ᠡᠨᠡ ᠵᠢᠯ ᠱᠢᠨ᠎ᠡ ᠲᠢᠳᠢᠮᠯᠢᠭ ᠠᠭᠤᠰᠭᠢᠨ ᠦᠷᠪᠢᠰᠤᠯ᠎ᠤᠨ ᠬᠢᠵᠢᠭ᠎ᠤᠨ ᠨᠦᠯᠦᠭᠡ ᠶᠡᠭᠡ ᠪᠠᠢᠭ᠍ᠰᠠᠨ ᠴᠤ᠌ ᠡᠷᠢᠶᠡᠨ ᠬᠤᠳᠠ ᠪᠤᠭᠤᠮᠳᠠ᠎ᠶ᠋ᠢᠨ ᠲᠤᠮᠳᠠᠳᠤ ᠮᠤᠩᠭᠤᠯ᠎ᠤᠨ ᠲᠠᠷᠢᠶᠠᠯᠠᠩ᠎ᠤᠨ ᠪᠦᠲᠦᠭᠡᠭ᠌ᠳᠡᠬᠦᠨ᠎ᠤ 《ᠰᠠᠭᠠᠳ ᠦᠭᠡᠢ ᠨᠡᠪᠲᠡᠷᠡᠬᠦ᠌ ᠵᠠᠮ》 ᠤᠨ ᠭᠠᠷ ᠭᠦᠢᠴᠡᠳᠭᠡᠯ ᠬᠢᠬᠦ᠌᠎ᠳᠤ ᠲᠦᠭᠦᠮ᠂ ᠪᠤᠭᠤᠮᠳᠠ ᠨᠡᠪᠲᠡᠷᠡᠬᠦ᠌᠎ᠳᠤ ᠲᠦᠳᠡ ᠪᠠᠢᠭ᠍ᠰᠠᠨ᠎ᠢᠶᠠᠷ ᠲᠤᠰ ᠪᠤᠭᠤᠮᠳᠠ᠎ᠪᠠᠷ ᠭᠠᠳᠠᠭ᠍ᠰᠢ ᠭᠠᠷᠭᠠᠬᠤ ᠵᠢᠮᠢᠰ ᠢᠳᠡᠱᠢᠨ ᠨᠤᠭᠤᠭ᠎ᠠ᠎ᠶ᠋ᠢᠨ ᠠᠷᠠᠯᠵᠢᠶ᠎ᠠ ᠢᠯᠡᠤᠡᠳᠡ ᠰᠠᠢᠨ ᠪᠠᠢᠵᠤ᠂ ᠶᠡᠭᠡ ᠬᠡᠮᠵᠢᠶᠡᠨ᠎ᠤ ᠲᠠᠷᠢᠶᠠᠯᠡᠩ᠎ᠤᠨ ᠪᠦᠲᠦᠭᠡᠭ᠌ᠳᠡᠬᠦᠨ ᠤᠨᠴᠠ ᠭᠠᠷᠤᠯᠳᠠ᠎ᠶ᠋ᠢ ᠮᠤᠩᠭᠤᠯ ᠤᠯᠤᠰ ᠪᠤᠯᠤᠨ ᠤᠷᠤᠰ ᠤᠷᠤᠭᠤ ᠭᠠᠷᠭᠠᠪᠡ᠂ ᠡᠷᠢᠶᠡᠨ ᠬᠤᠳᠠ ᠪᠤᠭᠤᠮᠳᠠ᠎ᠶ᠋ᠢᠨ ᠪᠦᠷᠢᠳᠭᠡᠯ᠎ᠢ ᠦᠨᠳᠦᠰᠦᠯᠡᠪᠡᠯ᠂ 2020 ᠤᠨ᠎ᠤ ᠡᠮᠦᠨ᠎ᠡ ᠠᠷᠪᠠᠨ ᠰᠠᠷ᠎ᠠ᠎ᠳᠤ᠂ ᠲᠤᠰ ᠪᠤᠭᠤᠮᠳᠠ᠎ᠪᠠᠷ 8.4 ᠲᠦᠮᠡᠨ ᠲᠤᠨ ᠵᠢᠮᠢᠰ ᠢᠳᠡᠱᠢᠨ ᠨᠤᠭᠤᠭ᠎ᠠ᠎ᠶ᠋ᠢ ᠭᠠᠳᠠᠭ᠍ᠰᠢ ᠭᠠᠷᠭᠠᠵᠤ᠂ ᠶᠡᠷᠦᠩᠬᠡᠢ ᠦᠷᠳᠡᠭ᠎ᠨᠢ 1 ᠳ᠋ᠦᠡᠭ᠌ᠰᠢᠭᠤᠷ ᠲᠦᠮᠡᠨ ᠲᠦᠭᠦᠷᠢᠭ᠎ᠢ ᠲᠠᠪᠠᠵᠤ᠂ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠠᠴᠠ ᠲᠤᠰᠪᠤᠷᠢ 11.5% ᠪᠤᠯᠤᠨ 20.3% ᠪᠠᠷ ᠨᠡᠮᠡᠭ᠌ᠳᠡᠭ᠌ᠰᠡᠨ ᠪᠠᠢᠨ᠎ᠠ᠃
ᠡᠷᠢᠶᠡᠨ ᠬᠤᠳᠠ ᠪᠤᠭᠤᠮᠳᠠ᠎ᠶ᠋ᠢᠨ᠎ᠬᠢᠨ ᠮᠤᠩᠭᠤᠯ ᠤᠯᠤᠰ᠎ᠯᠤᠭ᠎ᠠ ᠬᠠᠪᠰᠤᠷᠤᠯᠴᠠᠭᠠᠨᠤ ᠲᠤᠭ᠍ᠳᠠᠴᠠ ᠪᠠᠢᠭᠤᠯᠵᠤ᠂ ᠮᠤᠩᠭᠤᠯ ᠤᠯᠤᠰ᠎ᠤᠨ ᠭᠠᠳᠠᠭᠠᠳᠤ᠎ᠠᠴᠠ ᠤᠷᠤᠭᠤᠯᠬᠤ ᠮᠡᠷᠭᠡᠵᠢᠯ᠎ᠤᠨ ᠴᠢᠨᠠᠷᠳᠠᠢ ᠠᠷᠠᠯᠵᠢᠶᠠᠨ᠎ᠤ ᠲᠦᠭ᠌ᠰᠢᠭᠦᠷᠢ᠎ᠶ᠋ᠢ ᠮᠠᠭᠠᠤᠡᠯᠠᠬᠤ ᠮᠡᠳᠡᠭᠡ ᠵᠠᠩᠭᠢ᠎ᠶ᠋ᠢ ᠴᠠᠭ ᠲᠤᠬᠠᠢᠳᠤᠨᠢ ᠬᠦᠯᠢᠶᠡᠨ ᠠᠪᠴᠤ᠌᠂ ᠪᠠᠷᠠᠭ᠎ᠠ ᠬᠠᠨᠭ᠌ᠭᠠᠬᠤ ᠠᠵᠤ ᠠᠬᠤᠢ᠍ᠢᠯᠠᠯ᠎ᠢ ᠵᠢᠯᠤᠭᠤᠳᠤᠨ ᠪᠠᠷᠠᠭ᠎ᠠ ᠬᠠᠨᠭ᠌ᠭᠠᠭ᠍ᠰᠠᠨ ᠦᠨᠡᠮᠯᠡᠯ ᠪᠠ ᠭᠠᠷᠤᠯᠳᠠ᠎ᠶ᠋ᠢᠨ ᠤᠷᠤᠨ᠎ᠤ ᠭᠡᠷᠡᠴᠢᠯᠡᠭᠡ᠎ᠶ᠋ᠢ ᠬᠤᠳᠠᠯᠳᠤᠨ ᠠᠪᠤᠭ᠍ᠴᠢ ᠲᠠᠯ᠎ᠠ᠎ᠳᠤ ᠬᠠᠨᠭ᠌ᠭᠠᠬᠤ᠎ᠶ᠋ᠢᠨ ᠤᠯᠠᠮ᠎ᠢᠶᠠᠷ ᠮᠤᠩᠭᠤᠯ ᠤᠯᠤᠰ᠎ᠤᠨ ᠭᠠᠳᠠᠭᠠᠳᠤ᠎ᠠᠴᠠ ᠤᠷᠤᠭᠤᠯᠬᠤ ᠬᠠᠮᠢᠶ᠎ᠠ ᠪᠦᠬᠦᠢ ᠲᠦᠷᠤ᠎ᠶ᠋ᠢᠨ ᠪᠤᠳᠤᠯᠭ᠎ᠠ᠎ᠶ᠋ᠢᠨ ᠬᠤᠪᠢᠷᠠᠯᠳᠠ᠎ᠳᠤ ᠵᠤᠬᠢᠴᠠᠭᠤᠯᠤᠭ᠍ᠰᠠᠨ ᠪᠠᠢᠨ᠎ᠠ᠃ 《ᠰᠠᠭᠠᠳ ᠦᠭᠡᠢ ᠨᠡᠪᠲᠡᠷᠡᠬᠦ᠌ ᠵᠠᠮ》 ᠤᠨ ᠪᠠᠢᠭᠤᠯᠤᠯᠳᠠ᠎ᠶ᠋ᠢᠨ ᠲᠠᠯ᠎ᠠ ᠲᠡᠭᠡᠷ᠎ᠡ ᠭᠠᠷ ᠭᠦᠢᠴᠡᠳᠭᠡᠯ ᠬᠢᠬᠦ᠂ ᠡᠳ᠋ ᠪᠠᠷᠠᠭᠠᠨ᠎ᠤ ᠪᠦᠷᠢᠳᠭᠡᠯ᠎ᠤᠨ ᠬᠠᠭᠤᠳᠠᠰᠤ᠎ᠶ᠋ᠢ ᠲᠦᠷᠭᠡᠨ ᠱᠢᠭᠤᠷᠬᠠᠢ ᠬᠢᠨᠠᠬᠤ᠂ ᠪᠠᠢᠴᠠᠭᠠᠬᠤ᠂ ᠠᠵᠤ ᠠᠬᠤᠢ᠍ᠢᠯᠠᠯ᠎ᠤᠨ ᠲᠤᠱᠢᠶᠠᠭ᠍ᠰᠠᠨ ᠲᠠᠨᠢᠯᠴᠠᠭᠤᠯᠭ᠎ᠠ᠎ᠶ᠋ᠢ ᠲᠦᠭᠦᠮ ᠠᠪᠰᠠᠷ ᠪᠤᠯᠭᠠᠬᠤ ᠵᠡᠷᠭᠡ᠎ᠪᠠᠷ ᠪᠤᠭᠤᠮᠳᠠ ᠦᠡᠭ᠌ᠭᠡᠷᠡᠬᠦ᠌ ᠭᠤᠭ᠍ᠴᠤᠭ᠎ᠠ᠎ᠶ᠋ᠢ ᠲᠦᠭᠦᠮ ᠲᠦᠳᠡ ᠪᠦᠭᠡᠳ ᠦᠷ᠎ᠡ ᠪᠦᠲᠦᠮᠵᠢᠳᠡᠢ ᠪᠤᠯᠭᠠᠵᠤ᠂ ᠱᠢᠨ᠎ᠡ ᠰᠤᠷᠭᠤᠭ ᠵᠢᠮᠢᠰ ᠨᠤᠭᠤᠭ᠎ᠠ᠎ᠶ᠋ᠢᠨ ᠬᠠᠨᠭ᠌ᠭᠠᠯᠭ᠎ᠠ᠎ᠶ᠋ᠢ ᠦᠷᠭᠡᠤᠡᠭᠡᠪᠠ᠃
ᠡᠷᠢᠶᠡᠨ ᠬᠢᠯᠢ᠎ᠶ᠋ᠢᠨ ᠪᠤᠭᠤᠮᠳᠠ᠎ᠶ᠋ᠢᠨ ᠵᠠᠰᠠᠮᠠᠯ ᠵᠠᠮ᠎ᠤᠨ ᠬᠢᠨᠠᠨ ᠬᠠᠮᠢᠶᠠᠷᠤᠯᠳᠠ᠎ᠶ᠋ᠢᠨ ᠨᠢᠭᠡᠳᠤᠭᠡᠷ ᠰᠠᠯᠠᠭᠠᠨ᠎ᠤ ᠠᠵᠢᠯᠳᠠᠨ ᠸᠠᠩ ᠪᠢᠨ᠄ 《〈ᠬᠢᠨᠠᠬᠤ ᠪᠠᠢᠴᠠᠭᠠᠬᠤ ᠪᠤᠭᠤᠮᠳᠠ ᠦᠡᠭ᠌ᠭᠡᠷᠡᠬᠦᠯᠬᠦ᠌ᠶ᠋ᠢ ᠱᠢᠯᠤᠭᠤᠤᠡᠬᠠᠬᠤ〉 ᠬᠡᠪ ᠵᠠᠭ᠍ᠪᠤᠷ᠎ᠢ ᠬᠡᠷᠡᠭ᠌ᠵᠢᠭᠦᠯᠦᠭ᠌ᠰᠡᠨ᠎ᠠᠴᠠ ᠵᠢᠮᠢᠰ ᠢᠳᠡᠱᠢᠨ ᠨᠤᠭᠤᠭ᠎ᠠ᠎ᠶ᠋ᠢᠨ ᠪᠤᠭᠤᠮᠳᠠ ᠦᠡᠭ᠌ᠭᠡᠷᠡᠭᠦ᠌ ᠬᠤᠷᠳᠤᠴᠠ᠎ᠶ᠋ᠢ ᠶᠡᠭᠡ᠎ᠪᠠᠷ ᠲᠦᠷᠬᠡᠳᠭᠡᠭ᠌ᠰᠡᠨ》 ᠬᠡᠵᠥ᠍ ᠪᠠᠢᠯ᠎ᠠ᠃