡᠢᠳᠡᠮ ᠪᠠᠢᠴᠠᠭᠠᠯᠲᠠ ᠶᠠᠭᠠᠷᠠᠯᠲᠠᠶ ᠡᠬᠢᠯᠡᠪᠡ᠃ ᠬᠦᠰᠦᠨᠦᠭ᠌ᠳᠤ ᠵᠢᠷᠤᠬᠤ᠂ ᠪᠠᠢᠳᠠᠯ᠎ᠢ ᠣᠢᠯᠠᠭᠠᠬᠤ᠂ ᠺᠤᠮᠫᠢᠦ᠋ᠲ᠋ᠧᠷ᠎ᠲᠤ ᠤᠷᠤᠭᠤᠯᠬᠤ᠂ ᠬᠠᠷᠭᠤᠭᠤᠯᠬᠤ ᠁ ᠲᠡᠷᠡ ᠪᠠᠰᠠ ᠡᠳᠦᠷ ᠰᠥᠨᠢ ᠦᠭᠡᠢ ᠠᠵᠢᠯᠯᠠᠵᠤ ᠡᠬᠢᠯᠡᠪᠡ᠃ ᠡᠨᠡ ᠵᠢᠯ᠎ᠤᠨ ᠨᠡᠢᠳᠡᠮ ᠪᠠᠢᠴᠠᠭᠠᠯᠲᠠ᠎ᠶ᠋ᠢᠨ ᠠᠵᠢᠯ ᠥᠩᠭᠡᠷᠡᠭ᠌ᠰᠡᠨ᠎ᠲᠠᠢ ᠬᠠᠮᠤᠭ᠎ᠤᠨ ᠶᠡᠭᠡ ᠠᠳᠠᠯᠢ ᠦᠬᠡᠢ ᠳᠠᠯ᠎ᠠ᠎ᠨᠢ ᠳᠠᠷᠤᠶ ᠪᠥᠬᠦ᠌ ᠲᠠᠯ᠎ᠠ᠎ᠪᠠᠷ ᠡᠯᠸ᠋ᠺᠲᠷᠤᠨᠴᠢᠯᠠᠭ᠍ᠰᠠᠨ ᠴᠤᠭ᠍ᠯᠠᠭᠤᠯᠭ᠎ᠠ ᠬᠢᠬᠦ᠌ ᠶᠠᠪᠤᠳᠠᠯ ᠪᠣᠯᠤᠨ᠎ᠠ᠃ ᠬᠡᠳᠦ᠋ᠢᠪᠡᠷ ᠬᠤᠱᠢᠭᠤ ᠪᠠᠯᠭᠠᠰᠤᠨ᠎ᠤ ᠬᠤᠶᠠᠷ ᠱᠠᠲᠤᠨ᠎ᠤ ᠪᠣᠯᠪᠠᠰᠤᠷᠠᠯ᠎ᠢ ᠳᠠᠮᠵᠢᠭ᠍ᠰᠠᠨ ᠪᠣᠯᠪᠠᠴᠤ᠌ ᠡᠨᠡ ᠵᠢᠯ 62 ᠨᠠᠰᠤᠲᠠᠶ ᠱᠢᠤᠢ ᠭᠤᠸᠠᠩ ᠱᠢᠤ᠎ᠳᠤ ᠠᠪᠴᠤ᠌ ᠬᠡᠯᠡᠪᠡᠯ ᠮᠥᠨ ᠴᠤ᠌ ᠠᠮᠠᠷ ᠦᠬᠡᠢ ᠠᠵᠤ ᠪᠤᠯᠬᠤ ᠶᠤᠮ᠃

《ᠰᠠᠶᠢ ᠡᠬᠢᠯᠡᠬᠦ᠌᠎ᠳᠤ ᠵᠢᠭᠠᠬᠠᠨ ᠬᠦᠴᠢᠷᠳᠡᠵᠥ᠍ ᠪᠠᠢᠭ᠍ᠰᠠᠨ᠂ ᠡᠨᠡ ᠤᠳᠠᠭ᠎ᠠ ᠡᠮᠦᠨᠡᠬᠢ ᠬᠡᠳᠦᠨ ᠬᠤᠭᠤᠴᠠᠭᠠᠨ᠎ᠤ ᠨᠡᠢᠳᠡᠮ ᠪᠠᠢᠴᠠᠭᠠᠯᠲᠠ᠎ᠲᠠᠢ ᠠᠳᠠᠯᠢ ᠦᠭᠡᠢ᠂ ᠪᠦᠬᠦᠨ᠎ᠢ ᠺᠣᠮᠫᠢᠦ᠋ᠲ᠋ᠧᠷ᠎ᠢᠶᠠᠷ ᠬᠦᠢᠴᠡᠳᠭᠡᠬᠦ᠌ ᠪᠤᠯᠤᠭ᠍ᠰᠠᠨ ᠲᠤᠯᠠ ᠵᠠᠷᠢᠮ᠎ᠳᠠᠭᠠᠨ ᠺᠣᠮᠫᠢᠦ᠋ᠲ᠋ᠧᠷ ᠤᠷᠤᠯᠳᠤᠵᠤ ᠪᠠᠢᠭ᠍ᠰᠠᠭᠠᠷ ᠴᠢᠳᠠᠬᠤ ᠦᠭᠡᠢ ᠪᠤᠯᠴᠢᠬᠠᠨ᠎ᠠ᠂ ᠬᠡᠪᠡᠴᠦ᠍ ᠡᠨᠡ ᠠᠵᠢᠯ᠎ᠢ ᠨᠢᠬᠡᠨᠳᠡ ᠲᠠᠭᠠᠭᠠᠵᠤ ᠠᠪᠤᠭ᠍ᠰᠠᠨ ᠲᠤᠯᠠ ᠪᠤᠰᠤᠳ᠎ᠠᠴᠠ ᠠᠰᠠᠭᠤᠨ ᠰᠤᠷᠴᠤ᠌᠂ ᠴᠠᠭ ᠵᠠᠷᠤᠴᠠᠭᠤᠯᠵᠤ ᠪᠠᠢᠭᠠᠳ ᠴᠤ᠌ ᠪᠡᠶᠡᠯᠡᠬᠦᠯᠬᠦ᠌ ᠬᠡᠷᠡᠭ᠌ᠳᠡᠢ ᠬᠡᠵᠥ᠍ ᠴᠢᠷᠮᠠᠢᠭ᠍ᠰᠠᠨ᠃ ᠬᠦᠮᠥᠨ ᠠᠮᠠ᠎ᠶ᠋ᠢᠨ ᠨᠡᠢᠳᠡᠮ ᠪᠠᠢᠴᠠᠭᠠᠯᠳᠠ᠎ᠶ᠋ᠢᠨ ᠠᠵᠢᠯ᠎ᠤᠨ ᠤᠯᠠᠨ ᠭᠤᠭ᠍ᠴᠤᠭ᠎ᠠ ᠮᠡᠷᠬᠡᠵᠢᠯ᠎ᠲᠠᠢ ᠤᠶᠠᠯᠳᠤᠭ᠍ᠰᠠᠨ᠎ᠨᠢ ᠮᠠᠨ᠎ᠤ ᠤᠯᠤᠰ᠎ᠤᠨ ᠤᠯᠠᠮ᠎ᠢᠶᠠᠷ ᠳᠠᠪᠱᠢᠵᠤ ᠪᠠᠢᠭ᠎ᠠ᠎ᠶ᠋ᠢ ᠬᠠᠷᠠᠭᠤᠯᠵᠤ ᠪᠠᠢᠨ᠎ᠠ》 ᠬᠡᠵᠤ ᠱᠢᠤᠢ ᠭᠤᠸᠠᠩ ᠱᠢᠤ PAD ᠲᠡᠭᠡᠷᠡᠬᠢ ᠵᠢᠷᠤᠭ ᠬᠦᠰᠦᠨᠦᠭ᠎ᠢᠶᠠᠨ ᠦᠵᠡᠬᠦᠯᠥᠯ᠎ᠡ᠃

ᠶᠠᠭ ᠰᠠᠢᠬᠠᠨ ᠨᠠᠮᠤᠷ᠎ᠤᠨ ᠬᠤᠷᠢᠶᠠᠯᠲᠠ᠎ᠶ᠋ᠢᠨ ᠴᠠᠭ ᠪᠣᠯᠬᠤᠷ ᠣᠯᠠᠩᠬᠢ ᠬᠦᠮᠦᠰ ᠡᠳᠦᠷᠵᠢᠨ ᠲᠠᠷᠢᠶᠠᠨ᠎ᠳᠠᠭᠠᠨ ᠶᠠᠭᠠᠷᠠᠯᠳᠤᠵᠤ᠂ ᠭᠡᠷ᠎ᠲᠡᠭᠡᠨ ᠪᠠᠢᠳᠠᠭ ᠦᠭᠡᠢ᠂ ᠱᠢᠤᠢ ᠭᠤᠸᠠᠩ ᠱᠢᠤ ᠥᠷᠯᠥᠭᠡ ᠪᠤᠶᠤ ᠤᠷᠤᠢ᠎ᠳᠠᠭᠠᠨ ᠰᠠᠶᠢ ᠡᠷᠦᠬᠡ᠎ᠪᠠᠷ ᠤᠷᠤᠨ᠎ᠠ᠃ ᠲᠡᠷᠡ ᠬᠦᠨᠳᠦ ᠬᠢᠮᠤᠷᠠᠭ᠎ᠠ᠎ᠳᠤ ᠨᠡᠷᠪᠡᠭ᠌ᠳᠡᠭ᠌ᠰᠡᠨ᠎ᠢᠶᠠᠨ ᠬᠠᠢᠬᠤᠷᠤᠯ ᠦᠬᠡᠢ ᠵᠠᠯᠭᠠᠭ᠎ᠠ᠎ᠪᠠᠷ ᠨᠢᠭᠡ ᠰᠠᠷ᠎ᠠ ᠰᠥᠨᠢ ᠦᠳᠡᠰᠢ ᠥᠬᠡᠶ ᠠᠵᠢᠯᠯᠠᠵᠤ᠂ ᠬᠥᠮᠦᠨ ᠠᠮᠠ᠎ᠶ᠋ᠢᠨ ᠨᠡᠢᠳᠡᠮ ᠪᠠᠢᠴᠠᠭᠠᠯᠲᠠ᠎ᠶ᠋ᠢᠨ ᠠᠵᠢᠯ᠎ᠢ ᠨᠠᠷᠢᠨ ᠬᠢᠨᠠᠮᠠᠭᠠᠶ ᠣᠨᠣᠪᠴᠢᠲᠠᠶ ᠲᠦᠷᠭᠡᠨ ᠪᠡᠶᠡᠯᠡᠭᠦᠯᠦᠭ᠌ᠰᠡᠨ ᠪᠠᠢᠨ᠎ᠠ᠃ ᠲᠡᠭᠦᠨ᠎ᠤ ᠲᠤᠰᠠᠭᠠᠷ ᠡᠭᠦᠷᠭᠡᠯᠡᠵᠦ᠍ ᠪᠠᠢᠭ᠎ᠠ ᠨᠡᠢᠳᠡᠮ ᠪᠠᠢᠴᠠᠭᠠᠯᠲᠠ᠎ᠶ᠋ᠢᠨ ᠪᠠᠭ᠎ᠠ ᠲᠣᠭᠤᠷᠢᠭ᠎ᠨᠢ ᠪᠥᠬᠦ᠌ ᠪᠠᠯᠭᠠᠰᠤᠨ᠎ᠳᠤ ᠬᠠᠮᠤᠭ ᠲᠦᠷᠦᠬᠦᠨ᠎ᠳᠤ 100 % ᠎ᠪᠠᠷ ᠡᠬᠦᠷᠬᠡ᠎ᠪᠠᠨ ᠪᠡᠶᠡᠯᠡᠭᠦᠯᠵᠦ᠍᠂ ᠪᠠᠭ᠎ᠠ ᠭᠠᠭ᠍ᠠᠢᠲᠤ ᠭᠠᠴᠠᠭᠠᠨ᠎ᠤ ᠬᠥᠮᠦᠨ ᠠᠮᠠ᠎ᠶ᠋ᠢᠨ ᠨᠡᠢᠳᠡᠮ ᠪᠠᠢᠴᠠᠭᠠᠯᠲᠠ᠎ᠶ᠋ᠢᠨ ᠠᠵᠢᠯ ᠴᠤ᠌ ᠪᠥᠬᠦ᠌ ᠪᠠᠯᠭᠠᠰᠤᠨ᠎ᠤ ᠲᠡᠷᠢᠭᠦᠨ᠎ᠳᠤ ᠵᠢᠭ᠍ᠰᠠᠭᠠᠭ᠍ᠳᠠᠵᠠᠢ᠃

 

 

 

 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号