ᠨᠢᠬᠡ ᠤᠳᠠᠭ᠎ᠠ᠎ᠶ᠋ᠢᠨ ᠤᠳᠭ᠎ᠠ ᠠᠭᠤᠯᠭ᠎ᠠ᠎ᠲᠠᠢ ᠠᠶᠠᠯᠠᠯ
2020-11-30 16:13:49
ᠵᠣᠬᠢᠶᠠᠭ᠍ᠴᠢ᠄
ᠲᠠᠯᠠᠨᠪᠠᠶᠠᠷ
ᠣᠩᠱᠢᠭ᠍ᠰᠠᠨ ᠣᠳᠠᠭ᠎ᠠ᠄
★★★☆☆

11 ᠰᠠᠷ᠎ᠠ᠎ᠶ᠋ᠢᠨ 13 ᠎ᠤ ᠡᠲᠤᠷ᠂ ᠬᠦᠪᠡᠬᠡᠳᠤ ᠱᠢᠷ᠎ᠠ ᠬᠤᠱᠢᠭᠤᠠ᠎ᠤ 《ᠲᠤᠯᠭ᠎ᠠ》 ᠬᠠᠢᠷ᠎ᠠ ᠬᠠᠯᠠᠮᠵᠢ᠎ᠶ᠋ᠢᠨ ᠬᠤᠯᠪᠤᠭᠠᠨ᠎ᠤ ᠨᠡᠮ᠎ᠤᠨ ᠡᠬᠦᠷ᠎ᠤᠨ ᠵᠤᠬᠢᠶᠠᠨ ᠪᠠᠢᠭᠤᠯᠤᠭ᠍ᠰᠠᠨ ᠨᠡᠮ᠎ᠤᠨ ᠭᠡᠱᠢᠭᠦᠳ᠎ᠤᠨ ᠲᠤᠭᠤᠷᠢᠨ ᠰᠤᠷᠤᠯᠴᠠᠬᠤ ᠠᠵᠢᠯᠯᠠᠭ᠎ᠠ᠎ᠶ᠋ᠢ ᠰᠤᠷᠪᠤᠯᠵᠢᠯᠡᠨ ᠮᠡᠲᠡᠭᠡᠯᠡᠬᠦ᠌ ᠡᠬᠦᠷᠭᠡ᠎ᠪᠠᠷ ᠲᠤᠰ ᠬᠤᠯᠪᠤᠭᠠᠨ᠎ᠤ 13 ᠨᠠᠮ᠎ᠤᠨ ᠭᠡᠱᠢᠬᠦᠨ᠎ᠲᠠᠢ ᠬᠠᠮᠲᠤ ᠤᠯᠠᠭᠠᠨᠴᠠᠪ ᠬᠤᠲᠠ᠎ᠶ᠋ᠢ ᠵᠤᠷᠢᠪᠡ᠃


3.png


ᠦᠨᠡᠨ᠎ᠳᠡᠭᠡᠨ ᠤᠯᠠᠭᠠᠨᠴᠠᠪ ᠬᠤᠲᠠ᠎ᠶ᠋ᠢᠨ ᠲᠦᠪ ᠵᠢᠨᠢᠩ ᠲᠤᠭᠤᠷᠢᠭ ᠱᠢᠨᠡᠪᠤᠯᠠᠭ ᠪᠠᠯᠭᠠᠰᠤ᠎ᠠᠴᠠ 200 ᠺᠢᠯᠤᠮᠧᠳ᠋ᠷ᠎ᠤᠨ ᠵᠠᠢ᠎ᠲᠠᠢ ᠪᠤᠯᠬᠤᠷ ᠶᠠᠪᠤᠵᠤ ᠶᠠᠲᠠᠮᠠᠷ ᠵᠠᠮ ᠪᠢᠰᠢ᠃ ᠭᠡᠲᠡᠯ᠎ᠡ ᠵᠠᠮ ᠵᠠᠰᠠᠵᠤ ᠪᠠᠢᠭ᠍ᠰᠠᠨ᠎ᠢᠶᠠᠷ ᠠᠶᠠᠯᠠᠬᠤ᠎ᠳᠤ ᠶᠡᠭᠡ ᠲᠦᠪᠡᠭ᠎ᠲᠠᠢ ᠪᠠᠢᠵᠤ᠂ ᠦᠤᠷ᠎ᠤᠨ ᠭᠡᠭᠡ᠎ᠪᠠᠷ ᠮᠤᠷᠲᠠᠭ᠍ᠰᠠᠨ ᠪᠢᠳᠡ ᠦᠳᠡ᠎ᠶ᠋ᠢᠨ ᠡᠮᠥᠨᠡᠬᠢ 10 ᠴᠠᠭ ᠬᠠᠭᠠᠰ᠎ᠤᠨ ᠦᠶ᠎ᠡ᠎ᠪᠠᠷ ᠲᠦᠩᠭᠡᠵᠢ ᠲᠤᠭᠤᠷᠢᠨ ᠰᠤᠷᠤᠯᠴᠠᠬᠤ ᠠᠩᠬᠠᠠ᠎ᠤ ᠦᠷᠲᠡᠭᠡ ᠪᠤᠯᠬᠤ ᠵᠢᠨᠢᠩ ᠲᠤᠭᠤᠷᠢᠭ᠎ᠤᠨ ᠴᠢᠤᠸᠠᠨ ᠱᠠᠨ ᠵᠡᠭᠡᠯᠢ ᠭᠤᠲᠤᠮᠵᠢ᠎ᠶ᠋ᠢᠨ ᠴᠠᠬᠠᠷ ᠨᠡᠢᠭᠡᠮ ᠲᠤᠭᠤᠷᠢᠭ᠎ᠤᠨ ᠰᠠᠭᠤᠭᠠᠯᠢ ᠠᠷᠠᠳ᠎ᠤᠨ ᠵᠦᠪᠯᠡᠯ᠎ᠳᠤ ᠬᠦᠷᠴᠤ᠌ ᠪᠢᠯᠡ᠃ ᠲᠤᠰ ᠵᠦᠪᠯᠡᠯ 11 ᠠᠵᠢᠯᠲᠠᠨ᠎ᠲᠠᠢ᠂ 《ᠠᠷᠠᠳ᠎ᠲᠤ ᠲᠦᠬᠦᠮ ᠦᠵᠡᠬᠦᠯᠬᠦ᠌ ᠤᠢᠯᠡᠴᠢᠯᠡᠭᠡᠠ᠎ᠤ ᠲᠢᠩᠬᠢ᠊》᠂ 《ᠱᠢᠨ᠎ᠡ ᠴᠠᠭ ᠦᠶ᠎ᠡ᠎ᠶ᠋ᠢᠨ ᠪᠤᠯᠪᠠᠰᠤᠨ᠎ᠢ ᠤᠢᠯᠡᠲᠤᠯᠭᠡᠵᠢᠬᠦᠯᠬᠦ᠌ ᠦᠷᠲᠡᠭᠡ》᠂ 《ᠴᠡᠷᠢᠭ᠎ᠠᠴᠠ ᠬᠠᠯᠠᠭ᠍ᠲᠠᠭ᠍ᠰᠠᠳ᠎ᠲᠤ ᠤᠢᠯᠡᠴᠢᠯᠡᠬᠦ᠌ ᠦᠷᠲᠡᠭᠡ》᠂ 《ᠨᠡᠮ᠎ᠤᠨ ᠭᠡᠱᠢᠬᠦᠨ᠎ᠤ ᠠᠵᠢᠯᠯᠠᠭ᠎ᠠ᠎ᠶ᠋ᠢᠨ ᠲᠠᠰᠤᠭ》᠂ 《ᠰᠤᠶᠤᠯ ᠲᠠᠮᠢᠷ᠎ᠤᠨ ᠠᠵᠢᠯᠯᠠᠭ᠎ᠠ᠎ᠶ᠋ᠢᠨ ᠲᠦᠪ》᠂ 《ᠠᠷᠠᠳ᠎ᠤᠨ ᠰᠠᠨᠠᠭ᠎ᠠ᠎ᠶ᠋ᠢ ᠤᠢᠯᠠᠭᠠᠬᠤ ᠵᠤᠭᠤᠭ᠎ᠤᠨ ᠦᠷᠬᠦᠭᠡ》 ᠵᠡᠷᠭᠡ 20 ᠭᠠᠷᠤᠢ ᠲᠤᠰᠠᠭᠠᠷ ᠤᠨᠴᠠᠯᠢᠭ᠍ᠲᠤ ᠠᠵᠢᠯᠯᠠᠭ᠎ᠠ᠎ᠶ᠋ᠢᠨ ᠭᠠᠵᠠᠷ᠎ᠲᠠᠢ᠂ ᠲᠤᠰ ᠲᠤᠰ᠎ᠤᠨ ᠬᠡᠪ ᠨᠠᠮᠪᠠ᠎ᠲᠠᠢ᠃ ᠦᠨᠲᠤᠰᠤᠨ ᠱᠠᠲᠤᠨ᠎ᠤ ᠨᠡᠢᠭᠡᠮ᠎ᠤᠨ ᠵᠤᠬᠢᠶᠠᠨ ᠪᠠᠢᠭᠤᠯᠤᠯᠲᠠ ᠪᠤᠯᠬᠤ 《ᠲᠤᠯᠭ᠎ᠠ》 ᠬᠠᠢᠷ᠎ᠠ ᠬᠠᠯᠠᠮᠵᠢ᠎ᠶ᠋ᠢᠨ ᠬᠤᠯᠪᠤᠭᠠᠨ᠎ᠤ ᠨᠠᠮ᠎ᠤᠨ ᠭᠡᠱᠢᠬᠦᠳ᠎ᠲᠤ ᠠᠪᠴᠤ᠌ ᠬᠡᠯᠡᠪᠠᠯ ᠰᠤᠷᠤᠯᠴᠠᠵᠤ ᠮᠡᠲᠡᠬᠦᠱᠢᠲᠠᠢ ᠵᠦᠢᠯ ᠤᠯᠠᠨ ᠪᠠᠢᠯ᠎ᠠ᠃

《ᠵᠢᠨᠢᠩ᠎ᠤᠨ ᠲᠠᠢᠯᠠᠯᠲᠤᠭᠠᠨ᠎ᠤ ᠲᠤᠷᠠᠰᠭᠠᠯ᠎ᠤᠨ ᠮᠦᠽᠸᠢ》 ᠪᠤᠯ ᠲᠤᠭᠤᠷᠢᠨ ᠰᠤᠷᠤᠯᠴᠠᠬᠤ ᠠᠵᠢᠯᠯᠠᠭ᠎ᠠ᠎ᠶ᠋ᠢᠨ ᠭᠤᠤᠯᠲᠠᠯᠭ᠎ᠠ᠎ᠲᠠᠢ ᠴᠡᠭ ᠪᠤᠯᠤᠨ᠎ᠠ᠃ ᠦᠲᠡ᠎ᠶ᠋ᠢᠨ ᠬᠤᠢᠨᠡᠬᠢ 2᠄ 30 ᠎ᠠᠴᠠ 《ᠨᠠᠮ᠎ᠤᠨ ᠲᠤᠭ》 ᠎ᠲᠠᠭᠠᠨ ᠲᠠᠩᠭᠠᠷᠢᠭ ᠡᠷᠬᠦᠵᠤ᠂ 《ᠮᠠᠯᠴᠢᠨ ᠲᠦᠮᠡᠨ ᠨᠡᠮ᠎ᠢᠶᠠᠨ ᠮᠠᠭ᠍ᠲᠠᠨ ᠲᠠᠭᠤᠯᠠᠨ᠎ᠠ》 ᠬᠡᠭᠦ᠌ ᠠᠶ᠎ᠠ ᠲᠠᠭᠤᠤ᠎ᠪᠠᠨ ᠲᠠᠪᠱᠢᠬᠦᠯᠵᠤ ᠲᠤᠭᠤᠷᠢᠨ ᠦᠵᠡᠬᠦ᠌ ᠠᠵᠢᠯᠯᠠᠭ᠎ᠠ᠎ᠪᠠᠨ ᠡᠬᠢᠯᠡᠬᠦᠯᠪᠡ᠃ 《ᠲᠤᠯᠭ᠎ᠠ》 ᠎ᠶ᠋ᠢᠨ ᠭᠡᠱᠢᠬᠦᠳ ᠴᠡᠷᠢᠭ ᠬᠤᠪᠴᠠᠰᠤ᠎ᠲᠠᠢ ᠲᠤᠰᠭᠠᠢ ᠲᠠᠢᠯᠪᠤᠷᠢᠯᠠᠭ᠍ᠴᠢ᠎ᠶ᠋ᠢᠨ ᠲᠠᠭᠠᠭᠤᠯᠭ᠎ᠠ᠎ᠪᠠᠷ᠂ ᠡᠬᠡ ᠤᠷᠤᠨ᠎ᠤ ᠴᠢᠯᠤᠭᠡᠯᠡᠯᠲᠠ᠎ᠶ᠋ᠢᠨ ᠠᠤᠭ᠎ᠠ ᠤᠢᠯᠡᠰ᠎ᠲᠤ ᠠᠯᠲᠠᠨ ᠠᠮᠢ᠎ᠪᠠᠨ ᠵᠤᠷᠢᠭᠤᠯᠦᠬ᠍ᠰᠠᠠ ᠦᠷᠯᠤᠭ᠌ ᠪᠠᠭᠠᠲᠤᠷᠴᠤᠳ᠎ᠤᠨ᠎ᠢᠶᠠᠨ ᠡᠷᠡᠯᠭᠡᠭ ᠪᠠᠭᠠᠳᠤᠷᠯᠢᠭ ᠦᠢᠯᠡ ᠠᠵᠢᠯᠯᠠᠭ᠎ᠠ᠎ᠶ᠋ᠢ ᠲᠤᠭᠤᠷᠢᠨ ᠦᠵᠡᠵᠥ᠍ ᠬᠢᠴᠢᠶᠡᠩᠬᠦ᠋ᠢᠯᠡᠨ ᠰᠤᠨᠤᠰᠭᠤ᠎ᠳᠠᠭᠠᠨ ᠬᠦᠮᠤᠨ ᠨᠢᠭᠡᠪᠤᠷᠢ ᠬᠤᠪᠢᠰᠭᠠᠯᠳᠤ ᠬᠦᠮᠥᠵᠢᠯ᠎ᠤᠨ ᠱᠢᠮ᠎ᠡ ᠲᠡᠵᠢᠬᠡᠯ ᠂ ᠤᠶᠤᠨ ᠰᠠᠨᠠᠭᠠᠨ᠎ᠤ ᠠᠷᠢᠭᠤᠰᠭᠠᠯ ᠬᠥᠷᠲᠡᠵᠥ᠍ ᠪᠢᠯᠡ᠃

 

 

 

 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号